ᠯᠦᠺ ᠠᠷᠪᠠᠨ ᠭᠤᠷᠪᠠ
ᠭᠡᠮᠰᠢᠬᠦ ᠦᠭᠡᠢ ᠶᠤᠮ ᠪᠣᠯ
1 ᠶᠠᠭ ᠲᠡᠷᠡ ᠦᠶ᠎ᠡ ᠳᠦ᠂ ᠬᠡᠳᠦᠨ ᠬᠥᠮᠦᠨ ᠢᠷᠡᠭᠡᠳ ᠫᠢᠯᠠᠲ ᠭᠠᠯᠢᠯᠠᠴᠤᠳ ᠤᠨ ᠴᠢᠰᠤ ᠶᠢ ᠲᠡᠳᠡᠨ ᠦ ᠲᠠᠬᠢᠯ ᠲᠠᠢ ᠬᠣᠯᠢᠭᠰᠠᠨ ᠲᠤᠬᠠᠢ ᠢᠰᠦ᠋ᠰ ᠲᠤ ᠳᠤᠭᠤᠯᠭᠠᠭᠰᠠᠨ ᠳᠤ᠂ 2 ᠢᠰᠦ᠋ᠰ ᠬᠠᠷᠢᠭᠤ ᠳᠤᠨᠢ᠄ 《ᠡᠨᠡ ᠭᠠᠯᠢᠯᠠᠴᠤᠳ ᠪᠤᠰᠤᠳ ᠪᠦᠬᠦ ᠭᠠᠯᠢᠯᠠᠴᠤᠳ ᠠᠴᠠ ᠢᠯᠡᠭᠦᠦ ᠨᠢᠭᠦᠯ ᠲᠡᠢ ᠪᠣᠯᠬᠣᠷ ᠢᠩᠭᠢᠵᠦ ᠵᠣᠪᠠᠭᠰᠠᠨ ᠭᠡᠵᠦ ᠲᠠ ᠨᠠᠷ ᠪᠣᠳᠣᠵᠤ ᠪᠠᠢᠨ᠎ᠠ ᠤᠤ︖ 3 ᠲᠠ ᠨᠠᠷ ᠲᠤ ᠬᠡᠯᠡᠶ᠎ᠡ᠂ ᠲᠡᠢᠮᠦ ᠪᠢᠰᠢ᠃ ᠲᠠ ᠨᠠᠷ ᠭᠡᠮᠰᠢᠬᠦ ᠦᠭᠡᠢ ᠪᠣᠯ ᠪᠦᠭᠦᠳᠡᠭᠡᠷ ᠢᠶᠡᠨ ᠪᠠᠰᠠ ᠲᠡᠭᠡᠵᠦ ᠰᠥᠨᠥᠬᠦ ᠪᠣᠯᠣᠨ᠎ᠠ᠃ 4 ᠰᠢᠯᠣᠶᠠᠮ ᠤᠨ ᠴᠠᠮᠬᠠᠭ ᠨᠤᠷᠠᠬᠤ ᠳᠤ ᠦᠬᠦᠭᠰᠡᠨ ᠠᠷᠪᠠᠨ ᠨᠠᠢ᠌ᠮᠠᠨ ᠬᠥᠮᠦᠨ ᠨᠢ ᠪᠤᠰᠤᠳ ᠪᠦᠬᠦ ᠶᠧᠷᠦ᠋ᠰᠠᠯᠧᠮᠴᠤᠳ ᠠᠴᠠ ᠢᠯᠡᠭᠦᠦ ᠭᠡᠮ ᠲᠡᠢ ᠪᠠᠢᠭᠰᠠᠨ ᠭᠡᠵᠦ ᠪᠣᠳᠣᠵᠤ ᠪᠠᠢᠨ᠎ᠠ ᠤᠤ︖ 5 ᠲᠠ ᠨᠠᠷ ᠲᠤ ᠬᠡᠯᠡᠶ᠎ᠡ᠂ ᠲᠡᠢᠮᠦ ᠪᠢᠰᠢ᠃ ᠲᠠ ᠨᠠᠷ ᠭᠡᠮᠰᠢᠬᠦ ᠦᠭᠡᠢ ᠪᠣᠯ ᠪᠦᠭᠦᠳᠡᠭᠡᠷ ᠢᠶᠡᠨ ᠪᠠᠰᠠ ᠲᠡᠭᠡᠵᠦ ᠰᠥᠨᠥᠬᠦ ᠪᠣᠯᠣᠨ᠎ᠠ》 ᠭᠡᠪᠡ᠃
6 ᠲᠡᠭᠡᠭᠡᠳ ᠢᠰᠦ᠋ᠰ ᠦᠯᠢᠭᠡᠷᠯᠡᠯ ᠢᠶᠡᠷ᠄ 《ᠨᠢᠭᠡᠨ ᠬᠥᠮᠦᠨ ᠳᠦ ᠦᠵᠦᠮ ᠦᠨ ᠬᠦᠷᠢᠶᠡᠯᠡᠩ ᠳᠡᠭᠡᠨ ᠰᠠᠭᠤᠯᠭᠠᠭᠰᠠᠨ ᠢᠨᠵᠢᠷ ᠤᠨ ᠮᠣᠳᠣ ᠲᠠᠢ ᠪᠠᠢᠵᠠᠢ᠃ ᠲᠡᠷᠡ ᠵᠢᠮᠢᠰ ᠣᠯᠣᠶ᠎ᠠ ᠭᠡᠵᠦ ᠢᠷᠡᠭᠰᠡᠨ ᠪᠣᠯᠪᠠᠴᠤ ᠣᠯᠣᠭᠰᠠᠨ ᠦᠭᠡᠢ᠃ 7 ᠲᠡᠷᠡ ᠬᠥᠮᠦᠨ ᠦᠵᠦᠮᠴᠢᠨ ᠳᠡᠭᠡᠨ᠄ 〈ᠦᠵᠡ ᠳᠠ᠂ ᠪᠢ ᠡᠨᠡ ᠮᠣᠳᠣᠨ ᠠᠴᠠ ᠵᠢᠮᠢᠰ ᠣᠯᠣᠶ᠎ᠠ ᠭᠡᠵᠦ ᠭᠤᠷᠪᠠᠨ ᠵᠢᠯ ᠳᠠᠷᠠᠭᠠᠯᠠᠨ ᠡᠷᠢᠭᠰᠡᠨ ᠪᠣᠯᠪᠠᠴᠤ ᠣᠯᠣᠭᠰᠠᠨ ᠦᠭᠡᠢ᠃ ᠡᠭᠦᠨ ᠢ ᠴᠠᠪᠴᠢᠵᠤ ᠬᠠᠶᠠ᠂ ᠭᠠᠵᠠᠷ ᠡᠵᠡᠯᠡᠭᠦᠯᠦᠭᠡᠳ ᠶᠠᠭᠤ ᠬᠢᠬᠦ ᠪᠤᠢ︖〉 ᠭᠡᠬᠦ ᠳᠦ᠂ 8 ᠦᠵᠦᠮᠴᠢᠨ᠄ 〈ᠡᠵᠡᠨ ᠡ᠂ ᠥᠨᠥ ᠵᠢᠯ ᠪᠠᠰᠠ ᠪᠠᠢᠯᠭᠠᠵᠤ ᠦᠵᠡᠶ᠎ᠡ᠃ ᠪᠢ ᠬᠥᠷᠥᠰᠥ ᠶᠢ ᠨᠢ ᠵᠥᠭᠡᠯᠡᠷᠡᠭᠦᠯᠵᠦ ᠪᠠᠢᠭᠠᠳ ᠪᠣᠯᠳᠣᠭᠤᠷ ᠣᠷᠣᠭᠤᠯᠤᠶ᠎ᠠ᠂ 9 ᠢᠷᠡᠬᠦ ᠵᠢᠯ ᠵᠢᠮᠢᠰ ᠰᠠᠭᠤᠪᠠᠯ ᠰᠠᠢᠨ᠂ ᠦᠭᠡᠢ ᠪᠣᠯ ᠴᠠᠪᠴᠢᠵᠤ ᠬᠠᠶᠠ〉 ᠭᠡᠪᠡ》 ᠭᠡᠵᠡᠢ᠃
ᠠᠮᠠᠷᠠᠯ ᠤᠨ ᠡᠳᠦᠷ ᠬᠦᠯᠢᠶᠡᠰᠦᠨ ᠡᠴᠡ ᠴᠢᠯᠥᠭᠡᠯᠡᠭᠰᠡᠨ ᠨᠢ
10 ᠠᠮᠠᠷᠠᠯ ᠤᠨ ᠡᠳᠦᠷ ᠢᠰᠦ᠋ᠰ ᠨᠢᠭᠡᠨ ᠬᠤᠷᠠᠯ ᠤᠨ ᠲᠠᠩᠬᠢᠮ ᠳᠤ ᠰᠤᠷᠭᠠᠵᠤ ᠪᠠᠢᠯ᠎ᠠ᠃ 11 ᠠᠩ᠋ᠬᠠᠷᠤᠭᠲᠤᠨ᠂ ᠲᠡᠨᠳᠡ ᠠᠷᠪᠠᠨ ᠨᠠᠢ᠌ᠮᠠᠨ ᠵᠢᠯ ᠤᠨ ᠲᠤᠷᠰᠢ ᠡᠪᠡᠳᠴᠢᠨ ᠤ ᠴᠢᠳᠬᠥᠷ ᠲᠦ ᠡᠵᠡᠯᠡᠭᠳᠡᠵᠦ᠂ ᠨᠢᠷᠤᠭᠤ ᠨᠢ ᠪᠥᠭᠲᠥᠢᠭᠡᠳ ᠶᠡᠷᠦ ᠴᠢᠬᠡ ᠵᠣᠭᠰᠣᠵᠤ ᠴᠢᠳᠠᠬᠤ ᠦᠭᠡᠢ ᠪᠣᠯᠣᠭᠰᠠᠨ ᠨᠢᠭᠡᠨ ᠡᠮᠡᠭᠲᠡᠢ ᠪᠠᠢᠵᠠᠢ᠃ 12 ᠢᠰᠦ᠋ᠰ ᠲᠡᠭᠦᠨ ᠢ ᠦᠵᠡᠭᠡᠳ ᠳᠠᠭᠤᠳᠠᠨ ᠣᠢᠷᠠᠲᠤᠭᠤᠯᠵᠤ᠄ 《ᠪᠦᠰᠡᠭᠦᠢ᠂ ᠲᠠ ᠡᠪᠡᠳᠴᠢᠨ ᠡᠴᠡ ᠪᠡᠨ ᠲᠠᠯᠪᠢᠭᠲᠠᠯᠠ》 ᠭᠡᠳ 13 ᠮᠤᠲᠤᠷ ᠢᠶᠠᠨ ᠲᠡᠭᠦᠨ ᠳᠡᠭᠡᠷ᠎ᠡ ᠲᠠᠯᠪᠢᠮᠠᠭᠴᠠ ᠨᠢᠷᠤᠭᠤ ᠨᠢ ᠠᠰᠬᠠᠨ ᠪᠣᠯᠵᠤ ᠲᠡᠷᠡ ᠪᠡᠷ ᠪᠤᠷᠬᠠᠨ ᠢ ᠠᠯᠳᠠᠷᠰᠢᠭᠤᠯᠤᠯᠠ᠃ 14 ᠬᠠᠷᠢᠨ ᠬᠤᠷᠠᠯ ᠤᠨ ᠲᠠᠩᠬᠢᠮ ᠤᠨ ᠠᠬᠠᠯᠠᠭᠴᠢ ᠠᠮᠠᠷᠠᠯ ᠤᠨ ᠡᠳᠦᠷ ᠢᠶᠡᠷ ᠢᠰᠦ᠋ᠰ ᠤᠨ ᠡᠪᠡᠳᠴᠢᠨ ᠡᠳᠡᠭᠡᠭᠡᠭᠰᠡᠨ ᠳᠦ ᠠᠭᠤᠷᠯᠠᠨ᠂ ᠣᠯᠠᠨ ᠳᠤ᠄ 《ᠠᠵᠢᠯᠯᠠᠬᠤ ᠶᠣᠰᠣᠲᠠᠢ ᠵᠢᠷᠭᠤᠭᠠᠨ ᠡᠳᠦᠷ ᠪᠤᠢ᠃ ᠲᠠ ᠨᠠᠷ ᠡᠳᠡᠭᠡᠭᠡᠯᠭᠡᠶᠡ ᠭᠡᠪᠡᠯ ᠲᠡᠷᠡ ᠦᠶ᠎ᠡ ᠳᠦ ᠢᠷᠡᠵᠡᠭᠡ᠃ ᠠᠮᠠᠷᠠᠯ ᠤᠨ ᠡᠳᠦᠷ ᠪᠢᠲᠡᠭᠡᠢ ᠢᠩᠭᠢ》 ᠭᠡᠰᠡᠨ ᠳᠦ᠂ 15 ᠡᠵᠡᠨ ᠬᠠᠷᠢᠭᠤ ᠳᠤᠨᠢ᠄ 《ᠬᠣᠶᠠᠷ ᠨᠢᠭᠤᠷᠲᠤ ᠬᠥᠮᠦᠰ ᠡ᠂ ᠲᠠ ᠪᠦᠬᠦᠨ ᠠᠮᠠᠷᠠᠯ ᠤᠨ ᠡᠳᠦᠷ ᠦᠬᠡᠷ᠂ ᠡᠯᠵᠢᠭᠡ ᠪᠡᠨ ᠤᠶᠠᠭᠠᠨ ᠠᠴᠠ ᠨᠢ ᠲᠠᠯᠪᠢᠭᠠᠳ ᠬᠠᠰᠢᠶᠠᠨ ᠠᠴᠠ ᠨᠢ ᠭᠠᠷᠭᠠᠵᠤ ᠤᠰᠤᠯᠠᠳᠠᠭ ᠪᠢᠰᠢ ᠤᠤ︖ 16 ᠬᠠᠷᠢᠨ ᠠᠪᠷᠠᠬᠠᠮ ᠤᠨ ᠥᠬᠢᠨ ᠪᠠᠢᠵᠤ ᠰᠠᠲ᠋ᠠᠨ ᠳᠤ ᠠᠷᠪᠠᠨ ᠨᠠᠢ᠌ᠮᠠᠨ ᠵᠢᠯ ᠤᠨ ᠲᠤᠷᠰᠢ ᠬᠦᠯᠢᠭᠳᠡᠵᠦ ᠪᠠᠢᠭᠰᠠᠨ ᠡᠨᠡ ᠪᠦᠰᠡᠭᠦᠢ ᠶᠢ ᠠᠮᠠᠷᠠᠯ ᠤᠨ ᠡᠳᠦᠷ ᠬᠦᠯᠢᠶᠡᠰᠦᠨ ᠡᠴᠡ ᠨᠢ ᠲᠠᠯᠪᠢᠬᠤ ᠨᠢ ᠵᠦᠢᠲᠡᠢ ᠪᠢᠰᠢ ᠭᠡᠵᠢ ᠤᠤ︖》 ᠭᠡᠯᠡ᠃ 17 ᠢᠰᠦ᠋ᠰ ᠢᠩᠭᠢᠵᠦ ᠬᠡᠯᠡᠭᠰᠡᠨ ᠳᠦ᠂ ᠡᠰᠡᠷᠭᠦᠴᠡᠭᠴᠢᠳ ᠨᠢ ᠪᠦᠭᠦᠳᠡᠭᠡᠷ ᠢᠶᠡᠨ ᠢᠴᠢᠩᠭᠦᠷᠡᠵᠦ᠂ ᠠᠷᠠᠳ ᠣᠯᠠᠨ ᠪᠦᠭᠦᠳᠡᠭᠡᠷ ᠢᠶᠡᠨ ᠲᠡᠭᠦᠨ ᠦ ᠦᠢᠯᠡᠳᠦᠭᠰᠡᠨ ᠪᠦᠬᠦ ᠠᠯᠳᠠᠷ ᠰᠤᠤ ᠲᠠᠢ ᠵᠦᠢᠯ ᠳᠤ ᠪᠠᠶᠠᠷᠯᠠᠪᠠ᠃
ᠭᠠᠢᠮᠤ ᠶᠢᠨ ᠦᠷ᠎ᠡ ᠪᠠ ᠢᠰᠭᠡᠭᠦᠷ
18 ᠢᠰᠦ᠋ᠰ᠄ 《ᠪᠤᠷᠬᠠᠨ ᠤ ᠬᠠᠭᠠᠨᠴᠢᠯᠠᠯ ᠶᠠᠭᠤ ᠲᠠᠢ ᠠᠳᠠᠯᠢ ᠪᠤᠢ︖ ᠪᠢ ᠲᠡᠭᠦᠨ ᠢ ᠶᠠᠭᠤ ᠲᠠᠢ ᠦᠯᠢᠭᠡᠷᠯᠡᠬᠦ ᠪᠤᠢ︖ 19 ᠲᠡᠷᠡ ᠨᠢ ᠭᠠᠢᠮᠤ ᠶᠢᠨ ᠦᠷ᠎ᠡ ᠲᠠᠢ ᠠᠳᠠᠯᠢ᠂ ᠬᠥᠮᠦᠨ ᠲᠡᠭᠦᠨ ᠢ ᠠᠪᠴᠤ ᠴᠡᠴᠡᠷᠯᠢᠭ ᠲᠡᠭᠡᠨ ᠲᠠᠷᠢᠭᠰᠠᠨ ᠳᠤ᠂ ᠲᠡᠷᠡ ᠤᠷᠭᠤᠭᠠᠳ ᠮᠣᠳᠣ ᠪᠣᠯᠣᠭᠰᠠᠨ ᠪᠥᠭᠡᠳ ᠣᠭᠲᠠᠷᠭᠤᠢ ᠶᠢᠨ ᠰᠢᠪᠠᠭᠤᠳ ᠰᠠᠯᠠᠭᠠᠨ ᠳᠤᠨᠢ ᠡᠭᠦᠷᠯᠡᠭᠰᠡᠨ ᠶᠤᠮ》 ᠭᠡᠪᠡ᠃
20 ᠢᠰᠦ᠋ᠰ ᠪᠠᠰᠠ᠄ 《ᠪᠢ ᠪᠤᠷᠬᠠᠨ ᠤ ᠬᠠᠭᠠᠨᠴᠢᠯᠠᠯ ᠢ ᠶᠠᠭᠤ ᠲᠠᠢ ᠦᠯᠢᠭᠡᠷᠯᠡᠬᠦ ᠪᠤᠢ︖ 21 ᠲᠡᠷᠡ ᠨᠢ ᠢᠰᠭᠡᠭᠦᠷ ᠲᠡᠢ ᠠᠳᠠᠯᠢ᠂ ᠪᠦᠰᠡᠭᠦᠢ ᠲᠡᠭᠦᠨ ᠢ ᠠᠪᠴᠤ ᠭᠤᠷᠪᠠᠨ ᠰᠠᠭᠤᠯᠠᠭ᠎ᠠ 17 ᠭᠤᠯᠢᠷ ᠲᠤ ᠬᠣᠯᠢᠭᠰᠠᠨ ᠳᠤ ᠴᠥᠮ ᠢᠶᠡᠷ ᠢᠶᠠᠨ ᠢᠰᠴᠡᠢ》 ᠭᠡᠪᠡ᠃
ᠲᠣᠰᠬᠣᠨ ᠨᠤᠭᠤᠳ ᠢᠶᠠᠷ ᠶᠠᠪᠤᠵᠤ ᠵᠢᠭᠠᠭᠰᠠᠨ ᠨᠢ
22 ᠢᠰᠦ᠋ᠰ ᠬᠣᠲᠠ ᠲᠣᠰᠬᠣᠨ ᠨᠤᠭᠤᠳ ᠢᠶᠠᠷ ᠶᠠᠪᠤᠵᠤ ᠰᠤᠷᠭᠠᠯ ᠵᠢᠭᠠᠭᠰᠠᠭᠠᠷ ᠶᠧᠷᠦ᠋ᠰᠠᠯᠧᠮ ᠢ ᠵᠦᠭᠯᠡᠨ ᠠᠶᠠᠯᠠᠪᠠ᠃ 23 ᠨᠢᠭᠡᠨ ᠬᠥᠮᠦᠨ ᠲᠡᠭᠦᠨ ᠡᠴᠡ᠄ 《ᠡᠵᠡᠨ ᠡ᠂ ᠠᠪᠤᠷᠠᠭᠳᠠᠬᠤ ᠬᠥᠮᠦᠨ ᠲᠤᠩ ᠴᠥᠭᠡᠨ ᠤᠤ︖》 ᠭᠡᠰᠡᠨ ᠳᠦ᠂ 24 ᠢᠰᠦ᠋ᠰ ᠲᠡᠳᠡᠨ ᠳᠦ᠄ 《ᠨᠠᠷᠢᠬᠠᠨ ᠡᠭᠦᠳᠡ ᠪᠡᠷ ᠣᠷᠣᠬᠤ ᠪᠠᠷ ᠴᠢᠷᠮᠠᠢ᠃ ᠪᠢ ᠲᠠ ᠨᠠᠷ ᠲᠤ ᠬᠡᠯᠡᠶ᠎ᠡ᠂ ᠣᠯᠠᠨ ᠬᠥᠮᠦᠨ ᠣᠷᠣᠬᠤ ᠪᠠᠷ ᠬᠢᠴᠢᠶᠡᠪᠡᠴᠦ ᠦᠯᠦ ᠴᠢᠳᠠᠬᠤ ᠪᠣᠯᠣᠨ᠎ᠠ᠃ 25 ᠭᠡᠷ ᠦᠨ ᠡᠵᠡᠨ ᠪᠣᠰᠴᠤ ᠡᠭᠦᠳᠡ ᠪᠡᠨ ᠬᠠᠭᠠᠴᠢᠬᠠᠪᠠᠯ᠂ ᠲᠠ ᠨᠠᠷ ᠭᠠᠳᠠᠨ᠎ᠠ ᠨᠢ ᠵᠣᠭᠰᠣᠵᠤ ᠡᠭᠦᠳᠡ ᠶᠢ ᠨᠢ ᠳᠣᠭᠰᠢᠨ᠄ 〈ᠡᠵᠡᠨ ᠡ᠂ ᠡᠭᠦᠳᠡ ᠪᠡᠨ ᠨᠡᠭᠡᠭᠡᠵᠦ ᠥᠭᠭᠥᠭᠡᠴᠢ︕〉 ᠭᠡᠬᠦ ᠳᠦ᠂ ᠲᠡᠷᠡ᠄ 〈ᠪᠢ ᠲᠠ ᠨᠠᠷ ᠤᠨ ᠬᠠᠮᠢᠭ᠎ᠠ ᠠᠴᠠ ᠢᠷᠡᠭᠰᠡᠨ ᠢ ᠮᠡᠳᠡᠬᠦ ᠦᠭᠡᠢ〉 ᠭᠡᠵᠦ ᠬᠠᠷᠢᠭᠤᠯᠤᠨ᠎ᠠ᠃ 26 ᠲᠡᠷᠡ ᠦᠶ᠎ᠡ ᠳᠦ᠂ ᠲᠠ ᠨᠠᠷ᠄ 〈ᠪᠢᠳᠡ ᠲᠠᠨ ᠲᠠᠢ ᠬᠠᠮᠲᠤ ᠢᠳᠡᠵᠦ ᠤᠤᠭᠤᠵᠤ ᠪᠠᠢᠭᠰᠠᠨ᠂ ᠲᠠ ᠮᠠᠨ ᠤ ᠭᠤᠳᠤᠮᠵᠢᠨ ᠳᠤ ᠰᠤᠷᠭᠠᠵᠤ ᠪᠠᠢᠭᠰᠠᠨ〉 ᠭᠡᠬᠦ ᠳᠦ᠂ 27 ᠲᠡᠷᠡ᠄ 〈ᠪᠢ ᠲᠠ ᠨᠠᠷ ᠤᠨ ᠬᠠᠮᠢᠭ᠎ᠠ ᠶᠢᠨ ᠬᠢ ᠶᠢ ᠮᠡᠳᠡᠬᠦ ᠦᠭᠡᠢ᠂ ᠵᠥᠪ ᠪᠤᠰᠤ ᠶᠢ ᠦᠢᠯᠡᠳᠳᠡᠭ ᠲᠠ ᠨᠠᠷ ᠪᠦᠭᠦᠳᠡᠭᠡᠷ ᠢᠶᠡᠨ ᠨᠠᠳᠠ ᠠᠴᠠ ᠵᠠᠢᠯᠠ〉 ᠭᠡᠵᠦ ᠬᠡᠯᠡᠨ᠎ᠡ᠃ 28 ᠠᠪᠷᠠᠬᠠᠮ᠂ ᠢᠰᠠᠺ᠂ ᠶᠠᠺᠣᠪ ᠪᠣᠯᠣᠨ ᠪᠦᠬᠦ ᠡᠰᠢ ᠦᠵᠡᠭᠦᠯᠦᠭᠴᠢ ᠪᠤᠷᠬᠠᠨ ᠤ ᠬᠠᠭᠠᠨᠴᠢᠯᠠᠯ ᠳᠣᠲᠣᠷ᠎ᠠ ᠪᠠᠢᠬᠤ ᠳᠤ᠂ ᠲᠠ ᠨᠠᠷ ᠭᠠᠳᠠᠭᠰᠢ ᠬᠥᠭᠡᠭᠡᠭᠳᠡᠭᠰᠡᠨ ᠢᠶᠡᠨ ᠦᠵᠡᠭᠡᠳ ᠲᠡᠨᠳᠡ ᠤᠬᠢᠯᠠᠯᠳᠤᠵᠤ ᠰᠢᠳᠦ ᠪᠡᠨ ᠬᠠᠪᠢᠷᠬᠤ ᠪᠣᠯᠣᠨ᠎ᠠ᠃ 29 ᠳᠣᠷᠣᠨ᠎ᠠ ᠥᠷᠥᠨ᠎ᠡ ᠪᠠ ᠡᠮᠦᠨ᠎ᠡ ᠤᠮᠠᠷ᠎ᠠ ᠠᠴᠠ ᠣᠯᠠᠨ ᠬᠥᠮᠦᠨ ᠢᠷᠡᠵᠦ᠂ ᠪᠤᠷᠬᠠᠨ ᠤ ᠬᠠᠭᠠᠨᠴᠢᠯᠠᠯ ᠤᠨ ᠳᠣᠲᠣᠷ᠎ᠠ ᠨᠠᠢᠷ ᠤᠨ ᠰᠢᠷᠡᠭᠡᠨ ᠳᠦ ᠰᠠᠭᠤᠬᠤ ᠪᠣᠯᠣᠨ᠎ᠠ᠃ 30 ᠠᠩ᠋ᠬᠠᠷᠤᠭᠲᠤᠨ᠂ ᠰᠡᠭᠦᠯ ᠳᠦ ᠪᠠᠢᠭ᠎ᠠ ᠵᠠᠷᠢᠮ ᠨᠢ ᠲᠦᠷᠦᠭᠦᠨ ᠳᠦ ᠣᠷᠣᠵᠤ᠂ ᠲᠦᠷᠦᠭᠦᠨ ᠳᠦ ᠪᠠᠢᠭ᠎ᠠ ᠵᠠᠷᠢᠮ ᠨᠢ ᠰᠡᠭᠦᠯ ᠳᠦ ᠣᠷᠣᠨ᠎ᠠ》 ᠭᠡᠪᠡ᠃
31 ᠲᠡᠷᠡ ᠴᠠᠭ ᠲᠤ ᠬᠡᠳᠦᠨ ᠹᠠᠷᠢᠰᠠᠢ ᠬᠥᠮᠦᠨ ᠳᠥᠭᠥᠨ ᠢᠷᠡᠵᠦ᠂ ᠢᠰᠦ᠋ᠰ ᠲᠤ᠄ 《ᠡ᠊ᠨᠳᠡ ᠡᠴᠡ ᠶᠠᠪᠤ᠂ ᠾᠧᠷᠣᠳ᠋ ᠲᠠᠨ ᠢ ᠠᠯᠠᠬᠤ ᠭᠡᠵᠦ ᠪᠠᠢᠨ᠎ᠠ》 ᠭᠡᠬᠦ ᠳᠦ᠂ 32 ᠲᠡᠷᠡ᠄ 《ᠲᠡᠷᠡ ᠦᠨᠡᠭᠡᠨ ᠳᠦ ᠣᠴᠢᠵᠤ᠄ 〈ᠠᠩ᠋ᠬᠠᠷᠤᠭᠲᠤᠨ᠂ ᠥᠨᠥᠳᠥᠷ ᠮᠠᠷᠭᠠᠰᠢ ᠪᠢ ᠴᠢᠳᠬᠥᠷ ᠬᠥᠭᠡᠭᠡᠵᠦ ᠡᠪᠡᠳᠴᠢᠲᠡᠨ ᠢ ᠡᠳᠡᠭᠡᠭᠡᠨ᠎ᠡ᠂ ᠭᠤᠷᠪᠠᠳᠤᠭᠠᠷ ᠡᠳᠦᠷ ᠪᠢ ᠠᠵᠢᠯ ᠢᠶᠠᠨ ᠳᠠᠭᠤᠰᠬᠠᠨ᠎ᠠ〉 ᠭᠡᠵᠦ ᠬᠡᠯᠡ᠂ 33 ᠶᠡᠷᠦ ᠨᠢ ᠥᠨᠥᠳᠥᠷ᠂ ᠮᠠᠷᠭᠠᠰᠢ᠂ ᠨᠥᠭᠥᠭᠡᠳᠦᠷ ᠪᠢ ᠵᠠᠪᠠᠯ ᠵᠠᠮᠨᠠᠬᠤ ᠶᠣᠰᠣᠲᠠᠢ᠂ ᠡᠰᠢ ᠦᠵᠡᠭᠦᠯᠦᠭᠴᠢ ᠶᠧᠷᠦ᠋ᠰᠠᠯᠧᠮ ᠡᠴᠡ ᠥᠭᠡᠷ᠎ᠡ ᠭᠠᠵᠠᠷ ᠲᠤ ᠦᠬᠦᠵᠦ ᠪᠣᠯᠳᠠᠭ ᠦᠭᠡᠢ᠃ 34 ᠶᠧᠷᠦ᠋ᠰᠠᠯᠧᠮ ᠡ᠂ ᠶᠧᠷᠦ᠋ᠰᠠᠯᠧᠮ ᠡ᠂ ᠡᠰᠢ ᠦᠵᠡᠭᠦᠯᠦᠭᠴᠢᠳ ᠢ ᠠᠯᠠᠵᠤ ᠥᠪᠡᠷ ᠲᠦ ᠴᠢᠨᠢ ᠢᠯᠡᠭᠡᠭᠳᠡᠭᠰᠡᠨ ᠬᠥᠮᠦᠰ ᠢ ᠴᠢᠯᠠᠭᠤ ᠪᠠᠷ ᠴᠣᠬᠢᠳᠠᠭ ᠴᠢ᠂ ᠲᠠᠬᠢᠶ᠎ᠠ ᠴᠤᠷᠪᠠᠭ᠎ᠠ ᠨᠤᠭᠤᠳ ᠢᠶᠠᠨ ᠳᠠᠯᠠᠪᠴᠢᠨ ᠳᠣᠣᠷ᠎ᠠ ᠪᠠᠨ ᠪᠥᠭᠡᠮᠨᠡᠷᠡᠭᠦᠯᠳᠡᠭ᠌ ᠰᠢᠭ᠂ ᠪᠢ ᠬᠡᠴᠢᠨᠡᠨ ᠤᠳᠠᠭ᠎ᠠ ᠬᠡᠦᠬᠡᠳ ᠤᠳ ᠢ ᠴᠢᠨᠢ ᠪᠥᠭᠡᠮᠨᠡᠷᠡᠭᠦᠯᠬᠦ ᠭᠡᠯᠡ᠂ ᠬᠠᠷᠢᠨ ᠲᠠ ᠨᠠᠷ ᠬᠦᠰᠡᠭᠰᠡᠨ ᠦᠭᠡᠢ᠃ 35 ᠠᠩ᠋ᠬᠠᠷᠤᠭᠲᠤᠨ᠂ ᠲᠠ ᠨᠠᠷ ᠤᠨ ᠭᠡᠷ ᠡᠵᠡᠭᠦᠢ ᠬᠠᠶᠠᠭᠳᠠᠨ᠎ᠠ᠃ ᠲᠠ ᠨᠠᠷ ᠲᠤ ᠬᠡᠯᠡᠶ᠎ᠡ᠃ ᠲᠠ ᠨᠠᠷ᠄ 〈ᠡᠵᠡᠨ ᠦ ᠨᠡᠷ᠎ᠡ ᠪᠡᠷ ᠢᠷᠡᠭᠴᠢ ᠨᠢ ᠢᠷᠥᠭᠡᠯ ᠲᠡᠢ ᠡ〉 ᠭᠡᠵᠦ ᠬᠡᠯᠡᠬᠦ ᠡᠴᠡ ᠨᠠᠰᠢ ᠨᠠᠮᠠᠶᠢ ᠶᠡᠷᠦ ᠣᠯᠵᠤ ᠦᠵᠡᠬᠦ ᠦᠭᠡᠢ》 ᠭᠡᠪᠡ᠃