ᠯᠦᠺ ᠬᠣᠶᠠᠷ
ᠢᠰᠦ᠋ᠰ ᠮᠡᠨᠳᠦᠯᠡᠭᠰᠡᠨ ᠨᠢ
1 ᠲᠡᠷᠡ ᠦᠶ᠎ᠡ ᠳᠦ ᠺᠠᠶᠧᠰᠠᠷ ᠠᠣᠭᠦ᠋ᠰᠲ᠋ᠦ᠋ᠰ ᠬᠠᠷᠢᠶᠠᠲᠤ ᠭᠠᠵᠠᠷ ᠳᠠᠶᠠᠭᠠᠷ ᠢᠶᠠᠨ ᠬᠥᠮᠦᠨ ᠠᠮᠠ ᠶᠢᠨ ᠲᠣᠭᠠᠯᠠᠯᠭ᠎ᠠ ᠬᠢᠬᠦ ᠵᠠᠷᠯᠢᠭ ᠪᠠᠭᠤᠯᠭᠠᠵᠠᠢ᠃ 2 ᠺᠦᠷᠧᠨᠢ ᠰᠢᠷᠢᠶ᠎ᠠ ᠶᠢᠨ ᠵᠠᠬᠢᠷᠤᠭᠴᠢ ᠪᠠᠢᠬᠤ ᠦᠶ᠎ᠡ ᠳᠦ ᠬᠢᠭᠰᠡᠨ ᠠᠩ᠋ᠬᠠᠨ ᠤ ᠡᠨᠡ ᠲᠣᠭᠠᠯᠠᠯᠭ᠎ᠠ ᠳᠤ 3 ᠬᠥᠮᠦᠨ ᠪᠣᠯᠭᠠᠨ ᠪᠦᠷᠢᠳᠬᠡᠭᠦᠯᠬᠦ ᠭᠡᠵᠦ ᠥᠪᠡᠷ ᠥᠪᠡᠷ ᠦᠨ ᠲᠣᠰᠬᠣᠨ ᠤᠷᠤᠭᠤ ᠪᠠᠨ ᠶᠠᠪᠤᠵᠠᠭᠠᠪᠠ᠃ 4 ᠶᠣᠰᠧᠹ ᠴᠤ ᠳ᠋ᠠᠸᠢᠳ᠋ ᠤᠨ ᠤᠳᠤᠮ ᠤᠭᠰᠠᠭ᠎ᠠ ᠪᠣᠯᠬᠣᠷ ᠶᠦᠳᠠᠢ ᠶᠢ ᠵᠣᠷᠢᠨ ᠪᠧᠲ᠋ᠯᠧᠾᠧᠮ ᠭᠡᠳᠡᠭ ᠳ᠋ᠠᠸᠢᠳ᠋ ᠤᠨ ᠲᠣᠰᠬᠣᠨ ᠤᠷᠤᠭᠤ ᠭᠠᠯᠢᠯᠠᠶ᠎ᠠ ᠶᠢᠨ ᠨᠠᠽᠠᠷᠧᠲ ᠲᠣᠰᠬᠣᠨ ᠠᠴᠠ 5 ᠰᠦᠢᠲᠦ ᠪᠦᠰᠡᠭᠦᠢ ᠮᠠᠷᠢᠶ᠎ᠠ ᠲᠠᠢ ᠪᠠᠨ ᠪᠦᠷᠢᠳᠬᠡᠭᠦᠯᠬᠦ ᠪᠡᠷ ᠶᠠᠪᠤᠬᠤ ᠳᠤ᠂ ᠮᠠᠷᠢᠶ᠎ᠠ ᠬᠥᠯ ᠬᠦᠨᠳᠦ ᠪᠠᠢᠵᠠᠢ᠃ 6 ᠪᠧᠲ᠋ᠯᠧᠾᠧᠮ ᠳᠤ ᠪᠠᠢᠬᠤ ᠳᠤ ᠨᠢᠷᠠᠢᠯᠠᠬᠤ ᠡᠳᠦᠷ ᠨᠢ ᠪᠣᠯᠣᠭᠠᠳ 7 ᠮᠠᠷᠢᠶ᠎ᠠ ᠤᠤᠭᠠᠨ ᠬᠦᠦ ᠪᠡᠨ ᠲᠥᠷᠥᠵᠦ᠂ ᠪᠥᠰ ᠢᠶᠡᠷ ᠤᠷᠢᠶᠠᠭᠠᠳ ᠮᠠᠯ ᠤᠨ ᠣᠩ᠋ᠭᠣᠴᠠᠨ ᠳᠤ ᠲᠠᠯᠪᠢᠪᠠ᠃ ᠤᠴᠢᠷ ᠨᠢ᠂ ᠪᠠᠭᠤᠳᠠᠯ ᠳᠤ ᠵᠠᠢ ᠦᠭᠡᠢ ᠪᠠᠢᠵᠠᠢ᠃
8 ᠲᠡᠷᠡ ᠭᠠᠵᠠᠷ ᠤᠨ ᠬᠣᠨᠢᠴᠢᠳ ᠰᠥᠨᠢ ᠬᠣᠨᠢ ᠪᠠᠨ ᠮᠠᠨᠠᠭᠠᠳ ᠬᠡᠭᠡᠷ᠎ᠡ ᠬᠣᠨᠣᠵᠤ ᠪᠠᠢᠪᠠ᠃ 9 ᠡᠵᠡᠨ ᠦ ᠡᠯᠴᠢ ᠲᠡᠳᠡᠨ ᠦ ᠡᠮᠦᠨ᠎ᠡ ᠢᠯᠡᠷᠡᠵᠦ᠂ ᠡᠵᠡᠨ ᠦ ᠴᠣᠭ ᠵᠢᠪᠬᠤᠯᠠᠩ ᠡᠷᠭᠢᠨ ᠲᠣᠭᠣᠷᠢᠨ ᠢ ᠨᠢ ᠭᠡᠶᠢᠭᠦᠯᠦᠭᠰᠡᠨ ᠳᠦ᠂ ᠲᠡᠳᠡ ᠶᠡᠬᠡᠳᠡ ᠠᠶᠤᠪᠠ᠃ 10 ᠲᠩᠷᠢ ᠡᠯᠴᠢ ᠲᠡᠳᠡᠨ ᠳᠦ᠄ 《ᠪᠦᠦ ᠠᠶᠤ᠂ ᠠᠩ᠋ᠬᠠᠷᠤᠭᠲᠤᠨ᠂ ᠬᠠᠮᠤᠭ ᠠᠷᠠᠳ ᠲᠦᠮᠡᠨ ᠳᠦ ᠠᠰᠤᠷᠤ ᠶᠡᠬᠡ ᠪᠠᠶᠠᠰᠬᠤᠯᠠᠩ ᠪᠣᠯᠬᠤ ᠪᠠᠶᠠᠷ ᠤᠨ ᠮᠡᠳᠡᠭᠡ ᠶᠢ ᠪᠢ ᠲᠠ ᠨᠠᠷ ᠲᠤ ᠤᠯᠠᠮᠵᠢᠯᠠᠶ᠎ᠠ᠃ 11 ᠥᠨᠥᠳᠥᠷ ᠳ᠋ᠠᠸᠢᠳ᠋ ᠤᠨ ᠲᠣᠰᠬᠣᠨ ᠳᠤ ᠲᠠ ᠨᠠᠷ ᠤᠨ ᠲᠥᠯᠥᠭᠡ ᠠᠪᠤᠷᠠᠭᠴᠢ ᠮᠡᠨᠳᠦᠯᠡᠭᠰᠡᠨ᠂ ᠲᠡᠷᠡ ᠪᠣᠯ ᠾᠷᠢᠰᠲ᠋ᠣᠰ ᠡᠵᠡᠨ ᠪᠢᠯᠡ᠃ 12 ᠲᠠ ᠨᠠᠷ ᠮᠠᠯ ᠤᠨ ᠣᠩ᠋ᠭᠣᠴᠠᠨ ᠳᠤ ᠲᠠᠯᠪᠢᠭᠰᠠᠨ ᠣᠷᠢᠶᠠᠯᠲᠠ ᠲᠠᠢ ᠨᠢᠯᠬ᠎ᠠ ᠬᠡᠦᠬᠡᠳ ᠢ ᠣᠯᠵᠤ ᠬᠠᠷᠠᠨ᠎ᠠ᠃ ᠡᠨᠡ ᠨᠢ ᠲᠠ ᠨᠠᠷ ᠲᠤ ᠲᠡᠮᠳᠡᠭ ᠪᠣᠯᠬᠤ ᠶᠤᠮ》 ᠭᠡᠯᠡ᠃ 13 ᠨᠥᠭᠥᠭᠡ ᠲᠩᠷᠢ ᠡᠯᠴᠢ ᠲᠠᠢ ᠬᠠᠮᠲᠤ ᠲᠩᠷᠢ ᠶᠢᠨ ᠲᠦᠭ ᠲᠦᠮᠡᠨ ᠦᠢ ᠣᠯᠠᠨ ᠢᠶᠠᠷ ᠭᠡᠨᠡᠳᠲᠡ ᠢᠯᠡᠷᠡᠵᠦ᠂ ᠪᠤᠷᠬᠠᠨ ᠢ ᠮᠠᠭᠲᠠᠨ 14 《ᠠᠯᠳᠠᠷ ᠰᠤᠤ ᠨᠢ ᠳᠡᠭᠡᠳᠦ ᠶᠢᠨ ᠳᠡᠭᠡᠳᠦ ᠳᠠᠬᠢ ᠪᠤᠷᠬᠠᠨ ᠳᠤ᠂ ᠠᠮᠤᠷ ᠠᠮᠤᠭᠤᠯᠠᠩ ᠨᠢ ᠭᠠᠵᠠᠷ ᠳᠠᠬᠢ ᠲᠠᠭᠠᠯᠠᠭᠳᠠᠭᠰᠠᠨ ᠬᠥᠮᠦᠰ ᠲᠤᠨᠢ ᠪᠠᠢᠬᠤ ᠪᠣᠯᠲᠤᠭᠠᠢ︕》 ᠭᠡᠵᠡᠭᠡᠪᠡ᠃
15 ᠲᠩᠷᠢ ᠡᠯᠴᠢᠳ ᠲᠡᠳᠡᠨ ᠡᠴᠡ ᠰᠠᠯᠵᠤ᠂ ᠲᠩᠷᠢ ᠳᠤ ᠣᠳᠬᠤ ᠳᠤ᠂ ᠬᠣᠨᠢᠴᠢᠳ ᠬᠣᠭᠣᠷᠣᠨᠳᠣ ᠪᠠᠨ᠄ 《ᠵᠠ᠂ ᠪᠧᠲ᠋ᠯᠧᠾᠧᠮ ᠳᠤ ᠣᠴᠢᠵᠤ᠂ ᠡᠵᠡᠨ ᠦ ᠮᠡᠳᠡᠭᠦᠯᠦᠭᠰᠡᠨ ᠶᠠᠪᠤᠳᠠᠯ ᠬᠡᠷᠬᠢᠨ ᠪᠡᠶᠡᠯᠡᠭᠳᠡᠭᠰᠡᠨ ᠢ ᠦᠵᠡᠵᠡᠭᠡᠶ᠎ᠡ》 ᠭᠡᠯᠴᠡᠪᠡ᠃ 16 ᠲᠡᠳᠡ ᠬᠤᠷᠳᠤᠯᠠᠨ ᠶᠠᠪᠤᠵᠤ ᠮᠠᠷᠢᠶ᠎ᠠ᠂ ᠶᠣᠰᠧᠹ ᠪᠣᠯᠣᠨ ᠣᠩ᠋ᠭᠣᠴᠠᠨ ᠳᠤ ᠲᠠᠯᠪᠢᠭᠰᠠᠨ ᠬᠡᠦᠬᠡᠳ ᠢ ᠡᠷᠢᠵᠦ ᠣᠯᠪᠠ᠃ 17 ᠲᠡᠳᠡ ᠡᠨᠡ ᠬᠡᠦᠬᠡᠳ ᠢ ᠦᠵᠡᠭᠡᠳ ᠲᠡᠭᠦᠨ ᠦ ᠲᠤᠬᠠᠢ ᠰᠣᠨᠣᠰᠣᠭᠰᠠᠨ ᠦᠭᠡ ᠪᠡᠨ ᠳᠤᠭᠤᠯᠭᠠᠬᠤ ᠳᠤ᠂ 18 ᠬᠣᠨᠢᠴᠢᠳ ᠤᠨ ᠶᠠᠷᠢᠶ᠎ᠠ ᠶᠢ ᠰᠣᠨᠣᠰᠣᠭᠰᠠᠨ ᠪᠦᠬᠦᠨ ᠭᠠᠢᠬᠠᠵᠤ ᠪᠠᠢᠯ᠎ᠠ᠃ 19 ᠬᠠᠷᠢᠨ ᠮᠠᠷᠢᠶ᠎ᠠ ᠡᠳᠡᠭᠡᠷ ᠢ ᠲᠤᠩ᠋ᠭᠠᠨ ᠪᠣᠳᠣᠵᠤ ᠵᠢᠷᠦᠬᠡᠨ ᠳᠡᠭᠡᠨ ᠨᠠᠨᠳᠢᠩᠨᠠᠨ ᠬᠠᠳᠠᠭᠠᠯᠠᠵᠤ ᠪᠠᠢᠪᠠ᠃ 20 ᠶᠠᠷᠢᠭᠳᠠᠭᠰᠠᠨ ᠤ ᠶᠣᠰᠣᠭᠠᠷ ᠪᠣᠯᠣᠭᠰᠠᠨ ᠳᠤ᠂ ᠬᠣᠨᠢᠴᠢᠳ ᠰᠣᠨᠣᠰᠣᠭᠰᠠᠨ ᠦᠵᠡᠭᠰᠡᠨ ᠪᠦᠬᠦᠨ ᠢᠶᠡᠷ ᠢᠶᠠᠨ ᠪᠤᠷᠬᠠᠨ ᠢ ᠠᠯᠳᠠᠷᠰᠢᠭᠤᠯᠵᠤ ᠮᠠᠭᠲᠠᠭᠰᠠᠭᠠᠷ ᠪᠤᠴᠠᠵᠠᠭᠠᠯᠠ᠃
ᠢᠰᠦ᠋ᠰ ᠠᠷᠢᠭᠤᠨ ᠣᠷᠳᠣᠨ ᠳᠤ ᠡᠷᠭᠦᠭᠳᠡᠭᠰᠡᠨ ᠨᠢ
21 ᠨᠠᠢ᠌ᠮᠠᠳᠠᠬᠢ ᠡᠳᠦᠷ ᠲᠤᠨᠢ ᠬᠥᠪᠴᠢᠷᠬᠡᠢ ᠬᠥᠨᠳᠡᠬᠦ ᠴᠠᠭ ᠪᠣᠯᠬᠤ ᠳᠤ᠂ ᠲᠡᠭᠦᠨ ᠢ ᠢᠰᠦ᠋ᠰ ᠭᠡᠵᠦ ᠨᠡᠷᠡᠯᠡᠪᠡ᠃ ᠲᠡᠷᠡ ᠨᠡᠷ᠎ᠡ ᠶᠢ ᠬᠡᠪᠡᠯᠢ ᠳᠤ ᠪᠤᠢ ᠪᠣᠯᠬᠤ ᠠᠴᠠ ᠨᠢ ᠡᠮᠦᠨ᠎ᠡ ᠲᠩᠷᠢ ᠡᠯᠴᠢ ᠥᠭᠭᠥᠭᠰᠡᠨ ᠪᠢᠯᠡ᠃
22 ᠮᠣᠰᠧ ᠶᠢᠨ ᠬᠠᠤᠯᠢ ᠶᠣᠰᠣᠭᠠᠷ ᠴᠡᠪᠡᠷᠰᠢᠬᠦ ᠬᠤᠭᠤᠴᠠᠭ᠎ᠠ ᠳᠠᠭᠤᠰᠬᠤ ᠳᠤ᠂ 23 《ᠤᠤᠭᠠᠨ ᠬᠦᠦ ᠪᠣᠯᠭᠠᠨ ᠡᠵᠡᠨ ᠦ ᠲᠥᠯᠥᠭᠡ ᠲᠤᠰᠠᠭᠠᠷᠯᠠᠭᠳᠠᠨ᠎ᠠ》 ᠭᠡᠵᠦ ᠡᠵᠡᠨ ᠦ ᠬᠠᠤᠯᠢ ᠳᠤ ᠪᠢᠴᠢᠭᠳᠡᠭᠰᠡᠨ ᠶᠣᠰᠣᠭᠠᠷ 24 ᠬᠣᠶᠠᠭᠤᠯᠠ ᠪᠠᠨ ᠬᠡᠦᠬᠡᠳ ᠢᠶᠡᠨ ᠡᠵᠡᠨ ᠳᠦ ᠡᠷᠭᠦᠵᠦ᠂ ᠡᠵᠡᠨ ᠦ ᠬᠠᠤᠯᠢ ᠳᠤ ᠬᠡᠯᠡᠭᠰᠡᠨ ᠶᠣᠰᠣᠭᠠᠷ 《ᠬᠣᠣᠰ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ》 ᠪᠠᠷ ᠲᠠᠬᠢᠯ ᠡᠷᠭᠦᠬᠦ ᠪᠡᠷ ᠬᠡᠦᠬᠡᠳ ᠢᠶᠡᠨ ᠶᠧᠷᠦ᠋ᠰᠠᠯᠧᠮ ᠳᠤ ᠠᠪᠠᠴᠢᠪᠠ᠃ 25 ᠠᠩ᠋ᠬᠠᠷᠤᠭᠲᠤᠨ᠂ ᠶᠧᠷᠦ᠋ᠰᠠᠯᠧᠮ ᠳᠤ ᠰᠢᠢᠮᠢᠶᠣᠨ ᠭᠡᠳᠡᠭ ᠬᠥᠮᠦᠨ ᠪᠠᠢᠵᠠᠢ᠃ ᠲᠡᠷᠡ ᠬᠥᠮᠦᠨ ᠵᠥᠪᠲᠦ᠂ ᠰᠦᠰᠦᠭ ᠲᠡᠢ ᠪᠥᠭᠡᠳ ᠢᠰᠷᠧᠯ ᠤᠨ ᠲᠠᠢᠳᠬᠤᠷᠠᠯ ᠢ ᠬᠦᠯᠢᠶᠡᠵᠦ ᠪᠠᠢᠯ᠎ᠠ᠃ ᠠᠷᠢᠭᠤᠨ ᠰᠦᠨᠡᠰᠦ ᠲᠡᠭᠦᠨ ᠳᠡᠭᠡᠷ᠎ᠡ ᠪᠠᠢᠪᠠ᠃ 26 ᠡᠵᠡᠨ ᠦ ᠾᠷᠢᠰᠲ᠋ᠣᠰ ᠢ ᠦᠵᠡᠬᠦ ᠡᠴᠡ ᠨᠠᠰᠢ ᠦᠬᠦᠬᠦ ᠦᠭᠡᠢ ᠶᠤᠮ ᠭᠡᠵᠦ ᠠᠷᠢᠭᠤᠨ ᠰᠦᠨᠡᠰᠦ ᠲᠡᠭᠦᠨ ᠳᠦ ᠢᠯᠡᠷᠬᠡᠶᠢᠯᠡᠭᠰᠡᠨ ᠠᠵᠢ᠃ 27 ᠲᠡᠷᠡ ᠬᠥᠮᠦᠨ ᠠᠷᠢᠭᠤᠨ ᠰᠦᠨᠡᠰᠦᠨ ᠳᠦ ᠬᠥᠲᠥᠯᠥᠭᠳᠡᠨ ᠠᠷᠢᠭᠤᠨ ᠣᠷᠳᠣᠨ ᠳᠤ ᠣᠴᠢᠬᠤ ᠳᠤ᠂ ᠬᠦᠦ ᠢᠰᠦ᠋ᠰ ᠤᠨ ᠢᠶᠠᠨ ᠲᠥᠯᠥᠭᠡ ᠬᠠᠤᠯᠢ ᠶᠢᠨ ᠶᠣᠰᠣᠯᠠᠯ ᠦᠢᠯᠡᠳᠬᠦ ᠪᠡᠷ ᠡᠴᠢᠭᠡ ᠡᠬᠡ ᠨᠢ ᠲᠡᠭᠦᠨ ᠢ ᠠᠪᠴᠢᠷᠠᠵᠤ ᠪᠠᠢᠯ᠎ᠠ᠃ 28 ᠰᠢᠢᠮᠢᠶᠣᠨ ᠬᠦᠦ ᠶᠢ ᠭᠠᠷ ᠳᠡᠭᠡᠷ᠎ᠡ ᠪᠡᠨ ᠠᠪᠴᠤ᠂ ᠪᠤᠷᠬᠠᠨ ᠢ ᠮᠠᠭᠲᠠᠨ᠄
29 《ᠠᠢᠯᠠᠳᠤᠭᠰᠠᠨ ᠶᠣᠰᠣᠭᠠᠷ ᠢᠶᠠᠨ ᠡᠵᠡᠨ ᠲᠠ ᠣᠳᠣ ᠵᠠᠷᠤᠴᠠ ᠨᠠᠮ᠎ᠠ ᠪᠠᠨ ᠠᠮᠤᠷ ᠲᠠᠢᠪᠤᠩ ᠰᠤᠯᠠᠯᠠᠵᠤ ᠪᠠᠢᠨ᠎ᠠ 3 ᠃
30 ᠠᠪᠤᠷᠠᠯ ᠢ ᠲᠠᠨᠢ ᠪᠢ ᠨᠢᠳᠦ ᠪᠡᠷ ᠢᠶᠠᠨ ᠦᠵᠡᠯ᠎ᠡ᠃
31 ᠠᠯᠢᠪᠠ ᠦᠨᠳᠦᠰᠦᠲᠡᠨ ᠦ ᠡᠮᠦᠨ᠎ᠡ ᠡᠭᠦᠨ ᠢ ᠲᠠ ᠪᠡᠯᠡᠳᠬᠡᠭᠰᠡᠨ ᠨᠢ
32 ᠬᠠᠷᠢ ᠶᠢᠨ ᠬᠢᠨ ᠳᠤ ᠢᠯᠡᠷᠬᠡᠶᠢᠯᠡᠬᠦ ᠭᠡᠷᠡᠯ ᠪᠥᠭᠡᠳ ᠬᠠᠷᠢᠶᠠᠲᠤ ᠠᠷᠠᠳ ᠢᠰᠷᠧᠯ ᠤᠨ ᠲᠠᠨᠢ ᠠᠯᠳᠠᠷ ᠰᠤᠤ ᠪᠢᠯᠡ》 ᠭᠡᠪᠡ᠃
33 ᠬᠦᠦ ᠶᠢᠨ ᠲᠤᠬᠠᠢ ᠡᠳᠡᠭᠡᠷ ᠦᠭᠡᠨ ᠳᠦ ᠡᠴᠢᠭᠡ ᠡᠬᠡ ᠨᠢ ᠭᠠᠢᠬᠠᠵᠤ ᠪᠠᠢᠯ᠎ᠠ᠃ 34 ᠰᠢᠢᠮᠢᠶᠣᠨ ᠲᠡᠳᠡᠨ ᠢ ᠢᠷᠥᠭᠡᠭᠡᠳ ᠮᠠᠷᠢᠶ᠎ᠠ ᠳᠤ᠄ 《ᠠᠩ᠋ᠬᠠᠷᠤᠭᠲᠤᠨ᠂ ᠡᠨᠡ ᠬᠡᠦᠬᠡᠳ ᠢᠰᠷᠧᠯ ᠤᠨ ᠣᠯᠠᠨ ᠤ ᠤᠨᠠᠬᠤ᠂ ᠪᠣᠰᠬᠤ ᠶᠢᠨ ᠰᠢᠯᠲᠠᠭᠠᠨ ᠪᠠ ᠡᠰᠡᠷᠭᠦᠴᠡᠯ ᠦᠨ ᠲᠡᠮᠳᠡᠭ ᠪᠣᠯᠬᠤ ᠲᠠᠪᠢᠯᠠᠩ ᠲᠠᠢ᠃ 35 ᠰᠡᠳᠬᠢᠯ ᠴᠢᠨᠢ ᠰᠡᠯᠡᠮ᠎ᠡ ᠳᠦ ᠰᠦᠪᠡᠯᠡᠭᠳᠡᠵᠦ᠂ ᠣᠯᠠᠨ ᠤ ᠪᠣᠳᠣᠯ ᠰᠠᠨᠠᠭ᠎ᠠ ᠢᠯᠡᠷᠬᠡᠶᠢᠯᠡᠭᠳᠡᠨᠡ》 ᠭᠡᠪᠡ᠃
36 ᠪᠠᠰᠠ ᠾᠠᠨᠠᠰ ᠭᠡᠳᠡᠭ ᠡᠰᠢ ᠦᠵᠡᠭᠦᠯᠦᠭᠴᠢ ᠪᠠᠢᠵᠠᠢ᠃ ᠤᠤᠯ ᠨᠢ ᠲᠡᠷᠡ ᠠᠱᠧᠷ ᠠᠢᠮᠠᠭ ᠤᠨ ᠹᠠᠨᠦ᠋ᠶᠧᠯ ᠭᠡᠳᠡᠭ ᠬᠥᠮᠦᠨ ᠦ ᠥᠬᠢᠨ ᠪᠥᠭᠡᠳ ᠥᠨᠳᠥᠷ ᠨᠠᠰᠤᠲᠠᠢ ᠪᠠᠢᠪᠠ᠃ ᠲᠡᠷᠡ ᠭᠡᠷᠯᠡᠭᠰᠡᠨ ᠦ ᠪᠠᠨ ᠳᠠᠷᠠᠭ᠎ᠠ ᠨᠥᠬᠥᠷ ᠲᠡᠢ ᠪᠡᠨ ᠳᠣᠯᠣᠭᠠᠨ ᠵᠢᠯ ᠬᠠᠮᠲᠤ ᠰᠠᠭᠤᠭᠠᠳ 37 ᠪᠡᠯᠪᠡᠰᠦᠷᠡᠵᠦ ᠨᠠᠶᠠᠨ ᠳᠥᠷᠪᠡ ᠬᠦᠷᠴᠡᠢ 4 ᠃ ᠲᠡᠷᠡ ᠠᠷᠢᠭᠤᠨ ᠣᠷᠳᠣᠨ ᠠᠴᠠ ᠰᠠᠯᠤᠯ ᠦᠭᠡᠢ ᠪᠠᠷ ᠪᠠᠴᠠᠭ ᠪᠠ ᠳᠠᠭᠠᠳᠬᠠᠯ ᠢᠶᠠᠷ ᠢᠶᠠᠨ ᠡᠳᠦᠷᠵᠢᠨ ᠰᠥᠨᠢᠵᠢᠨ ᠦᠢᠯᠡᠴᠢᠯᠡᠳᠡᠭ᠌ ᠪᠠᠢᠵᠠᠢ᠃ 38 ᠶᠠᠭ ᠡᠨᠡ ᠴᠠᠭ ᠲᠤ᠂ ᠲᠡᠷᠡ ᠡᠮᠡᠭᠲᠡᠢ ᠬᠦᠷᠴᠦ ᠢᠷᠡᠭᠡᠳ ᠪᠤᠷᠬᠠᠨ ᠳᠤ ᠲᠠᠯᠠᠷᠬᠠᠵᠤ᠂ ᠶᠧᠷᠦ᠋ᠰᠠᠯᠧᠮ ᠤᠨ ᠠᠪᠤᠷᠠᠯ ᠢ ᠬᠦᠰᠡᠨ ᠬᠦᠯᠢᠶᠡᠵᠦ ᠪᠠᠢᠭᠰᠠᠨ ᠪᠦᠬᠦ ᠬᠥᠮᠦᠨ ᠳᠦ ᠡᠨᠡ ᠬᠡᠦᠬᠡᠳ ᠦᠨ ᠲᠤᠬᠠᠢ ᠶᠠᠷᠢᠵᠤ ᠥᠭᠪᠡ᠃
ᠨᠠᠽᠠᠷᠧᠲ ᠲᠤ ᠪᠤᠴᠠᠭᠰᠠᠨ ᠨᠢ
39 ᠶᠣᠰᠧᠹ ᠮᠠᠷᠢᠶ᠎ᠠ ᠬᠣᠶᠠᠭᠤᠯᠠ ᠡᠵᠡᠨ ᠦ ᠬᠠᠤᠯᠢ ᠶᠢᠨ ᠶᠣᠰᠣᠭᠠᠷ ᠪᠦᠬᠦ ᠵᠦᠢᠯ ᠢᠶᠠᠨ ᠭᠦᠢᠴᠡᠳᠬᠡᠭᠡᠳ ᠭᠠᠯᠢᠯᠠᠶ᠎ᠠ ᠶᠢᠨ ᠨᠠᠽᠠᠷᠧᠲ ᠲᠣᠰᠬᠣᠨ ᠤᠷᠤᠭᠤ ᠪᠠᠨ ᠪᠤᠴᠠᠵᠠᠢ᠃ 40 ᠬᠡᠦᠬᠡᠳ ᠥᠰᠥᠭᠰᠡᠭᠡᠷ᠂ ᠴᠢᠭᠢᠷᠠᠭᠵᠢᠵᠤ ᠮᠡᠷᠭᠡᠨ ᠤᠬᠠᠭᠠᠨ ᠢᠶᠠᠷ ᠲᠡᠭᠦᠯᠳᠡᠷᠵᠢᠭᠰᠡᠨ ᠪᠥᠭᠡᠳ ᠪᠤᠷᠬᠠᠨ ᠤ ᠢᠪᠡᠭᠡᠯ ᠲᠡᠭᠦᠨ ᠦ ᠳᠡᠭᠡᠷ᠎ᠡ ᠪᠠᠢᠵᠠᠢ᠃
ᠢᠰᠦ᠋ᠰ ᠠᠷᠢᠭᠤᠨ ᠣᠷᠳᠣᠨ ᠳᠤ ᠪᠠᠢᠭᠰᠠᠨ ᠨᠢ
41 ᠲᠡᠭᠦᠨ ᠦ ᠡᠴᠢᠭᠡ ᠡᠬᠡ ᠵᠢᠯ ᠪᠦᠷᠢ ᠭᠡᠲᠦᠯᠭᠡᠭᠰᠡᠨ ᠦ ᠪᠠᠶᠠᠷ ᠢᠶᠠᠷ ᠶᠧᠷᠦ᠋ᠰᠠᠯᠧᠮ ᠳᠤ ᠣᠴᠢᠳᠠᠭ ᠪᠠᠢᠪᠠ᠃ 42 ᠢᠰᠦ᠋ᠰ ᠠᠷᠪᠠᠨ ᠬᠣᠶᠠᠷ ᠨᠠᠰᠤᠲᠠᠢ ᠪᠠᠢᠬᠤ ᠳᠤ᠂ ᠲᠡᠳᠡ ᠪᠠᠶᠠᠷ ᠤᠨ ᠵᠠᠩᠰᠢᠯ ᠶᠣᠰᠣᠭᠠᠷ ᠶᠧᠷᠦ᠋ᠰᠠᠯᠧᠮ ᠥᠭᠡᠳᠡ ᠶᠠᠪᠤᠪᠠ᠃ 43 ᠪᠠᠶᠠᠷ ᠳᠠᠭᠤᠰᠴᠤ ᠪᠤᠴᠠᠬᠤ ᠦᠶ᠎ᠡ ᠳᠦ᠂ ᠬᠦᠦ ᠢᠰᠦ᠋ᠰ ᠶᠧᠷᠦ᠋ᠰᠠᠯᠧᠮ ᠳᠤ ᠦᠯᠡᠳᠡᠵᠡᠢ᠃ ᠬᠠᠷᠢᠨ ᠡᠴᠢᠭᠡ ᠡᠬᠡ ᠨᠢ ᠮᠡᠳᠡᠭᠰᠡᠨ ᠦᠭᠡᠢ᠂ 44 ᠲᠡᠭᠦᠨ ᠢ ᠠᠶᠠᠨᠴᠢᠳ ᠤᠨ ᠬᠠᠮᠲᠤ ᠶᠠᠪᠤᠭ᠎ᠠ ᠭᠡᠵᠦ ᠪᠣᠳᠣᠭᠰᠠᠭᠠᠷ ᠡᠳᠦᠷ ᠦᠨ ᠵᠠᠮ ᠬᠥᠭᠡᠭᠡᠭᠰᠡᠨ ᠦ ᠳᠠᠷᠠᠭ᠎ᠠ᠂ ᠲᠥᠷᠥᠯ ᠰᠠᠳᠤᠨ ᠪᠣᠯᠣᠨ ᠲᠠᠨᠢᠯ ᠤᠨ ᠢᠶᠠᠨ ᠳᠤᠮᠳᠠ ᠡᠷᠢᠵᠦ ᠡᠬᠢᠯᠡᠭᠰᠡᠨ ᠪᠣᠯᠪᠠᠴᠤ 45 ᠣᠯᠣᠭᠰᠠᠨ ᠦᠭᠡᠢ᠃ ᠲᠡᠳᠡ ᠲᠡᠭᠦᠨ ᠢ ᠡᠷᠢᠭᠰᠡᠭᠡᠷ ᠶᠧᠷᠦ᠋ᠰᠠᠯᠧᠮ ᠤᠷᠤᠭᠤ ᠪᠤᠴᠠᠵᠤ᠂ 46 ᠭᠤᠷᠪᠠᠨ ᠬᠣᠨᠣᠭ ᠤᠨ ᠳᠠᠷᠠᠭ᠎ᠠ᠂ ᠲᠡᠭᠦᠨ ᠢ ᠠᠷᠢᠭᠤᠨ ᠣᠷᠳᠣᠨ ᠠᠴᠠ ᠣᠯᠵᠠᠢ᠃ ᠲᠡᠷᠡ ᠪᠠᠭᠰᠢ ᠨᠠᠷ ᠤᠨ ᠳᠤᠮᠳᠠ ᠰᠠᠭᠤᠭᠠᠳ ᠰᠣᠨᠣᠰᠴᠤ᠂ ᠮᠥᠨ ᠠᠰᠠᠭᠤᠵᠤ ᠪᠠᠢᠭᠰᠠᠨ ᠪᠥᠭᠡᠳ 47 ᠰᠣᠨᠣᠰᠣᠭᠴᠢ ᠪᠣᠯᠭᠠᠨ ᠲᠡᠭᠦᠨ ᠦ ᠤᠬᠠᠭᠠᠨ ᠪᠣᠯᠣᠨ ᠬᠠᠷᠢᠭᠤᠯᠲᠠ ᠶᠢ ᠪᠢᠰᠢᠷᠡᠵᠦ ᠪᠠᠢᠯ᠎ᠠ᠃ 48 ᠡᠴᠢᠭᠡ ᠡᠬᠡ ᠨᠢ ᠲᠡᠭᠦᠨ ᠢ ᠬᠠᠷᠠᠭᠠᠳ ᠬᠠᠴᠢᠷᠬᠠᠵᠠᠢ᠃ ᠡᠬᠡ ᠨᠢ᠄ 《ᠬᠦᠦ ᠮᠢᠨᠢ︕ ᠴᠢ ᠶᠠᠭᠤᠨ ᠳᠤ ᠪᠢᠳᠡᠨ ᠳᠦ ᠢᠩᠭᠢᠪᠠ︖ ᠡᠴᠢᠭᠡ ᠴᠢᠨᠢ ᠪᠢᠳᠡ ᠬᠣᠶᠠᠷ ᠰᠠᠨᠠᠭ᠎ᠠ ᠵᠣᠪᠠᠵᠤ ᠴᠢᠮᠠᠶᠢ ᠡᠷᠢᠭᠰᠡᠨ ᠰᠢᠦ》 ᠭᠡᠵᠦ ᠬᠡᠯᠡᠬᠦ ᠳᠦ᠂ 49 ᠢᠰᠦ᠋ᠰ᠄ 《ᠨᠠᠮᠠᠶᠢ ᠡᠷᠢᠭᠡᠳ ᠶᠠᠭᠠᠬᠢᠬᠤ ᠪᠤᠢ︖ ᠡᠴᠢᠭᠡ ᠶᠢᠨ ᠳᠡᠭᠡᠨ ᠪᠠᠢᠬᠤ ᠶᠣᠰᠣᠲᠠᠢ ᠶᠢ ᠮᠢᠨᠢ ᠲᠠ ᠨᠠᠷ ᠮᠡᠳᠡᠬᠦ ᠦᠭᠡᠢ ᠭᠡᠵᠢ ᠤᠤ︖》 ᠭᠡᠪᠡ᠃ 50 ᠭᠡᠲᠡᠯ᠎ᠡ ᠡᠴᠢᠭᠡ ᠡᠬᠡ ᠨᠢ ᠲᠡᠭᠦᠨ ᠦ ᠬᠡᠯᠡᠭᠰᠡᠨ ᠢ ᠣᠢᠯᠠᠭᠠᠭᠰᠠᠨ ᠦᠭᠡᠢ᠃ 51 ᠢᠰᠦ᠋ᠰ ᠡᠴᠢᠭᠡ ᠡᠬᠡ ᠲᠠᠢ ᠪᠠᠨ ᠬᠠᠮᠲᠤ ᠨᠠᠽᠠᠷᠧᠲ ᠤᠷᠤᠭᠤ ᠬᠠᠷᠢᠭᠰᠠᠨ ᠪᠥᠭᠡᠳ ᠲᠡᠳᠡᠨ ᠳᠦ ᠳᠤᠭᠤᠯᠭᠠᠪᠤᠷᠢᠲᠠᠢ ᠪᠠᠢᠯ᠎ᠠ᠃ ᠡᠬᠡ ᠨᠢ ᠡᠨᠡ ᠪᠦᠬᠦ ᠶᠠᠪᠤᠳᠠᠯ ᠢ ᠰᠡᠳᠬᠢᠯ ᠳᠡᠭᠡᠨ ᠬᠠᠳᠠᠭᠠᠯᠠᠪᠠ᠃ 52 ᠪᠤᠷᠬᠠᠨ ᠪᠠ ᠬᠥᠮᠦᠰ ᠦᠨ ᠡᠮᠦᠨ᠎ᠡ ᠢᠰᠦ᠋ᠰ ᠮᠡᠷᠭᠡᠨ ᠤᠬᠠᠭᠠᠨ᠂ ᠨᠠᠰᠤ ᠪᠡᠶ᠎ᠡ᠂ ᠲᠠᠭᠠᠯᠠᠯ ᠤᠨ ᠲᠠᠯ᠎ᠠ ᠪᠠᠷ ᠥᠰᠴᠦ ᠪᠠᠢᠪᠠ᠃