ᠯᠦᠺ ᠠᠷᠪᠠᠨ ᠳᠥᠷᠪᠡ
ᠠᠮᠠᠷᠠᠯ ᠤᠨ ᠡᠳᠦᠷ ᠡᠳᠡᠭᠡᠭᠡᠭᠰᠡᠨ ᠨᠢ
1 ᠠᠮᠠᠷᠠᠯ ᠤᠨ ᠡᠳᠦᠷ ᠢᠰᠦ᠋ᠰ ᠹᠠᠷᠢᠰᠠᠢᠴᠤᠳ ᠤᠨ ᠨᠢᠭᠡᠨ ᠠᠬᠠᠯᠠᠭᠴᠢ ᠶᠢᠨ ᠭᠡᠷ ᠲᠦ ᠬᠣᠭᠣᠯᠠᠯᠠᠬᠤ ᠪᠠᠷ ᠣᠴᠢᠭᠰᠠᠨ ᠳᠤ᠂ ᠬᠥᠮᠦᠰ ᠲᠡᠭᠦᠨ ᠢ ᠬᠠᠳᠠᠨ ᠠᠵᠢᠭᠯᠠᠵᠤ ᠪᠠᠢᠯ᠎ᠠ᠃ 2 ᠲᠡᠭᠦᠨ ᠦ ᠡᠮᠦᠨ᠎ᠡ ᠤᠰᠤᠨ ᠬᠠᠪᠤᠩ ᠲᠠᠢ ᠨᠢᠭᠡᠨ ᠬᠥᠮᠦᠨ ᠪᠠᠢᠵᠠᠢ᠃ 3 ᠢᠰᠦ᠋ᠰ ᠬᠠᠤᠯᠢ ᠶᠢᠨ ᠪᠠᠭᠰᠢ ᠨᠠᠷ ᠪᠠ ᠹᠠᠷᠢᠰᠠᠢᠴᠤᠳ ᠲᠤ᠄ 《ᠠᠮᠠᠷᠠᠯ ᠤᠨ ᠡᠳᠦᠷ ᠡᠳᠡᠭᠡᠭᠡᠬᠦ ᠨᠢ ᠵᠦᠢᠲᠡᠢ ᠤᠤ︖ ᠦᠭᠡᠢ ᠤᠤ︖》 ᠭᠡᠬᠦ ᠳᠦ᠂ 4 ᠲᠡᠳᠡ ᠳᠠᠭᠤ ᠦᠭᠡᠢ ᠪᠠᠢᠯ᠎ᠠ᠃ ᠢᠰᠦ᠋ᠰ ᠲᠡᠭᠦᠨ ᠦ ᠳᠡᠭᠡᠷ᠎ᠡ ᠮᠤᠲᠤᠷ ᠲᠠᠯᠪᠢᠨ ᠡᠳᠡᠭᠡᠭᠡᠵᠦ ᠶᠠᠪᠤᠭᠤᠯᠤᠭᠠᠳ 5 ᠲᠡᠳᠡᠨ ᠳᠦ᠄ 《ᠬᠡᠦᠬᠡᠳ ᠪᠤᠶᠤ ᠦᠬᠡᠷ ᠴᠢᠨᠢ ᠠᠮᠠᠷᠠᠯ ᠤᠨ ᠡᠳᠦᠷ ᠬᠤᠳᠳᠤᠭ ᠲᠤ ᠤᠨᠠᠭᠰᠠᠨ ᠪᠣᠯ᠂ ᠲᠠ ᠨᠠᠷ ᠳᠠᠷᠤᠢ ᠳᠤᠨᠢ ᠭᠠᠷᠭᠠᠵᠤ ᠠᠪᠬᠤ ᠦᠭᠡᠢ ᠤᠤ︖》 ᠭᠡᠵᠦ ᠬᠡᠯᠡᠭᠰᠡᠨ ᠳᠦ᠂ 6 ᠲᠡᠳᠡ ᠬᠠᠷᠢᠭᠤᠯᠵᠤ ᠴᠢᠳᠠᠭᠰᠠᠨ ᠦᠭᠡᠢ᠃
ᠳᠣᠣᠷᠠᠳᠤ ᠰᠠᠭᠤᠳᠠᠯ ᠳᠤ ᠰᠠᠭᠤ
7 ᠤᠷᠢᠭᠳᠠᠭᠰᠠᠨ ᠵᠣᠴᠢᠳ ᠰᠢᠷᠡᠭᠡᠨ ᠦ ᠬᠣᠢᠮᠣᠷ ᠢ ᠰᠣᠩ᠋ᠭᠣᠵᠤ ᠪᠠᠢᠭ᠎ᠠ ᠶᠢ ᠢᠰᠦ᠋ᠰ ᠠᠵᠢᠭᠠᠳ ᠲᠡᠳᠡᠨ ᠳᠦ ᠦᠯᠢᠭᠡᠷᠯᠡᠯ ᠢᠶᠡᠷ᠄ 8 《ᠬᠡᠨ ᠨᠢᠭᠡ ᠨᠢ ᠴᠢᠮᠠᠶᠢ ᠬᠤᠷᠢᠮ ᠳᠤ ᠤᠷᠢᠪᠠᠯ ᠬᠣᠢᠮᠣᠷ ᠲᠤᠨᠢ ᠪᠦᠦ ᠰᠠᠭᠤ᠂ ᠬᠡᠷᠪᠡ ᠴᠢᠮ᠎ᠠ ᠠᠴᠠ ᠬᠦᠨᠳᠦᠲᠡᠢ ᠬᠥᠮᠦᠨ ᠤᠷᠢᠭᠳᠠᠭᠰᠠᠨ ᠪᠣᠯ᠂ 9 ᠲᠠ ᠨᠠᠷ ᠢ ᠤᠷᠢᠭᠰᠠᠨ ᠬᠥᠮᠦᠨ ᠢᠷᠡᠵᠦ ᠴᠢᠮ᠎ᠠ ᠳᠤ᠄ 〈ᠡᠨᠡ ᠬᠥᠮᠦᠨ ᠳᠦ ᠰᠠᠭᠤᠳᠠᠯ ᠢᠶᠠᠨ ᠥᠭ〉 ᠭᠡᠪᠡᠯ᠂ ᠴᠢ ᠢᠴᠢᠩᠭᠦᠷᠡᠭᠡᠳ ᠠᠳᠠᠭ ᠤᠨ ᠰᠠᠭᠤᠳᠠᠯ ᠳᠤ ᠰᠠᠭᠤᠬᠤ ᠪᠣᠯᠣᠨ᠎ᠠ᠃ 10 ᠴᠢ ᠤᠷᠢᠭᠳᠠᠭᠰᠠᠨ ᠦᠶ᠎ᠡ ᠳᠡᠭᠡᠨ ᠠᠳᠠᠭ ᠤᠨ ᠰᠠᠭᠤᠳᠠᠯ ᠳᠤ ᠰᠠᠭᠤ᠃ ᠲᠡᠭᠡᠪᠡᠯ ᠴᠢᠮᠠᠶᠢ ᠤᠷᠢᠭᠰᠠᠨ ᠬᠥᠮᠦᠨ ᠢᠷᠡᠭᠡᠳ᠄ 〈ᠨᠠᠢᠵᠠ ᠡ᠂ ᠳᠡᠭᠡᠭᠰᠢ ᠪᠠᠨ ᠰᠠᠭᠤ〉 ᠭᠡᠵᠦ ᠬᠡᠯᠡᠬᠦ ᠳᠦ᠂ ᠬᠠᠮᠲᠤ ᠰᠠᠭᠤᠭᠰᠠᠳ ᠤᠨ ᠢᠶᠠᠨ ᠡᠮᠦᠨ᠎ᠡ ᠴᠢ ᠬᠦᠨᠳᠦᠯᠡᠭᠳᠡᠬᠦ ᠪᠣᠯᠣᠨ᠎ᠠ᠃ 11 ᠥᠪᠡᠷ ᠢ ᠪᠠᠨ ᠳᠡᠭᠡᠳᠦᠯᠡᠭᠴᠢ ᠪᠦᠬᠦᠨ ᠳᠣᠣᠷᠠᠰᠢᠶᠠᠭᠳᠠᠨᠠ᠂ ᠥᠪᠡᠷ ᠢ ᠪᠠᠨ ᠳᠣᠣᠷᠠᠰᠢᠶᠠᠭᠴᠢ ᠨᠢ ᠳᠡᠭᠡᠳᠦᠯᠡᠭᠳᠡᠨ᠎ᠡ》 ᠭᠡᠪᠡ᠃
12 ᠢᠰᠦ᠋ᠰ ᠥᠪᠡᠷ ᠢ ᠨᠢ ᠤᠷᠢᠭᠰᠠᠨ ᠬᠥᠮᠦᠨ ᠳᠦ᠄ 《ᠴᠢ ᠦᠳᠡ ᠶᠢᠨ ᠬᠣᠭᠣᠯᠠ ᠪᠤᠶᠤ ᠣᠷᠣᠢ ᠶᠢᠨ ᠬᠣᠭᠣᠯᠠᠨ ᠳᠠᠭᠠᠨ ᠨᠠᠢᠵᠠ᠂ ᠠᠬ᠎ᠠ ᠳᠡᠭᠦᠦ᠂ ᠲᠥᠷᠥᠯ ᠰᠠᠳᠤᠨ᠂ ᠪᠠᠶᠠᠨ ᠬᠥᠷᠰᠢ ᠪᠠᠨ ᠪᠦᠦ ᠤᠷᠢ᠃ ᠲᠡᠳᠡ ᠴᠢᠮᠠᠶᠢ ᠤᠷᠢᠵᠦ ᠬᠠᠷᠢᠭᠤ ᠪᠠᠷᠢᠭᠤᠵᠠᠢ᠃ 13 ᠴᠢ ᠨᠠᠢᠷ ᠬᠢᠬᠦ ᠳᠡᠭᠡᠨ᠂ ᠶᠠᠳᠠᠭᠤ᠂ ᠵᠡᠮᠳᠡᠭ᠂ ᠳᠣᠭᠣᠯᠠᠩ᠂ ᠰᠣᠬᠣᠷ ᠬᠥᠮᠦᠰ ᠢ ᠤᠷᠢ᠃ 14 ᠲᠡᠭᠡᠪᠡᠯ ᠴᠢ ᠪᠤᠶᠠᠨ ᠲᠠᠢ ᠪᠣᠯᠣᠨ᠎ᠠ᠃ ᠤᠴᠢᠷ ᠨᠢ᠂ ᠲᠡᠳᠡ ᠬᠠᠷᠢᠭᠤ ᠪᠠᠷᠢᠬᠤ ᠴᠢᠳᠠᠯ ᠦᠭᠡᠢ ᠪᠣᠯᠬᠣᠷ ᠵᠥᠪᠲᠦ ᠬᠥᠮᠦᠰ ᠠᠮᠢᠯᠠᠬᠤ ᠳᠤ᠂ ᠴᠢ ᠬᠠᠷᠢᠭᠤ ᠬᠦᠷᠲᠡᠬᠦ ᠪᠣᠯᠣᠨ᠎ᠠ》 ᠭᠡᠪᠡ᠃
ᠦᠪᠡᠳᠡᠭᠰᠢ ᠨᠠᠢᠷ ᠤᠨ ᠦᠯᠢᠭᠡᠷᠯᠡᠯ
15 ᠬᠠᠮᠲᠤ ᠰᠠᠭᠤᠭᠰᠠᠳ ᠤᠨ ᠨᠢᠭᠡ ᠨᠢ ᠡᠭᠦᠨ ᠢ ᠰᠣᠨᠣᠰᠣᠭᠠᠳ ᠢᠰᠦ᠋ᠰ ᠲᠤ᠄ 《ᠪᠤᠷᠬᠠᠨ ᠤ ᠬᠠᠭᠠᠨᠴᠢᠯᠠᠯ ᠳᠤ ᠬᠣᠭᠣᠯᠠᠯᠠᠭᠴᠢ ᠪᠦᠬᠦᠨ ᠪᠤᠶᠠᠨ ᠲᠠᠢ》 ᠭᠡᠰᠡᠨ ᠳᠦ᠂ 16 ᠢᠰᠦ᠋ᠰ ᠲᠡᠭᠦᠨ ᠳᠦ ᠡᠢᠨ ᠬᠦ ᠶᠠᠷᠢᠪᠠ᠄ 《ᠨᠢᠭᠡᠨ ᠬᠥᠮᠦᠨ ᠶᠡᠬᠡ ᠨᠠᠢᠷ ᠬᠢᠵᠦ ᠣᠯᠠᠨ ᠬᠥᠮᠦᠨ ᠢ ᠤᠷᠢᠵᠠᠢ᠃ 17 ᠨᠠᠢᠷ ᠡᠬᠢᠯᠡᠬᠦ ᠴᠠᠭ ᠪᠣᠯᠬᠤ ᠳᠤ᠂ ᠲᠡᠷᠡ ᠵᠠᠷᠤᠴᠠ ᠪᠠᠨ ᠢᠯᠡᠭᠡᠵᠦ ᠤᠷᠢᠭᠳᠠᠭᠰᠠᠳ ᠲᠠᠭᠠᠨ᠄ 〈ᠢᠷᠡᠵᠡᠭᠡ︕ ᠣᠳᠣ ᠪᠡᠯᠡᠨ ᠪᠣᠯᠣᠯ᠎ᠠ〉 ᠭᠡᠵᠦ ᠬᠡᠯᠡᠭᠦᠯᠵᠡᠢ᠃ 18 ᠬᠠᠷᠢᠨ ᠬᠥᠮᠦᠰ ᠵᠡᠷᠭᠡ ᠪᠡᠷ ᠰᠢᠯᠲᠠᠭᠯᠠᠵᠤ ᠡᠬᠢᠯᠡᠪᠡ᠃ ᠨᠢᠭᠡ ᠨᠢ᠄ 〈ᠪᠢ ᠲᠠᠷᠢᠶᠠᠨ ᠭᠠᠵᠠᠷ ᠬᠤᠳᠠᠯᠳᠤᠨ ᠠᠪᠤᠭᠰᠠᠨ ᠲᠤᠯᠠ ᠵᠠᠪᠠᠯ ᠣᠴᠢᠵᠤ ᠦᠵᠡᠬᠦ ᠬᠡᠷᠡᠭᠲᠡᠢ ᠪᠠᠢᠨ᠎ᠠ᠃ ᠨᠠᠮᠠᠶᠢ ᠠᠭᠤᠴᠢᠯᠠᠬᠤ ᠶᠢ ᠭᠤᠶᠤᠶ᠎ᠠ〉 ᠭᠡᠵᠦ᠂ 19 ᠪᠠᠰᠠ ᠨᠢᠭᠡ ᠨᠢ᠄ 〈ᠪᠢ ᠬᠤᠳᠠᠯᠳᠤᠵᠤ ᠠᠪᠤᠭᠰᠠᠨ ᠲᠠᠪᠤᠨ ᠬᠣᠣᠰ ᠦᠬᠡᠷ ᠢᠶᠡᠨ ᠰᠣᠷᠢᠵᠤ ᠦᠵᠡᠬᠦ ᠪᠡᠷ ᠶᠠᠪᠤᠯ᠎ᠠ᠃ ᠨᠠᠮᠠᠶᠢ ᠠᠭᠤᠴᠢᠯᠠᠬᠤ ᠶᠢ ᠭᠤᠶᠤᠶ᠎ᠠ〉 ᠭᠡᠵᠦ᠂ 20 ᠥᠭᠡᠷ᠎ᠡ ᠨᠢᠭᠡ ᠨᠢ᠄ 〈ᠪᠢ ᠭᠡᠷᠭᠡᠢ ᠪᠠᠭᠤᠯᠭᠠᠭᠰᠠᠨ ᠤᠴᠢᠷ ᠠᠴᠠ ᠣᠴᠢᠵᠤ ᠠᠮᠵᠢᠬᠤ ᠦᠭᠡᠢ〉 ᠭᠡᠵᠦ ᠬᠡᠯᠡᠪᠡ᠃ 21 ᠵᠠᠷᠤᠴᠠ ᠨᠢ ᠪᠤᠴᠠᠵᠤ ᠢᠷᠡᠭᠡᠳ ᠡᠳᠡᠭᠡᠷ ᠶᠠᠪᠤᠳᠠᠯ ᠢ ᠳᠤᠭᠤᠯᠭᠠᠭᠰᠠᠨ ᠳᠤ᠂ ᠭᠡᠷ ᠦᠨ ᠡᠵᠡᠨ ᠠᠭᠤᠷᠯᠠᠵᠤ ᠵᠠᠷᠤᠴᠠ ᠳᠠᠭᠠᠨ᠄ 〈ᠬᠣᠲᠠ ᠶᠢᠨ ᠲᠠᠯᠠᠪᠠᠢ ᠪᠠ ᠭᠤᠳᠤᠮᠵᠢ ᠨᠤᠭᠤᠳ ᠢᠶᠠᠷ ᠬᠤᠷᠳᠤᠨ ᠶᠠᠪᠤᠵᠤ ᠶᠠᠳᠠᠭᠤ᠂ ᠵᠡᠮᠳᠡᠭ᠂ ᠰᠣᠬᠣᠷ᠂ ᠳᠣᠭᠣᠯᠠᠩ ᠬᠥᠮᠦᠰ ᠢ ᠠᠪᠤᠭᠠᠳ ᠢᠷ᠎ᠡ〉 ᠭᠡᠬᠦ ᠳᠦ᠂ 22 ᠵᠠᠷᠤᠴᠠ ᠨᠢ᠄ 〈ᠡᠵᠡᠨ ᠡ᠂ ᠲᠠᠨ ᠤ ᠵᠠᠬᠢᠭᠰᠠᠨ ᠶᠣᠰᠣᠭᠠᠷ ᠪᠣᠯᠣᠯ᠎ᠠ᠃ ᠬᠠᠷᠢᠨ ᠪᠠᠰᠠ ᠰᠤᠯᠠ ᠰᠠᠭᠤᠳᠠᠯ ᠪᠠᠢᠨ᠎ᠠ〉 ᠭᠡᠪᠡ᠃ 23 ᠡᠵᠡᠨ ᠲᠡᠷᠡ ᠵᠠᠷᠤᠴᠠ ᠳᠠᠭᠠᠨ᠄ 〈ᠴᠢ ᠬᠣᠲᠠ ᠠᠴᠠ ᠭᠠᠷᠤᠭᠠᠳ ᠵᠠᠮ ᠪᠠ ᠬᠠᠰᠢᠶ᠎ᠠ ᠨᠤᠭᠤᠳ ᠢᠶᠠᠷ ᠶᠠᠪᠤᠵᠤ᠂ ᠬᠥᠮᠦᠰ ᠢ ᠠᠯᠪᠠᠳᠠᠨ ᠠᠪᠴᠢᠷᠠᠭᠠᠳ ᠭᠡᠷ ᠢ ᠮᠢᠨᠢ ᠳᠦᠭᠦᠷᠭᠡ︕ 24 ᠪᠢ ᠲᠠ ᠨᠠᠷ ᠲᠤ ᠬᠡᠯᠡᠶ᠎ᠡ᠃ ᠲᠦᠷᠦᠭᠦᠨ ᠳᠦ ᠤᠷᠢᠭᠳᠠᠭᠰᠠᠨ ᠬᠥᠮᠦᠰ ᠦᠨ ᠨᠢᠭᠡ ᠨᠢ ᠴᠤ ᠮᠢᠨᠦ ᠨᠠᠢᠷ ᠠᠴᠠ ᠠᠮᠰᠠᠬᠤ ᠦᠭᠡᠢ ᠪᠣᠯᠣᠨ᠎ᠠ〉 ᠭᠡᠵᠡᠢ》 ᠭᠡᠪᠡ᠃
ᠱᠠᠪᠢ ᠪᠣᠯᠬᠤ ᠶᠢᠨ ᠦᠨ᠎ᠡ ᠲᠥᠯᠥᠪᠥᠷᠢ
25 ᠮᠠᠰᠢ ᠣᠯᠠᠨ ᠬᠥᠮᠦᠨ ᠢᠰᠦ᠋ᠰ ᠲᠠᠢ ᠬᠠᠮᠲᠤ ᠶᠠᠪᠤᠵᠤ ᠪᠠᠢᠯ᠎ᠠ᠃ ᠲᠡᠷᠡ ᠡᠷᠭᠢᠵᠦ ᠬᠠᠷᠠᠭᠠᠳ ᠲᠡᠳᠡᠨ ᠳᠦ᠄ 26 《ᠬᠥᠮᠦᠨ ᠨᠠᠳᠠ ᠤᠷᠤᠭᠤ ᠢᠷᠡᠵᠦ᠂ ᠨᠠᠮᠠᠶᠢ ᠡᠴᠢᠭᠡ ᠡᠬᠡ᠂ ᠡᠬᠡᠨᠡᠷ᠂ ᠬᠡᠦᠬᠡᠳ ᠤᠳ᠂ ᠠᠬ᠎ᠠ ᠡᠭᠡᠴᠢ ᠳᠡᠭᠦᠦ ᠲᠡᠳᠦᠢ ᠦᠭᠡᠢ᠂ ᠠᠮᠢᠨ ᠠᠴᠠ ᠪᠠᠨ ᠢᠯᠡᠭᠦᠦ ᠪᠡᠷ ᠬᠠᠢᠷᠠᠯᠠᠬᠤ 18 ᠡᠴᠡ ᠨᠠᠰᠢ ᠮᠢᠨᠦ ᠱᠠᠪᠢ ᠪᠣᠯᠵᠤ ᠦᠯᠦ ᠴᠢᠳᠠᠨ᠎ᠠ᠃ 27 ᠬᠡᠨ ᠴᠤ ᠵᠠᠭᠠᠯᠮᠠᠢ ᠪᠠᠨ ᠡᠭᠦᠷᠴᠦ ᠨᠠᠮᠠᠶᠢ ᠳᠠᠭᠠᠬᠤ ᠠᠴᠠ ᠨᠠᠰᠢ ᠮᠢᠨᠦ ᠱᠠᠪᠢ ᠪᠣᠯᠬᠤ ᠦᠭᠡᠢ᠃ 28 ᠲᠠ ᠨᠠᠷ ᠤᠨ ᠬᠡᠨ ᠨᠢᠭᠡ ᠨᠢ ᠴᠠᠮᠬᠠᠭ ᠪᠠᠷᠢᠬᠤ ᠭᠡᠪᠡᠯ᠂ ᠶᠠᠭᠤᠨ ᠤ ᠡᠮᠦᠨ᠎ᠡ ᠰᠠᠭᠤᠭᠠᠳ ᠠᠰᠢᠭᠯᠠᠯᠲᠠ ᠳᠤ ᠣᠷᠣᠭᠤᠯᠬᠤ ᠬᠦᠷᠲᠡᠯᠡᠬᠢ ᠵᠠᠷᠤᠳᠠᠯ ᠢ ᠲᠣᠭᠠᠴᠠᠭ᠎ᠠ ᠬᠢᠳᠡᠭ ᠪᠢᠰᠢ ᠤᠤ︖ 29 ᠰᠠᠭᠤᠷᠢ ᠶᠢ ᠨᠢ ᠲᠠᠯᠪᠢᠴᠢᠬᠠᠭᠠᠳ ᠪᠠᠷᠢᠵᠤ ᠳᠠᠭᠤᠰᠬᠠᠵᠤ ᠴᠢᠳᠠᠬᠤ ᠦᠭᠡᠢ ᠪᠣᠯ ᠦᠵᠡᠭᠰᠡᠨ ᠬᠥᠮᠦᠨ ᠪᠣᠯᠭᠠᠨ ᠲᠡᠭᠦᠨ ᠢ ᠳᠣᠭᠣᠭᠢᠯᠠᠵᠤ ᠡᠬᠢᠯᠡᠨ᠄ 30 〈ᠡᠨᠡ ᠬᠥᠮᠦᠨ ᠪᠠᠢᠭᠤᠯᠵᠤ ᠡᠬᠢᠯᠡᠴᠢᠬᠡᠭᠡᠳ ᠳᠠᠭᠤᠰᠬᠠᠵᠤ ᠴᠢᠳᠠᠭᠰᠠᠨ ᠦᠭᠡᠢ〉 ᠭᠡᠵᠦ ᠬᠡᠯᠡᠨ᠎ᠡ᠃ 31 ᠨᠢᠭᠡᠨ ᠬᠠᠭᠠᠨ ᠪᠠᠢᠯᠳᠤᠬᠤ ᠪᠠᠷ ᠶᠠᠪᠤᠶ᠎ᠠ ᠭᠡᠪᠡᠯ᠂ ᠶᠠᠭᠤᠨ ᠤ ᠡᠮᠦᠨ᠎ᠡ ᠰᠠᠭᠤᠭᠠᠳ ᠬᠣᠶᠠᠷ ᠲᠦᠮᠡᠨ ᠴᠡᠷᠢᠭ ᠲᠠᠢ ᠢᠷᠡᠵᠦ ᠪᠤᠢ ᠬᠠᠭᠠᠨ ᠲᠠᠢ ᠲᠦᠮᠡᠨ ᠴᠡᠷᠢᠭ ᠢᠶᠠᠷ ᠢᠶᠠᠨ ᠲᠤᠯᠤᠯᠳᠤᠬᠤ ᠴᠢᠳᠠᠪᠤᠷᠢ ᠪᠠᠢᠬᠤ ᠡᠰᠡᠬᠦ ᠪᠡᠨ ᠪᠣᠳᠣᠬᠤ ᠪᠢᠰᠢ ᠤᠤ︖ 32 ᠴᠢᠳᠠᠪᠤᠷᠢ ᠦᠭᠡᠢ ᠪᠣᠯ᠂ ᠳᠠᠢᠰᠤᠨ ᠢᠶᠠᠨ ᠬᠣᠯᠠ ᠪᠠᠢᠬᠤ ᠳᠤᠨᠢ ᠡᠯᠴᠢ ᠶᠠᠪᠤᠭᠤᠯᠵᠤ ᠡᠪᠰᠡᠬᠦ ᠶᠢ ᠭᠤᠶᠤᠨ᠎ᠠ᠃ 33 ᠡᠢᠨ ᠬᠦ ᠲᠠ ᠨᠠᠷ ᠤᠨ ᠬᠡᠨ ᠨᠢ ᠴᠤ ᠭᠡᠰᠡᠨ ᠥᠪᠡᠷ ᠦᠨ ᠪᠠᠢᠭ᠎ᠠ ᠪᠦᠬᠦᠨ ᠢᠶᠡᠨ ᠣᠷᠬᠢᠬᠤ ᠠᠴᠠ ᠨᠠᠰᠢ ᠮᠢᠨᠦ ᠱᠠᠪᠢ ᠪᠣᠯᠵᠤ ᠦᠯᠦ ᠴᠢᠳᠠᠨ᠎ᠠ᠃
34 ᠳᠠᠪᠤᠰᠤ ᠪᠣᠯ ᠰᠠᠢᠨ᠃ ᠭᠡᠪᠡᠴᠦ ᠳᠠᠪᠤᠰᠤ ᠠᠮᠲᠠ ᠪᠠᠨ ᠠᠯᠳᠠᠪᠠᠯ ᠶᠠᠭᠤ ᠪᠠᠷ ᠳᠠᠪᠤᠰᠤᠯᠢᠭ ᠪᠣᠯᠭᠠᠭᠳᠠᠬᠤ ᠪᠢᠯᠡ︖ 35 ᠲᠡᠷᠡ ᠨᠢ ᠲᠠᠷᠢᠶᠠᠨ ᠳᠤ ᠬᠢᠵᠦ ᠪᠣᠯᠳᠣᠭᠤᠷ ᠪᠣᠯᠭᠠᠬᠤ ᠳᠤ ᠴᠤ ᠬᠡᠷᠡᠭ ᠦᠭᠡᠢ ᠲᠤᠯᠠ ᠭᠠᠳᠠᠨ᠎ᠠ ᠬᠠᠶᠠᠭᠳᠠᠨ᠎ᠠ᠃ ᠰᠣᠨᠣᠰᠬᠤ ᠴᠢᠬᠢ ᠲᠠᠢ ᠨᠢ ᠰᠣᠨᠣᠰᠣᠭᠲᠤᠨ︕》 ᠭᠡᠪᠡ᠃