1 2 3 4 5 6 7 8 9 10 11 12 13 14 15 16 17 18 19 20 21 22 23 24


ᠯᠦᠺ ᠭᠤᠷᠪᠠ
 ᠤᠬᠢᠶᠠᠯ ᠬᠦᠷᠲᠡᠭᠡᠭᠴᠢ ᠶᠣᠬᠠᠨ ᠤ ᠲᠤᠩ᠋ᠬᠠᠭᠯᠠᠯ

1 ᠲᠢᠪᠧᠷᠢᠣ᠋ ᠺᠠᠶᠧᠰᠠᠷ ᠤᠨ ᠰᠠᠭᠤᠷᠢᠨ ᠳᠤ ᠰᠠᠭᠤᠭᠰᠠᠨ ᠤ ᠠᠷᠪᠠᠨ ᠲᠠᠪᠤᠳᠠᠬᠢ ᠵᠢᠯ ᠳᠤ᠂ ᠫᠣᠨᠲ᠋ᠢ ᠫᠢᠯᠠᠲ ᠶᠦᠳᠠᠢ ᠶᠢᠨ ᠵᠠᠬᠢᠷᠤᠭᠴᠢ᠂ ᠾᠧᠷᠣᠳ᠋ ᠭᠠᠯᠢᠯᠠᠶ᠎ᠠ ᠶᠢᠨ ᠬᠠᠨ᠂ ᠾᠧᠷᠣᠳ᠋ ᠤᠨ ᠳᠡᠭᠦᠦ ᠹᠢᠯᠢᠫ ᠢᠲ᠋ᠦ᠋ᠷᠠᠶ᠎ᠠ ᠪᠠ ᠲᠷᠠᠬᠣᠨᠢᠲ᠋ᠢ ᠶᠢᠨ ᠬᠠᠨ᠂ ᠯᠦᠰᠠᠨᠢᠶ᠎ᠠ ᠠᠪᠢᠯᠧᠨᠧ ᠶᠢᠨ ᠬᠠᠨ᠂ 2 ᠾᠠᠨᠠᠰ ᠪᠣᠯᠣᠨ ᠺᠠᠶᠠᠹᠠ ᠲᠡᠷᠢᠭᠦᠨ ᠲᠠᠬᠢᠯᠴᠢ ᠪᠠᠢᠬᠤ ᠳᠤ᠂ ᠪᠤᠷᠬᠠᠨ ᠤ ᠦᠭᠡ ᠽᠠᠺᠠᠷᠢᠶ᠎ᠠ ᠶᠢᠨ ᠬᠦᠦ ᠶᠣᠬᠠᠨ ᠳᠤ ᠪᠠᠭᠤᠪᠠ᠃ ᠲᠡᠷᠡ ᠦᠶ᠎ᠡ ᠳᠦ ᠶᠣᠬᠠᠨ ᠴᠥᠯ ᠳᠤ ᠪᠠᠢᠵᠠᠢ᠃ 3 ᠲᠡᠷᠡ ᠪᠡᠷ ᠶᠣᠷᠳᠠᠨ ᠭᠣᠣᠯ ᠤᠨ ᠬᠠᠪᠢ ᠶᠢᠨ ᠪᠦᠬᠦ ᠭᠠᠵᠠᠷ ᠢᠶᠠᠷ ᠶᠠᠪᠤᠵᠤ᠂ ᠭᠡᠮ ᠨᠢᠭᠦᠯ ᠢᠶᠡᠨ ᠠᠭᠤᠴᠢᠯᠠᠭᠤᠯᠬᠤ ᠭᠡᠮᠰᠢᠯ ᠤᠨ ᠤᠬᠢᠶᠠᠯ ᠢ ᠲᠤᠩ᠋ᠬᠠᠭᠯᠠᠵᠤ ᠪᠠᠢᠯ᠎ᠠ᠃ 4 ᠡᠢᠨ ᠬᠦ ᠡᠰᠢ ᠦᠵᠡᠭᠦᠯᠦᠭᠴᠢ ᠢᠰᠠᠢᠶ᠎ᠠ ᠶᠢᠨ ᠨᠣᠮ ᠳᠤ᠄ 《ᠴᠥᠯ ᠳᠤ ᠬᠠᠰᠬᠢᠷᠤᠭᠴᠢ ᠨᠢᠭᠡᠨ ᠦ ᠳᠠᠭᠤ᠄ 〈ᠡᠵᠡᠨ ᠦ ᠵᠠᠮ ᠢ ᠪᠡᠯᠡᠳᠬᠡᠵᠡᠭᠡ︕ ᠲᠡᠭᠦᠨ ᠦ ᠬᠠᠷᠭᠤᠢ ᠶᠢ ᠰᠢᠯᠤᠭᠤᠳᠬᠠᠭᠲᠤᠨ︕
5 ᠬᠥᠨᠳᠡᠢ ᠪᠣᠯᠭᠠᠨ ᠳᠦᠭᠦᠷᠴᠦ ᠠᠭᠤᠯᠠ ᠲᠣᠯᠣᠭᠠᠳ ᠪᠣᠯᠭᠠᠨ ᠨᠠᠮ ᠪᠣᠯᠣᠨ᠎ᠠ ᠮᠤᠷᠤᠢ ᠨᠢ ᠰᠢᠯᠤᠭᠤᠨ ᠪᠠᠷᠲᠠᠭ᠎ᠠ ᠲᠠᠢ ᠵᠠᠮ ᠨᠢ ᠲᠡᠭᠰᠢ ᠪᠣᠯᠣᠨ᠂
6 ᠬᠠᠮᠤᠭ ᠮᠢᠬᠠᠨ ᠪᠡᠶᠡᠲᠦ ᠬᠥᠮᠦᠨ ᠪᠤᠷᠬᠠᠨ ᠤ ᠠᠪᠤᠷᠠᠯ ᠢ ᠦᠵᠡᠨ᠎ᠡ〉 ᠭᠡᠰᠡᠨ》
ᠭᠡᠵᠦ ᠪᠢᠴᠢᠭᠳᠡᠭᠰᠡᠨ ᠢᠶᠡᠷ ᠪᠣᠯᠵᠠᠢ᠃

7 ᠶᠣᠬᠠᠨ ᠤᠬᠢᠶᠠᠯ ᠬᠦᠷᠲᠡᠬᠦ ᠪᠡᠷ ᠭᠠᠷᠴᠤ ᠢᠷᠡᠭᠰᠡᠨ ᠣᠯᠠᠨ ᠳᠤ᠄ 《ᠬᠣᠣᠷᠲᠤ ᠮᠣᠭᠠᠢ ᠶᠢᠨ ᠦᠷ᠎ᠡ ᠲᠥᠯ ᠡ᠂ 〈ᠠᠢᠰᠤᠢ ᠬᠢᠯᠢᠩᠨᠡᠯ ᠡᠴᠡ ᠵᠠᠢᠯᠠ〉 ᠭᠡᠵᠦ ᠬᠡᠨ ᠲᠠ ᠨᠠᠷ ᠲᠤ ᠵᠢᠭᠠᠭᠰᠠᠨ ᠪᠤᠢ︖ 8 ᠭᠡᠮᠰᠢᠯ ᠳᠤ ᠨᠡᠢᠴᠡᠬᠦ ᠵᠢᠮᠢᠰ ᠢᠶᠠᠨ ᠰᠠᠭᠤᠯᠭ᠎ᠠ᠂ 〈ᠠᠪᠷᠠᠬᠠᠮ ᠪᠣᠯ ᠪᠢᠳᠡᠨ ᠦ ᠡᠪᠦᠭᠡ〉 ᠬᠡᠮᠡᠨ ᠶᠠᠷᠢᠶ᠎ᠠ ᠭᠡᠵᠦ ᠳᠣᠲᠣᠷ᠎ᠠ ᠪᠠᠨ ᠪᠢᠲᠡᠭᠡᠢ ᠪᠣᠳᠣ᠃ ᠲᠠ ᠨᠠᠷ ᠲᠤ ᠬᠡᠯᠡᠶ᠎ᠡ᠂ ᠪᠤᠷᠬᠠᠨ ᠡᠳᠡᠭᠡᠷ ᠴᠢᠯᠠᠭᠤᠨ ᠠᠴᠠ ᠴᠤ ᠠᠪᠷᠠᠬᠠᠮ ᠤᠨ ᠦᠷ᠎ᠡ ᠤᠳᠤᠮ ᠢ ᠪᠤᠢ ᠪᠣᠯᠭᠠᠵᠤ ᠴᠢᠳᠠᠨ᠎ᠠ᠃ 9 ᠮᠣᠳᠣᠳ ᠤᠨ ᠦᠨᠳᠦᠰᠦᠨ ᠳᠦ ᠰᠦᠬᠡ ᠬᠡᠳᠦᠢᠨᠡᠢ ᠲᠠᠯᠪᠢᠭᠳᠠᠵᠠᠢ᠂ ᠰᠠᠢᠨ ᠵᠢᠮᠢᠰ ᠰᠠᠭᠤᠳᠠᠭ ᠦᠭᠡᠢ ᠮᠣᠳᠣ ᠪᠦᠬᠦᠨ ᠴᠠᠪᠴᠢᠭᠳᠠᠵᠤ ᠭᠠᠯ ᠳᠤ ᠬᠠᠶᠠᠭᠳᠠᠨ᠎ᠠ》 ᠭᠡᠪᠡ᠃

10 ᠴᠤᠭᠯᠠᠷᠠᠭᠰᠠᠨ ᠣᠯᠠᠨ ᠲᠡᠭᠦᠨ ᠡᠴᠡ᠄ 《ᠲᠡᠭᠡᠪᠡᠯ ᠪᠢᠳᠡ ᠶᠠᠭᠤ ᠬᠢᠬᠦ ᠶᠣᠰᠣᠲᠠᠢ ᠶᠤᠮ ᠪᠤᠢ︖》 ᠭᠡᠵᠦ ᠠᠰᠠᠭᠤᠬᠤ ᠳᠤ᠂ 11 ᠲᠡᠷᠡ᠄ 《ᠬᠣᠶᠠᠷ ᠬᠤᠪᠴᠠᠰᠤ ᠲᠠᠢ ᠨᠢ ᠬᠤᠪᠴᠠᠰᠤ ᠦᠭᠡᠢ ᠳᠡᠭᠡᠨ ᠥᠭ᠂ ᠬᠣᠭᠣᠯᠠ ᠲᠠᠢ ᠨᠢ ᠴᠤ ᠲᠡᠭᠡ》 ᠭᠡᠯ᠎ᠡ᠃ 12 ᠭᠠᠢᠯᠢᠴᠢᠳ ᠪᠠᠰᠠ ᠤᠬᠢᠶᠠᠯ ᠬᠦᠷᠲᠡᠬᠦ ᠪᠡᠷ ᠢᠷᠡᠵᠦ᠂ ᠲᠡᠭᠦᠨ ᠡᠴᠡ᠄ 《ᠪᠠᠭᠰᠢ ᠡ᠂ ᠪᠢᠳᠡ ᠶᠠᠭᠤ ᠬᠢᠬᠦ ᠶᠣᠰᠣᠲᠠᠢ ᠪᠤᠢ︖》 ᠭᠡᠬᠦ ᠳᠦ᠂ 13 ᠶᠣᠬᠠᠨ᠄ 《ᠥᠪᠡᠷᠰᠡᠳ ᠲᠦ ᠴᠢᠨᠢ ᠲᠣᠭᠲᠠᠭᠠᠭᠳᠠᠭᠰᠠᠨ ᠠᠴᠠ ᠢᠯᠡᠭᠦᠦ ᠶᠢ ᠪᠦᠦ ᠠᠪ》 ᠭᠡᠪᠡ᠃ 14 ᠴᠡᠷᠢᠭ ᠤᠳ ᠪᠠᠰᠠ᠄ 《ᠪᠢᠳᠡ ᠴᠤ ᠶᠠᠭᠤ ᠬᠢᠬᠦ ᠶᠣᠰᠣᠲᠠᠢ ᠪᠤᠢ︖》 ᠭᠡᠰᠡᠨ ᠳᠦ᠂ ᠲᠡᠷᠡ᠄ 《ᠬᠥᠮᠦᠨ ᠢ ᠪᠦᠦ ᠰᠦᠷᠳᠡᠭᠦᠯ᠂ ᠬᠢᠯᠢᠰ ᠢᠶᠠᠷ ᠪᠦᠦ ᠭᠦᠳᠬᠡ᠂ ᠠᠪᠳᠠᠭ ᠴᠠᠯᠢᠩ ᠳᠠᠭᠠᠨ ᠬᠠᠨᠤᠮᠵᠢᠲᠠᠢ ᠪᠠᠢ》 ᠭᠡᠯ᠎ᠡ᠃

15 ᠠᠷᠠᠳ ᠲᠦᠮᠡᠨ ᠾᠷᠢᠰᠲ᠋ᠣᠰ ᠢ ᠬᠦᠯᠢᠶᠡᠵᠦ ᠪᠠᠢᠭᠰᠠᠨ ᠲᠤᠯᠠ ᠶᠣᠬᠠᠨ ᠾᠷᠢᠰᠲ᠋ᠣᠰ ᠮᠥᠨ ᠪᠣᠯᠬᠤ ᠡᠰᠡᠬᠦ ᠶᠢ ᠪᠦᠭᠦᠳᠡᠭᠡᠷ ᠰᠡᠳᠬᠢᠯ ᠳᠡᠭᠡᠨ ᠪᠣᠳᠣᠵᠤ ᠪᠠᠢᠯ᠎ᠠ᠃ 16 ᠶᠣᠬᠠᠨ ᠪᠦᠭᠦᠳᠡ ᠳᠦ ᠬᠠᠷᠢᠭᠤᠯᠤᠨ᠄ 《ᠪᠢ ᠲᠠ ᠨᠠᠷ ᠲᠤ ᠤᠰᠤ ᠪᠠᠷ ᠤᠬᠢᠶᠠᠯ ᠬᠦᠷᠲᠡᠭᠡᠵᠦ ᠪᠠᠢᠨ᠎ᠠ᠂ ᠬᠠᠷᠢᠨ ᠨᠠᠳᠠ ᠠᠴᠠ ᠬᠦᠴᠦᠷᠬᠡᠭ ᠨᠢᠭᠡᠨ ᠨᠢ ᠢᠷᠡᠨ᠎ᠡ᠂ ᠨᠠᠳᠠ ᠳᠤ ᠲᠡᠭᠦᠨ ᠦ ᠱᠠᠬᠠᠢ ᠶᠢᠨ ᠤᠶᠠᠭᠠᠰᠤ ᠶᠢ ᠲᠠᠢᠯᠬᠤ ᠬᠢᠷᠢ ᠭᠡᠮ ᠴᠤ ᠪᠠᠢᠬᠤ ᠦᠭᠡᠢ᠂ ᠲᠡᠷᠡ ᠲᠠ ᠨᠠᠷ ᠲᠤ ᠠᠷᠢᠭᠤᠨ ᠰᠦᠨᠡᠰᠦ ᠪᠣᠯᠣᠨ ᠭᠠᠯ ᠢᠶᠠᠷ ᠤᠬᠢᠶᠠᠯ ᠬᠦᠷᠲᠡᠭᠡᠨ᠎ᠡ᠃ 17 ᠲᠡᠷᠡ ᠭᠠᠷ ᠲᠠᠭᠠᠨ ᠳᠡᠪᠢᠭᠦᠷ ᠪᠠᠷᠢᠵᠤ ᠦᠲᠦᠷᠮ᠎ᠡ ᠪᠡᠨ ᠴᠡᠪᠡᠷᠯᠡᠨ᠂ ᠪᠤᠭᠤᠳᠠᠢ ᠪᠠᠨ ᠬᠥᠮᠥᠷᠭᠡ ᠳᠦ ᠬᠤᠷᠢᠶᠠᠬᠤ ᠪᠥᠭᠡᠳ ᠬᠡᠪᠡᠭ ᠢ ᠨᠢ ᠤᠨᠲᠠᠷᠠᠰᠢ ᠦᠭᠡᠢ ᠭᠠᠯ ᠳᠤ ᠲᠦᠯᠡᠬᠦ ᠪᠣᠯᠣᠨ᠎ᠠ》 ᠭᠡᠯ᠎ᠡ᠃

18 ᠶᠣᠬᠠᠨ ᠡᠭᠦᠨ ᠡᠴᠡ ᠭᠠᠳᠠᠨ᠎ᠠ ᠣᠯᠠᠨ ᠰᠤᠷᠭᠠᠯ ᠢᠶᠠᠷ ᠠᠷᠠᠳ ᠲᠦᠮᠡᠨ ᠢ ᠢᠳᠬᠠᠵᠤ᠂ ᠪᠠᠶᠠᠷ ᠤᠨ ᠮᠡᠳᠡᠭᠡ ᠤᠯᠠᠮᠵᠢᠯᠠᠵᠤ ᠪᠠᠢᠯ᠎ᠠ᠃ 19 ᠬᠠᠷᠢᠨ ᠾᠧᠷᠣᠳ᠋ ᠬᠠᠨ ᠳᠡᠭᠦᠦ ᠶᠢᠨ ᠢᠶᠠᠨ ᠡᠬᠡᠨᠡᠷ ᠾᠧᠷᠣᠳᠢᠶ᠎ᠠ ᠲᠠᠢ ᠪᠣᠯᠣᠭᠰᠠᠨ ᠶᠠᠪᠤᠳᠠᠯ ᠪᠠ ᠥᠪᠡᠷ ᠦᠨ ᠦᠢᠯᠡᠳᠦᠭᠰᠡᠨ ᠪᠤᠵᠠᠷ ᠬᠡᠷᠡᠭ ᠡᠴᠡ ᠪᠡᠨ ᠪᠣᠯᠵᠤ ᠶᠣᠬᠠᠨ ᠳᠤ ᠵᠢᠮᠡᠯᠡᠭᠳᠡᠨ 20 ᠡᠨᠡ ᠪᠦᠬᠦᠨ ᠦ ᠪᠠᠨ ᠳᠡᠭᠡᠷ᠎ᠡ ᠲᠡᠭᠦᠨ ᠢ ᠭᠢᠨᠳᠠᠨ ᠳᠤ ᠬᠣᠷᠢᠭᠰᠠᠨ ᠢᠶᠠᠷ ᠢᠶᠠᠨ ᠪᠠᠰᠠ ᠨᠢᠭᠡ ᠬᠡᠷᠡᠭ ᠨᠡᠮᠡᠵᠡᠢ᠃
 ᠢᠰᠦ᠋ᠰ ᠤᠬᠢᠶᠠᠯ ᠬᠦᠷᠲᠡᠭᠰᠡᠨ ᠨᠢ

21 ᠠᠷᠠᠳ ᠣᠯᠠᠨ ᠤᠬᠢᠶᠠᠯ ᠬᠦᠷᠲᠡᠵᠦ ᠪᠠᠢᠯ᠎ᠠ᠃ ᠢᠰᠦ᠋ᠰ ᠪᠠᠰᠠ ᠤᠬᠢᠶᠠᠯ ᠬᠦᠷᠲᠡᠭᠡᠳ ᠳᠠᠭᠠᠳᠬᠠᠵᠤ ᠪᠠᠢᠲᠠᠯ᠎ᠠ᠂ ᠲᠩᠷᠢ ᠨᠡᠭᠡᠭᠡᠭᠳᠡᠨ 22 ᠠᠷᠢᠭᠤᠨ ᠰᠦᠨᠡᠰᠦ ᠲᠠᠭᠲᠠᠭᠠᠨ ᠤ ᠬᠡᠯᠪᠡᠷᠢ ᠪᠠᠷ ᠢᠰᠦ᠋ᠰ ᠤᠨ ᠳᠡᠭᠡᠷ᠎ᠡ ᠪᠠᠭᠤᠪᠠ᠃ ᠪᠠᠰᠠ ᠲᠩᠷᠢ ᠡᠴᠡ ᠳᠠᠭᠤ ᠭᠠᠷᠴᠤ᠄ 《ᠴᠢ ᠪᠣᠯ ᠮᠢᠨᠦ ᠬᠠᠢᠷᠠᠲᠠᠢ ᠬᠦᠦ᠂ ᠴᠢ ᠨᠠᠳᠠ ᠳᠤ ᠲᠠᠭᠠᠯᠠᠭᠳᠠᠳᠠᠭ》 ᠭᠡᠪᠡ᠃
 ᠢᠰᠦ᠋ᠰ ᠤᠨ ᠭᠡᠷ ᠦᠨ ᠴᠠᠳᠢᠭ

23 ᠢᠰᠦ᠋ᠰ ᠠᠵᠢᠯ ᠦᠢᠯᠡᠰ ᠢᠶᠡᠨ ᠡᠬᠢᠯᠡᠬᠦ ᠳᠡᠭᠡᠨ ᠭᠤᠴᠢᠭᠠᠳ ᠨᠠᠰᠤᠲᠠᠢ ᠪᠠᠢᠯ᠎ᠠ᠃ ᠬᠥᠮᠦᠰ ᠦᠨ ᠣᠢᠯᠠᠭᠠᠭᠰᠠᠨ ᠢᠶᠠᠷ᠂ ᠲᠡᠷᠡ ᠪᠣᠯ ᠶᠣᠰᠧᠹ ᠤᠨ ᠬᠦᠦ ᠪᠠᠢᠪᠠ᠃ ᠶᠣᠰᠧᠹ ᠨᠢ ᠧᠯᠢ ᠶᠢᠨ ᠬᠦᠦ᠂ 24 ᠧᠯᠢ ᠨᠢ ᠮᠠᠲ᠋ᠠᠲ ᠤᠨ ᠬᠦᠦ᠂ ᠮᠠᠲ᠋ᠠᠲ ᠨᠢ ᠯᠧᠸᠢ ᠶᠢᠨ ᠬᠦᠦ᠂ ᠯᠧᠸᠢ ᠨᠢ ᠮᠧᠯᠬᠢ ᠶᠢᠨ ᠬᠦᠦ᠂ ᠮᠧᠯᠬᠢ ᠨᠢ ᠶᠠᠨᠠᠢ ᠶᠢᠨ ᠬᠦᠦ᠂ ᠶᠠᠨᠠᠢ ᠨᠢ ᠶᠣᠰᠧᠹ ᠤᠨ ᠬᠦᠦ᠂ 25 ᠶᠣᠰᠧᠹ ᠨᠢ ᠮᠠᠲ᠋ᠠᠲ᠋ᠢᠶ᠎ᠠ ᠶᠢᠨ ᠬᠦᠦ᠂ ᠮᠠᠲ᠋ᠠᠲ᠋ᠢᠶ᠎ᠠ ᠨᠢ ᠠᠮᠣᠰ ᠤᠨ ᠬᠦᠦ᠂ ᠠᠮᠣᠰ ᠨᠢ ᠨᠠᠾᠦ᠋ᠮ ᠤᠨ ᠬᠦᠦ᠂ ᠨᠠᠾᠦ᠋ᠮ ᠨᠢ ᠧᠰᠯᠢ ᠶᠢᠨ ᠬᠦᠦ᠂ ᠧᠰᠯᠢ ᠨᠢ ᠨᠠᠭᠠᠢ ᠶᠢᠨ ᠬᠦᠦ᠂ 26 ᠨᠠᠭᠠᠢ ᠨᠢ ᠮᠠᠶᠠᠲ ᠤᠨ ᠬᠦᠦ᠂ ᠮᠠᠶᠠᠲ ᠨᠢ ᠮᠠᠲ᠋ᠠᠲ᠋ᠢᠶ᠎ᠠ ᠶᠢᠨ ᠬᠦᠦ᠂ ᠮᠠᠲ᠋ᠠᠲ᠋ᠢᠶ᠎ᠠ ᠨᠢ ᠰᠧᠮᠧᠶᠢᠨ ᠤ ᠬᠦᠦ᠂ ᠰᠧᠮᠧᠶᠢᠨ ᠨᠢ ᠶᠣᠰᠧᠹ ᠤᠨ ᠬᠦᠦ᠂ ᠶᠣᠰᠧᠹ ᠨᠢ ᠶᠦᠳᠠ ᠶᠢᠨ ᠬᠦᠦ᠂ 27 ᠶᠦᠳᠠ ᠨᠢ ᠶᠣᠸᠠᠨᠠᠨ ᠤ ᠬᠦᠦ᠂ ᠶᠣᠸᠠᠨᠠᠨ ᠨᠢ ᠷᠧᠰᠠ ᠶᠢᠨ ᠬᠦᠦ᠂ ᠷᠧᠰᠠ ᠨᠢ ᠽᠣᠷᠣᠪᠠᠪᠧᠯ ᠤᠨ ᠬᠦᠦ᠂ ᠽᠣᠷᠣᠪᠠᠪᠧᠯ ᠨᠢ ᠱᠠᠯᠲ᠋ᠢᠶᠧᠯ ᠤᠨ ᠬᠦᠦ᠂ ᠱᠠᠯᠲ᠋ᠢᠶᠧᠯ ᠨᠢ ᠨᠧᠷᠢ ᠶᠢᠨ ᠬᠦᠦ᠂ 28 ᠨᠧᠷᠢ ᠨᠢ ᠮᠧᠯᠬᠢ ᠶᠢᠨ ᠬᠦᠦ᠂ ᠮᠧᠯᠬᠢ ᠨᠢ ᠠᠳᠢ ᠶᠢᠨ ᠬᠦᠦ᠂ ᠠᠳᠢ ᠨᠢ ᠺᠣᠰᠠᠮ ᠤᠨ ᠬᠦᠦ᠂ ᠺᠣᠰᠠᠮ ᠨᠢ ᠧᠯᠮᠠᠳᠠᠮ ᠤᠨ ᠬᠦᠦ᠂ ᠧᠯᠮᠠᠳᠠᠮ ᠨᠢ ᠡᠷ ᠦᠨ ᠬᠦᠦ᠂ 29 ᠡᠷ ᠨᠢ ᠢᠰᠦ᠋ᠰ ᠤᠨ ᠬᠦᠦ᠂ ᠢᠰᠦ᠋ᠰ ᠨᠢ ᠧᠯᠢᠶᠧᠽᠧᠷ ᠤᠨ ᠬᠦᠦ᠂ ᠧᠯᠢᠶᠧᠽᠧᠷ ᠨᠢ ᠶᠣᠷᠢᠮ ᠤᠨ ᠬᠦᠦ᠂ ᠶᠣᠷᠢᠮ ᠨᠢ ᠮᠠᠲ᠋ᠠᠲ ᠤᠨ ᠬᠦᠦ᠂ ᠮᠠᠲ᠋ᠠᠲ ᠨᠢ ᠯᠧᠸᠢ ᠶᠢᠨ ᠬᠦᠦ᠂ 30 ᠯᠧᠸᠢ ᠨᠢ ᠰᠢᠮᠣᠨ ᠤ ᠬᠦᠦ᠂ ᠰᠢᠮᠣᠨ ᠨᠢ ᠶᠦᠳᠠ ᠶᠢᠨ ᠬᠦᠦ᠂ ᠶᠦᠳᠠ ᠨᠢ ᠶᠣᠰᠧᠹ ᠤᠨ ᠬᠦᠦ᠂ ᠶᠣᠰᠧᠹ ᠨᠢ ᠶᠣᠨᠠᠮ ᠤᠨ ᠬᠦᠦ᠂ ᠶᠣᠨᠠᠮ ᠨᠢ ᠧᠯᠢᠶᠠᠺᠢᠮ ᠤᠨ ᠬᠦᠦ᠂ 31 ᠧᠯᠢᠶᠠᠺᠢᠮ ᠨᠢ ᠮᠧᠯᠧᠶ᠎ᠠ ᠶᠢᠨ ᠬᠦᠦ᠂ ᠮᠧᠯᠧᠶ᠎ᠠ ᠨᠢ ᠮᠧᠨᠠ ᠶᠢᠨ ᠬᠦᠦ᠂ ᠮᠧᠨᠠ ᠨᠢ ᠮᠠᠲ᠋ᠠᠲ᠋ᠠ ᠶᠢᠨ ᠬᠦᠦ᠂ ᠮᠠᠲ᠋ᠠᠲ᠋ᠠ ᠨᠢ ᠨᠠᠲ᠋ᠠᠮ ᠤᠨ ᠬᠦᠦ᠂ ᠨᠠᠲ᠋ᠠᠮ ᠨᠢ ᠳ᠋ᠠᠸᠢᠳ᠋ ᠤᠨ ᠬᠦᠦ᠂ 32 ᠳ᠋ᠠᠸᠢᠳ᠋ ᠨᠢ ᠢᠱᠠᠢ ᠶᠢᠨ ᠬᠦᠦ᠂ ᠢᠱᠠᠢ ᠨᠢ ᠣᠪᠧᠳ᠋ ᠤᠨ ᠬᠦᠦ᠂ ᠣᠪᠧᠳ᠋ ᠨᠢ ᠪᠣᠶᠠᠽ ᠤᠨ ᠬᠦᠦ᠂ ᠪᠣᠶᠠᠽ ᠨᠢ ᠰᠠᠯᠮᠣᠨ ᠤ ᠬᠦᠦ᠂ ᠰᠠᠯᠮᠣᠨ ᠨᠢ ᠨᠠᠾᠱᠣᠨ ᠤ ᠬᠦᠦ᠂ 33 ᠨᠠᠾᠱᠣᠨ ᠨᠢ ᠠᠮᠢᠨᠠᠳᠠᠪ ᠤᠨ ᠬᠦᠦ᠂ ᠠᠮᠢᠨᠠᠳᠠᠪ ᠨᠢ ᠠᠳ᠋ᠮᠢᠨ ᠤ ᠬᠦᠦ᠂ ᠠᠳ᠋ᠮᠢᠨ ᠨᠢ ᠠᠷᠠᠮ ᠤᠨ ᠬᠦᠦ᠂ ᠠᠷᠠᠮ ᠨᠢ ᠾᠧᠽᠷᠣᠨ ᠤ ᠬᠦᠦ᠂ ᠾᠧᠽᠷᠣᠨ ᠨᠢ ᠫᠧᠷᠧᠽ ᠤᠨ ᠬᠦᠦ᠂ ᠫᠧᠷᠧᠽ ᠨᠢ ᠶᠦᠳᠠ ᠶᠢᠨ ᠬᠦᠦ᠂ 34 ᠶᠦᠳᠠ ᠨᠢ ᠶᠠᠺᠣᠪ ᠤᠨ ᠬᠦᠦ᠂ ᠶᠠᠺᠣᠪ ᠨᠢ ᠢᠰᠠᠺ ᠤᠨ ᠬᠦᠦ᠂ ᠢᠰᠠᠺ ᠨᠢ ᠠᠪᠷᠠᠬᠠᠮ ᠤᠨ ᠬᠦᠦ᠂ ᠠᠪᠷᠠᠬᠠᠮ ᠨᠢ ᠲᠧᠷᠠ ᠶᠢᠨ ᠬᠦᠦ᠂ ᠲᠧᠷᠠ ᠨᠢ ᠨᠠᠬᠣᠷ ᠤᠨ ᠬᠦᠦ᠂ 35 ᠨᠠᠬᠣᠷ ᠨᠢ ᠰᠠᠷᠦ᠋ᠭ ᠤᠨ ᠬᠦᠦ᠂ ᠰᠠᠷᠦ᠋ᠭ ᠨᠢ ᠷᠧᠣᠢ ᠶᠢᠨ ᠬᠦᠦ᠂ ᠷᠧᠣᠢ ᠨᠢ ᠫᠧᠯᠧᠭ ᠤᠨ ᠬᠦᠦ᠂ ᠫᠧᠯᠧᠭ ᠨᠢ ᠧᠪᠧᠷ ᠤᠨ ᠬᠦᠦ᠂ ᠧᠪᠧᠷ ᠨᠢ ᠱᠠᠯᠠ ᠶᠢᠨ ᠬᠦᠦ᠂ 36 ᠱᠠᠯᠠ ᠨᠢ ᠺᠠᠢᠨᠠᠨ ᠤ ᠬᠦᠦ᠂ ᠺᠠᠢᠨᠠᠨ ᠨᠢ ᠠᠷᠫᠠᠭᠰᠠᠳ᠋ ᠤᠨ ᠬᠦᠦ᠂ ᠠᠷᠫᠠᠭᠰᠠᠳ᠋ ᠨᠢ ᠱᠧᠮ ᠤᠨ ᠬᠦᠦ᠂ ᠱᠧᠮ ᠨᠢ ᠨᠣᠶᠠ ᠶᠢᠨ ᠬᠦᠦ᠂ ᠨᠣᠶᠠ ᠨᠢ ᠯᠠᠮᠧᠬ᠎ᠠ ᠶᠢᠨ ᠬᠦᠦ᠂ 37 ᠯᠠᠮᠧᠬ᠎ᠠ ᠨᠢ ᠮᠠᠲ᠋ᠦ᠋ᠰᠠᠯᠠ ᠶᠢᠨ ᠬᠦᠦ᠂ ᠮᠠᠲ᠋ᠦ᠋ᠰᠠᠯᠠ ᠨᠢ ᠧᠨᠣᠺ ᠤᠨ ᠬᠦᠦ᠂ ᠧᠨᠣᠺ ᠨᠢ ᠶᠠᠷᠧᠳ᠋ ᠤᠨ ᠬᠦᠦ᠂ ᠶᠠᠷᠧᠳ᠋ ᠨᠢ ᠮᠠᠬᠠᠯᠠᠯᠧᠯ ᠤᠨ ᠬᠦᠦ᠂ ᠮᠠᠬᠠᠯᠠᠯᠧᠯ ᠨᠢ ᠺᠠᠢᠨᠠᠨ ᠤ ᠬᠦᠦ᠂ 38 ᠺᠠᠢᠨᠠᠨ ᠨᠢ ᠧᠨᠣᠰ ᠤᠨ ᠬᠦᠦ᠂ ᠧᠨᠣᠰ ᠨᠢ ᠰᠧᠲ ᠤᠨ ᠬᠦᠦ᠂ ᠰᠧᠲ ᠨᠢ ᠠᠳᠠᠮ ᠤᠨ ᠬᠦᠦ᠂ ᠠᠳᠠᠮ ᠨᠢ ᠪᠤᠷᠬᠠᠨ ᠤ ᠬᠦᠦ ᠪᠣᠯᠣᠨ᠎ᠠ᠃