1 2 3 4 5 6 7 8 9 10 11 12 13 14 15 16 17 18 19 20 21 22 23 24


ᠯᠦᠺ ᠠᠷᠪᠠᠨ ᠨᠠᠢ᠌ᠮᠠ
 ᠳᠠᠭᠠᠳᠬᠠᠯ ᠤᠨ ᠲᠤᠬᠠᠢ ᠦᠯᠢᠭᠡᠷᠯᠡᠯ

1 ᠲᠡᠳᠡᠨ ᠢ ᠪᠠᠢᠩ᠋ᠭᠤ ᠳᠠᠭᠠᠳᠬᠠᠨ ᠪᠦᠦ ᠴᠥᠬᠥᠷᠡᠭᠡᠰᠡᠢ ᠭᠡᠰᠡᠨ ᠳᠡᠭᠡᠨ ᠢᠰᠦ᠋ᠰ ᠦᠯᠢᠭᠡᠷᠯᠡᠯ ᠢᠶᠡᠷ᠄ 2 《ᠨᠢᠭᠡᠨ ᠬᠣᠲᠠ ᠳᠤ ᠪᠤᠷᠬᠠᠨ ᠠᠴᠠ ᠡᠮᠢᠶᠡᠳᠡᠭ ᠦᠭᠡᠢ᠂ ᠬᠥᠮᠦᠨ ᠢ ᠬᠦᠨᠳᠦᠯᠡᠳᠡᠭ ᠦᠭᠡᠢ ᠰᠢᠭᠦᠭᠴᠢ ᠪᠠᠢᠵᠠᠢ᠃ 3 ᠲᠡᠷᠡ ᠬᠣᠲᠠ ᠳᠤ ᠨᠢᠭᠡᠨ ᠪᠡᠯᠪᠡᠰᠦᠨ ᠡᠮᠡᠭᠲᠡᠢ ᠪᠠᠢᠭᠰᠠᠨ ᠪᠥᠭᠡᠳ ᠲᠡᠷᠡ ᠡᠨᠡ ᠰᠢᠭᠦᠭᠴᠢ ᠤᠷᠤᠭᠤ ᠣᠯᠠᠨᠲᠠ ᠢᠷᠡᠵᠦ᠄ 〈ᠮᠢᠨᠦ ᠡᠰᠡᠷᠭᠦᠴᠡᠯᠳᠦᠭᠴᠢ ᠶᠢᠨ ᠡᠮᠦᠨ᠎ᠡ ᠨᠠᠳᠠ ᠳᠤ ᠭᠣᠣᠯᠴᠢ ᠪᠠᠷ ᠰᠢᠢᠳᠪᠦᠷᠢᠯᠡᠵᠦ ᠥᠭᠭᠥᠭᠡᠴᠢ〉 ᠭᠡᠵᠦ ᠭᠤᠶᠤᠳᠠᠭ ᠪᠠᠢᠪᠠ᠂ 4 ᠰᠢᠭᠦᠭᠴᠢ ᠰᠣᠨᠣᠰᠬᠤ ᠦᠭᠡᠢ ᠪᠠᠢᠵᠤ ᠪᠠᠢᠭᠰᠠᠨ ᠢᠶᠠᠨ᠂ ᠬᠣᠵᠢᠮ ᠨᠢ ᠳᠣᠲᠣᠷ᠎ᠠ ᠪᠠᠨ᠄ 〈ᠪᠢ ᠶᠡᠷᠦ ᠪᠤᠷᠬᠠᠨ ᠠᠴᠠ ᠡᠮᠢᠶᠡᠳᠡᠭ ᠦᠭᠡᠢ᠂ ᠬᠥᠮᠦᠨ ᠢ ᠬᠦᠨᠳᠦᠯᠡᠳᠡᠭ ᠦᠭᠡᠢ ᠪᠣᠯᠪᠠᠴᠤ 5 ᠡᠨᠡ ᠪᠡᠯᠪᠡᠰᠦᠨ ᠡᠮᠡᠭᠲᠡᠢ ᠨᠠᠮᠠᠶᠢ ᠳᠡᠩᠰᠡᠯᠭᠡᠭᠡᠳ ᠪᠠᠢᠬᠤ ᠲᠤᠯᠠ ᠰᠢᠢᠳᠪᠦᠷᠢᠯᠡᠵᠦ ᠥᠭᠭᠥᠶ᠎ᠡ ᠳᠠ᠃ ᠦᠭᠡᠢ ᠪᠣᠯ ᠲᠡᠷᠡ ᠢᠷᠡᠭᠰᠡᠭᠡᠷ ᠪᠠᠢᠭᠠᠳ ᠨᠠᠮᠠᠶᠢ ᠲᠤᠢᠯᠳᠠᠭᠤᠯᠬᠤ ᠨᠢ〉 ᠭᠡᠵᠦ ᠪᠣᠳᠣᠵᠠᠢ》 ᠭᠡᠪᠡ᠃ 6 ᠲᠡᠭᠡᠭᠡᠳ ᠡᠵᠡᠨ᠄ 《ᠲᠠ ᠨᠠᠷ ᠡᠨᠡ ᠰᠢᠳᠤᠷᠭᠤ ᠪᠤᠰᠤ ᠰᠢᠭᠦᠭᠴᠢ ᠶᠢᠨ ᠦᠭᠡ ᠶᠢ ᠠᠩ᠋ᠬᠠᠷ᠃ 7 ᠡᠳᠦᠷ ᠰᠥᠨᠢ ᠦᠭᠡᠢ ᠲᠡᠭᠦᠨ ᠤᠷᠤᠭᠤ ᠬᠠᠰᠬᠢᠷᠴᠤ ᠪᠠᠢᠳᠠᠭ ᠰᠣᠩ᠋ᠭᠣᠭᠳᠠᠭᠰᠠᠳ ᠢᠶᠠᠨ ᠪᠤᠷᠬᠠᠨ ᠴᠠᠭᠠᠳᠬᠠᠬᠤ ᠦᠭᠡᠢ ᠪᠠᠷ ᠤᠳᠠᠭᠠᠨ᠎ᠠ ᠭᠡᠵᠢ ᠤᠤ︖ 8 ᠲᠠ ᠨᠠᠷ ᠲᠤ ᠬᠡᠯᠡᠶ᠎ᠡ᠂ ᠳᠠᠷᠤᠢᠬᠠᠨ ᠲᠡᠳᠡᠨ ᠳᠦ ᠭᠣᠣᠯᠴᠢ ᠪᠠᠷ ᠰᠢᠢᠳᠪᠦᠷᠢᠯᠡᠵᠦ ᠥᠭᠭᠥᠨ᠎ᠡ᠃ ᠬᠠᠷᠢᠨ ᠬᠥᠮᠦᠨ ᠦ ᠬᠦᠦ ᠢᠷᠡᠬᠦ ᠳᠡᠭᠡᠨ ᠭᠠᠵᠠᠷ ᠳᠡᠭᠡᠷ᠎ᠡ ᠢᠲᠡᠭᠡᠯ ᠢ ᠣᠯᠵᠤ ᠬᠠᠷᠠᠬᠤ ᠪᠣᠯ ᠤᠤ︖》 ᠭᠡᠪᠡ᠃

9 ᠪᠠᠰᠠ ᠪᠡᠶ᠎ᠡ ᠪᠡᠨ ᠵᠥᠪᠲᠦ ᠭᠡᠵᠦ ᠢᠲᠡᠭᠡᠭᠡᠳ ᠪᠤᠰᠤᠳ ᠢ ᠪᠠᠰᠤᠮᠵᠢᠯᠠᠳᠠᠭ ᠬᠥᠮᠦᠰ ᠲᠦ ᠦᠯᠢᠭᠡᠷᠯᠡᠯ ᠢᠶᠡᠷ᠄ 10 《ᠬᠣᠶᠠᠷ ᠬᠥᠮᠦᠨ ᠳᠠᠭᠠᠳᠬᠠᠬᠤ ᠪᠠᠷ ᠠᠷᠢᠭᠤᠨ ᠣᠷᠳᠣᠨ ᠳᠤ ᠣᠷᠣᠵᠠᠢ᠃ ᠨᠢᠭᠡ ᠨᠢ ᠹᠠᠷᠢᠰᠠᠢ ᠬᠥᠮᠦᠨ᠂ ᠨᠥᠭᠥᠭᠡ ᠨᠢ ᠭᠠᠢᠯᠢᠴᠢᠨ ᠪᠠᠢᠯ᠎ᠠ᠃ 11 ᠹᠠᠷᠢᠰᠠᠢ ᠬᠥᠮᠦᠨ ᠲᠤᠰ ᠲᠠᠭᠠᠨ ᠵᠣᠭᠰᠣᠭᠠᠳ ᠳᠠᠭᠠᠳᠬᠠᠬᠤ ᠳᠠᠭᠠᠨ᠄ 〈ᠪᠤᠷᠬᠠᠨ ᠮᠢᠨᠢ ᠡ᠂ ᠲᠠᠨ ᠳᠤ ᠲᠠᠯᠠᠷᠬᠠᠶ᠎ᠠ᠂ ᠪᠢ ᠪᠤᠰᠤᠳ ᠤᠨ ᠰᠢᠭ᠋ ᠮᠥᠯᠵᠢᠮᠡᠲᠡᠭᠡᠢ᠂ ᠵᠥᠪ ᠪᠤᠰᠤ ᠪᠠ ᠵᠠᠪᠬᠠᠢ ᠪᠢᠰᠢ᠂ ᠡᠨᠡ ᠭᠠᠢᠯᠢᠴᠢᠨ ᠰᠢᠭ᠋ ᠴᠤ ᠪᠢᠰᠢ ᠶᠤᠮ᠃ 12 ᠪᠢ ᠭᠠᠷᠠᠭ ᠲᠤ ᠬᠣᠶᠠᠷ ᠤᠳᠠᠭ᠎ᠠ ᠪᠠᠴᠠᠭ ᠪᠠᠷᠢᠵᠤ᠂ ᠣᠯᠣᠭᠰᠠᠨ ᠪᠦᠬᠦᠨ ᠦ ᠪᠠᠨ ᠠᠷᠪᠠᠨ ᠤ ᠨᠢᠭᠡ ᠶᠢ ᠡᠷᠭᠦᠳᠡᠭ〉 ᠭᠡᠵᠡᠢ᠃ 13 ᠬᠠᠷᠢᠨ ᠭᠠᠢᠯᠢᠴᠢᠨ ᠵᠠᠢᠳᠠᠭᠤ ᠵᠣᠭᠰᠣᠭᠠᠳ ᠲᠩᠷᠢ ᠥᠭᠡᠳᠡ ᠨᠢᠳᠦ ᠡᠷᠭᠦᠨ ᠬᠠᠷᠠᠵᠤ ᠴᠤ ᠵᠢᠷᠦᠬᠡᠯᠡᠬᠦ ᠦᠭᠡᠢ᠂ ᠴᠡᠭᠡᠵᠢ ᠪᠠᠨ ᠳᠡᠯᠡᠳᠦᠭᠰᠡᠭᠡᠷ᠄ 〈ᠪᠤᠷᠬᠠᠨ ᠮᠢᠨᠢ᠂ ᠨᠢᠭᠦᠯᠲᠦ ᠨᠠᠮᠠᠶᠢ ᠥᠷᠥᠰᠢᠶᠡᠭᠡᠴᠢ︕〉 ᠭᠡᠰᠡᠨ ᠪᠠᠢᠪᠠ᠃ 14 ᠲᠠ ᠨᠠᠷ ᠲᠤ ᠬᠡᠯᠡᠶ᠎ᠡ᠃ ᠡᠨᠡ ᠭᠠᠢᠯᠢᠴᠢᠨ ᠨᠥᠭᠥᠭᠡ ᠬᠥᠮᠦᠨ ᠡᠴᠡ ᠢᠯᠡᠭᠦᠦ ᠵᠥᠪᠲᠥᠭᠡᠭᠳᠡᠵᠦ ᠭᠡᠷ ᠲᠡᠭᠡᠨ ᠬᠠᠷᠢᠪᠠ᠃ ᠪᠡᠶ᠎ᠡ ᠪᠡᠨ ᠳᠡᠭᠡᠳᠦᠯᠡᠭᠴᠢ ᠪᠦᠬᠦᠨ ᠳᠣᠣᠷᠠᠰᠢᠶᠠᠭᠳᠠᠨ᠎ᠠ᠂ ᠪᠡᠶ᠎ᠡ ᠪᠡᠨ ᠳᠣᠣᠷᠠᠰᠢᠶᠠᠭᠴᠢ ᠨᠢ ᠳᠡᠭᠡᠳᠦᠯᠡᠭᠳᠡᠨ᠎ᠡ》 ᠭᠡᠪᠡ᠃

15 ᠬᠥᠮᠦᠰ ᠨᠢᠯᠬ᠎ᠠ ᠬᠡᠦᠬᠡᠳ ᠤᠳ ᠤᠨ ᠳᠡᠭᠡᠷ᠎ᠡ ᠴᠤ ᠮᠤᠲᠤᠷ ᠲᠠᠯᠪᠢᠭᠤᠯᠬᠤ ᠭᠡᠵᠦ ᠢᠰᠦ᠋ᠰ ᠤᠷᠤᠭᠤ ᠠᠪᠴᠢᠷᠠᠵᠤ ᠪᠠᠢᠬᠤ ᠳᠤ᠂ ᠱᠠᠪᠢ ᠨᠠᠷ ᠨᠢ ᠬᠠᠷᠠᠭᠠᠳ ᠲᠡᠳᠡᠨ ᠢ ᠵᠢᠮᠡᠯᠡᠪᠡ᠃ 16 ᠬᠠᠷᠢᠨ ᠢᠰᠦ᠋ᠰ ᠬᠡᠦᠬᠡᠳ ᠤᠳ ᠢ ᠳᠠᠭᠤᠳᠠᠨ᠄ 《ᠬᠡᠦᠬᠡᠳ ᠤᠳ ᠤᠨ ᠨᠠᠳᠠ ᠤᠷᠤᠭᠤ ᠢᠷᠡᠬᠦ ᠶᠢ ᠵᠥᠪᠰᠢᠶᠡᠷᠡ᠂ ᠪᠦᠦ ᠬᠣᠷᠢᠭᠯᠠ᠂ ᠪᠤᠷᠬᠠᠨ ᠤ ᠬᠠᠭᠠᠨᠴᠢᠯᠠᠯ ᠪᠣᠯ ᠡᠢᠮᠦᠷᠬᠦ ᠬᠥᠮᠦᠰ ᠦᠨ ᠬᠢ ᠶᠤᠮ᠃ 17 ᠲᠠ ᠨᠠᠷ ᠲᠤ ᠪᠠᠲᠤᠲᠠᠢ ᠬᠡᠯᠡᠶ᠎ᠡ᠂ ᠪᠤᠷᠬᠠᠨ ᠤ ᠬᠠᠭᠠᠨᠴᠢᠯᠠᠯ ᠢ ᠬᠡᠦᠬᠡᠳ ᠰᠢᠭ ᠢᠶᠠᠷ ᠬᠦᠯᠢᠶᠡᠨ ᠠᠪᠬᠤ ᠠᠴᠠ ᠨᠠᠰᠢ ᠬᠡᠨ ᠴᠤ ᠲᠡᠨᠳᠡ ᠯᠠᠪ ᠣᠷᠣᠬᠤ ᠦᠭᠡᠢ》 ᠭᠡᠯ᠎ᠡ᠃
 ᠪᠠᠶᠠᠨ ᠵᠠᠯᠠᠭᠤ ᠨᠣᠶᠠᠨ

18 ᠨᠢᠭᠡᠨ ᠨᠣᠶᠠᠨ ᠢᠰᠦ᠋ᠰ ᠡᠴᠡ᠄ 《ᠰᠠᠢᠨ ᠪᠠᠭᠰᠢ ᠡ᠂ ᠮᠥᠩᠬᠡ ᠠᠮᠢ ᠶᠢ ᠥᠪᠯᠡᠬᠦ ᠶᠢᠨ ᠲᠤᠯᠠᠳᠠ ᠪᠢ ᠶᠠᠭᠤ ᠬᠢᠬᠦ ᠶᠣᠰᠣᠲᠠᠢ ᠪᠤᠢ︖》 ᠭᠡᠵᠦ ᠠᠰᠠᠭᠤᠪᠠ᠃ 19 ᠢᠰᠦ᠋ᠰ᠄ 《ᠴᠢ ᠶᠠᠭᠤᠨ ᠳᠤ ᠨᠠᠮᠠᠶᠢ ᠰᠠᠢᠨ ᠭᠡᠵᠦ ᠪᠠᠢᠨ᠎ᠠ ᠪᠤᠢ︖ ᠭᠠᠭᠴᠠ ᠪᠤᠷᠬᠠᠨ ᠠᠴᠠ ᠥᠭᠡᠷ᠎ᠡ ᠬᠡᠨ ᠴᠤ ᠰᠠᠢᠨ ᠪᠢᠰᠢ᠃ 20 〈ᠪᠦᠦ ᠵᠠᠪᠬᠠᠢᠷᠠ᠂ ᠪᠦᠦ ᠠᠯᠠ᠂ ᠪᠦᠦ ᠬᠤᠯᠠᠭᠠᠢᠯᠠ᠂ ᠬᠤᠳᠠᠯ ᠢᠶᠠᠷ ᠪᠦᠦ ᠭᠡᠷᠡᠴᠢᠯᠡ᠂ ᠡᠴᠢᠭᠡ ᠡᠬᠡ ᠪᠡᠨ ᠬᠦᠨᠳᠦᠯᠡ〉 ᠭᠡᠰᠡᠨ ᠵᠠᠷᠯᠢᠭ ᠤᠳ ᠢ ᠴᠢ ᠮᠡᠳᠡᠨ᠎ᠡ ᠰᠢᠦ ᠳᠠ》 ᠭᠡᠬᠦ ᠳᠦ᠂ 21 ᠲᠡᠷᠡ᠄ 《ᠡᠨᠡ ᠪᠦᠬᠦᠨ ᠢ ᠪᠢ ᠪᠠᠭ᠎ᠠ ᠠᠴᠠ ᠪᠠᠨ ᠰᠠᠬᠢᠭᠰᠠᠨ》 ᠭᠡᠵᠦ ᠬᠡᠯᠡᠵᠡᠢ᠃ 22 ᠢᠰᠦ᠋ᠰ ᠡᠭᠦᠨ ᠢ ᠰᠣᠨᠣᠰᠣᠭᠠᠳ᠄ 《ᠴᠢᠮ᠎ᠠ ᠳᠤ ᠬᠠᠷᠠᠬᠠᠨ ᠨᠢᠭᠡ ᠶᠠᠭᠤᠮ᠎ᠠ ᠳᠤᠲᠠᠵᠤ ᠪᠠᠢᠨ᠎ᠠ᠃ ᠪᠠᠢᠭ᠎ᠠ ᠪᠦᠬᠦᠨ ᠢᠶᠡᠨ ᠬᠤᠳᠠᠯᠳᠤᠵᠤ ᠶᠠᠳᠠᠭᠤᠴᠤᠳ ᠲᠤ ᠥᠭ᠂ ᠲᠡᠭᠡᠪᠡᠯ ᠴᠢ ᠲᠩᠷᠢ ᠳᠤ ᠡᠷᠳᠡᠨᠢᠰ ᠲᠠᠢ ᠪᠣᠯᠣᠨ᠎ᠠ᠃ ᠲᠡᠭᠡᠭᠡᠳ ᠢᠷᠡᠵᠦ ᠨᠠᠮᠠᠶᠢ ᠳᠠᠭ᠎ᠠ》 ᠭᠡᠪᠡ᠃ 23 ᠲᠡᠷᠡ ᠬᠥᠮᠦᠨ ᠶᠡᠬᠡ ᠪᠠᠶᠠᠨ ᠪᠣᠯᠬᠣᠷ ᠡᠨᠡ ᠦᠭᠡ ᠶᠢ ᠰᠣᠨᠣᠰᠣᠭᠠᠳ ᠭᠤᠨᠢᠭᠯᠠᠵᠠᠢ᠃ 24 ᠢᠰᠦ᠋ᠰ ᠲᠡᠭᠦᠨ ᠢ ᠬᠠᠷᠠᠭᠠᠳ᠄ 《ᠬᠥᠷᠥᠩᠭᠡ ᠲᠠᠢ ᠬᠥᠮᠦᠰ ᠦᠨ ᠪᠤᠷᠬᠠᠨ ᠤ ᠬᠠᠭᠠᠨᠴᠢᠯᠠᠯ ᠳᠤ ᠣᠷᠣᠬᠤ ᠨᠢ ᠶᠠᠭᠠᠬᠢᠭᠰᠠᠨ ᠪᠡᠷᠬᠡᠲᠡᠢ ᠶᠤᠮ ᠪᠤᠢ︕ 25 ᠪᠠᠶᠠᠨ ᠬᠥᠮᠦᠨ ᠪᠤᠷᠬᠠᠨ ᠤ ᠬᠠᠭᠠᠨᠴᠢᠯᠠᠯ ᠳᠤ ᠣᠷᠣᠬᠤ ᠠᠴᠠ ᠲᠡᠪᠡᠨᠡ ᠶᠢᠨ ᠰᠦᠪᠡ ᠪᠡᠷ ᠲᠡᠮᠡᠭᠡ ᠣᠷᠣᠬᠤ ᠨᠢ ᠬᠢᠯᠪᠠᠷᠬᠠᠨ》 ᠭᠡᠰᠡᠨ ᠳᠦ᠂ 26 ᠰᠣᠨᠣᠰᠣᠭᠰᠠᠨ ᠬᠥᠮᠦᠰ᠄ 《ᠲᠡᠭᠡᠪᠡᠯ ᠬᠡᠨ ᠠᠪᠤᠷᠠᠭᠳᠠᠵᠤ ᠴᠢᠳᠠᠬᠤ ᠶᠤᠮ ᠪᠤᠢ︖》 ᠭᠡᠵᠡᠢ᠃ 27 ᠢᠰᠦ᠋ᠰ᠄ 《ᠬᠥᠮᠦᠨ ᠳᠦ ᠪᠣᠯᠣᠮᠵᠢ ᠦᠭᠡᠢ ᠴᠤ ᠪᠤᠷᠬᠠᠨ ᠳᠤ ᠪᠣᠯᠣᠮᠵᠢ ᠲᠠᠢ》 ᠭᠡᠪᠡ᠃

28 ᠫᠧᠲ᠋ᠧᠷ᠄ 《ᠬᠠᠷᠠ ᠳᠠ᠂ ᠪᠢᠳᠡ ᠪᠠᠢᠳᠠᠭ ᠢᠶᠠᠨ ᠣᠷᠬᠢᠭᠠᠳ ᠲᠠᠨ ᠢ ᠳᠠᠭᠠᠭᠰᠠᠨ》 ᠭᠡᠵᠦ ᠬᠡᠯᠡᠬᠦ ᠳᠦ᠂ 29 ᠢᠰᠦ᠋ᠰ᠄ 《ᠲᠠ ᠨᠠᠷ ᠲᠤ ᠪᠠᠲᠤᠲᠠᠢ ᠬᠡᠯᠡᠶ᠎ᠡ᠂ ᠪᠤᠷᠬᠠᠨ ᠤ ᠬᠠᠭᠠᠨᠴᠢᠯᠠᠯ ᠤᠨ ᠲᠥᠯᠥᠭᠡ ᠭᠡᠷ ᠣᠷᠣᠨ᠂ ᠡᠬᠡᠨᠡᠷ᠂ ᠠᠬ᠎ᠠ ᠳᠡᠭᠦᠦ᠂ ᠡᠴᠢᠭᠡ ᠡᠬᠡ᠂ ᠡᠰᠡᠪᠡᠯ ᠦᠷ᠎ᠡ ᠬᠡᠦᠬᠡᠳ ᠤᠳ ᠢᠶᠠᠨ ᠣᠷᠬᠢᠭᠰᠠᠨ ᠬᠥᠮᠦᠨ ᠪᠣᠯᠭᠠᠨ 30 ᠡᠨᠡ ᠦᠶ᠎ᠡ ᠳᠦ ᠣᠯᠠᠨ ᠳᠠᠬᠢᠨ ᠢᠶᠠᠷ ᠬᠦᠷᠲᠡᠬᠦ ᠪᠥᠭᠡᠳ ᠢᠷᠡᠬᠦ ᠦᠶ᠎ᠡ ᠳᠦ ᠮᠥᠩᠬᠡ ᠠᠮᠢ ᠣᠯᠬᠤ ᠪᠣᠯᠣᠨ᠎ᠠ》 ᠭᠡᠪᠡ᠃

31 ᠢᠰᠦ᠋ᠰ ᠠᠷᠪᠠᠨ ᠬᠣᠶᠠᠷ ᠱᠠᠪᠢ ᠪᠠᠨ ᠬᠠᠵᠠᠭᠤ ᠳᠠᠭᠠᠨ ᠠᠪᠴᠢᠷᠠᠵᠤ᠄ 《ᠠᠩ᠋ᠬᠠᠷᠤᠭᠲᠤᠨ︕ ᠪᠢᠳᠡ ᠶᠧᠷᠦ᠋ᠰᠠᠯᠧᠮ ᠥᠭᠡᠳᠡ ᠶᠠᠪᠤᠵᠤ ᠪᠠᠢᠨ᠎ᠠ᠃ ᠢᠩᠭᠢᠭᠡᠳ ᠬᠥᠮᠦᠨ ᠦ ᠬᠦᠦ ᠶᠢᠨ ᠲᠤᠬᠠᠢ ᠡᠰᠢ ᠦᠵᠡᠭᠦᠯᠦᠭᠴᠢᠳ ᠤᠨ ᠪᠢᠴᠢᠭᠰᠡᠨ ᠪᠦᠬᠦᠨ ᠪᠡᠶᠡᠯᠡᠭᠳᠡᠬᠦ ᠭᠡᠵᠦ ᠪᠠᠢᠨ᠎ᠠ᠃ 32 ᠬᠥᠮᠦᠨ ᠦ ᠬᠦᠦ ᠬᠠᠷᠢᠴᠤᠳ ᠲᠤ ᠲᠤᠰᠢᠶᠠᠭᠳᠠᠭᠠᠳ ᠳᠣᠭᠣᠭᠢᠯᠠᠭᠳᠠᠨ᠂ ᠳᠣᠷᠣᠮᠵᠢᠯᠠᠭᠳᠠᠵᠤ ᠨᠤᠯᠮᠤᠭᠳᠠᠨ᠎ᠠ᠃ 33 ᠲᠡᠳᠡ ᠲᠠᠰᠢᠭᠤᠷᠳᠠᠵᠤ ᠲᠡᠭᠦᠨ ᠢ ᠠᠯᠠᠬᠤ ᠪᠣᠯᠪᠠᠴᠤ ᠲᠡᠷᠡ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠪᠣᠯᠣᠨ᠎ᠠ》 ᠭᠡᠰᠡᠨ ᠳᠦ᠂ 34 ᠱᠠᠪᠢ ᠨᠠᠷ ᠨᠢ ᠶᠠᠭᠤ ᠶᠢ ᠨᠢ ᠴᠤ ᠣᠢᠯᠠᠭᠠᠭᠰᠠᠨ ᠦᠭᠡᠢ᠃ ᠲᠡᠭᠦᠨ ᠦ ᠬᠡᠯᠡᠭᠰᠡᠨ ᠦᠭᠡ ᠱᠠᠪᠢ ᠨᠠᠷ ᠠᠴᠠ ᠨᠢ ᠨᠢᠭᠤᠴᠠᠯᠠᠭᠳᠠᠭᠰᠠᠨ ᠪᠣᠯᠬᠣᠷ ᠶᠠᠭᠤ ᠶᠠᠷᠢᠵᠤ ᠪᠠᠢᠭ᠎ᠠ ᠶᠢ ᠨᠢ ᠲᠡᠳᠡ ᠮᠡᠳᠡᠭᠰᠡᠨ ᠦᠭᠡᠢ᠃
 ᠪᠠᠷᠲ᠋ᠢᠮᠠᠢ ᠬᠠᠷᠠᠭ᠎ᠠ ᠣᠷᠣᠭᠰᠠᠨ ᠨᠢ

35 ᠢᠰᠦ᠋ᠰ ᠶᠧᠷᠢᠺᠣ ᠳᠤ ᠣᠢᠷᠠᠲᠤᠵᠤ ᠪᠠᠢᠬᠤ ᠳᠤ᠂ ᠨᠢᠭᠡᠨ ᠰᠣᠬᠣᠷ ᠬᠥᠮᠦᠨ ᠵᠠᠮ ᠤᠨ ᠬᠠᠵᠠᠭᠤ ᠳᠤ ᠰᠠᠭᠤᠭᠠᠳ ᠭᠤᠢᠷᠠᠨᠴᠢᠯᠠᠵᠤ ᠪᠠᠢᠵᠠᠢ᠃ 36 ᠣᠯᠠᠨ ᠬᠥᠮᠦᠨ ᠦ ᠥᠩᠭᠡᠷᠡᠵᠦ ᠪᠠᠢᠭ᠎ᠠ ᠴᠢᠮᠡᠭᠡ ᠪᠡᠷ ᠲᠡᠷᠡ ᠶᠠᠭᠤ ᠪᠣᠯᠵᠤ ᠪᠠᠢᠭ᠎ᠠ ᠶᠢ ᠠᠰᠠᠭᠤᠭᠰᠠᠨ ᠳᠤ᠂ 37 ᠬᠥᠮᠦᠰ ᠲᠡᠭᠦᠨ ᠳᠦ᠄ 《ᠨᠠᠽᠠᠷᠧᠲ ᠤᠨ ᠢᠰᠦ᠋ᠰ ᠶᠠᠪᠤᠵᠤ ᠪᠠᠢᠨ᠎ᠠ》 ᠭᠡᠵᠦ ᠳᠤᠭᠤᠯᠭᠠᠪᠠ᠃ 38 ᠰᠣᠬᠣᠷ ᠬᠥᠮᠦᠨ ᠴᠢᠩᠭ᠍᠎ᠠ ᠳᠠᠭᠤ ᠪᠠᠷ᠄ 《ᠳ᠋ᠠᠸᠢᠳ᠋ ᠤᠨ ᠤᠳᠤᠮ ᠢᠰᠦ᠋ᠰ ᠡ︕ ᠨᠠᠮᠠᠶᠢ ᠡᠨᠡᠷᠢᠭᠡᠴᠢ︕》 ᠭᠡᠰᠡᠨ ᠳᠦ᠂ 39 ᠡᠮᠦᠨ᠎ᠡ ᠶᠠᠪᠤᠭᠰᠠᠳ ᠲᠡᠭᠦᠨ ᠢ 《ᠳᠠᠭᠤ ᠦᠭᠡᠢ ᠪᠠᠢ》 ᠭᠡᠵᠦ ᠵᠠᠩᠨᠠᠭᠰᠠᠨ ᠪᠣᠯᠪᠠᠴᠤ ᠲᠡᠷᠡ ᠬᠠᠷᠢᠨ ᠤᠯᠠᠮ ᠴᠢᠩᠭ᠍᠎ᠠ ᠪᠠᠷ᠄ 《ᠳ᠋ᠠᠸᠢᠳ᠋ ᠤᠨ ᠤᠳᠤᠮ ᠡ︕ ᠨᠠᠮᠠᠶᠢ ᠡᠨᠡᠷᠢᠭᠡᠴᠢ︕》 ᠭᠡᠵᠦ ᠬᠠᠰᠬᠢᠷᠤᠭᠰᠠᠭᠠᠷ ᠪᠠᠢᠪᠠ᠃ 40 ᠢᠰᠦ᠋ᠰ ᠬᠦᠯᠢᠶᠡᠰᠬᠢᠵᠦ᠄ 《ᠲᠡᠭᠦᠨ ᠢ ᠨᠠᠰᠢ ᠪᠠᠨ ᠠᠪᠴᠢᠷᠠ》 ᠭᠡᠵᠦ ᠵᠠᠬᠢᠯ᠎ᠠ᠃ ᠲᠡᠷᠡ ᠢᠷᠡᠬᠦ ᠳᠦ᠂ ᠢᠰᠦ᠋ᠰ᠄ 41 《ᠨᠠᠳᠠ ᠪᠠᠷ ᠶᠠᠭᠤ ᠬᠢᠯᠭᠡᠬᠦ ᠶᠢ ᠬᠦᠰᠡᠵᠦ ᠪᠠᠢᠨ᠎ᠠ ᠪᠤᠢ︖》 ᠭᠡᠰᠡᠨ ᠳᠦ᠂ ᠲᠡᠷᠡ᠄ 《ᠡᠵᠡᠨ ᠡ᠂ ᠪᠢ ᠬᠠᠷᠠᠭ᠎ᠠ ᠲᠠᠢ ᠪᠣᠯᠬᠤ ᠶᠤᠮ ᠰᠠᠨ》 ᠭᠡᠪᠡ᠃ 42 ᠢᠰᠦ᠋ᠰ ᠲᠡᠭᠦᠨ ᠳᠦ᠄ 《ᠬᠠᠷᠠᠭ᠎ᠠ ᠣᠷᠣ︕ ᠢᠲᠡᠭᠡᠯ ᠴᠢᠨᠢ ᠴᠢᠮᠠᠶᠢ ᠠᠪᠤᠷᠠᠯ᠎ᠠ》 ᠭᠡᠵᠦ ᠬᠡᠯᠡᠮᠡᠭᠴᠡ 43 ᠲᠡᠷᠡ ᠬᠥᠮᠦᠨ ᠬᠠᠷᠠᠭ᠎ᠠ ᠣᠷᠣᠵᠤ᠂ ᠪᠤᠷᠬᠠᠨ ᠢ ᠠᠯᠳᠠᠷᠰᠢᠭᠤᠯᠤᠨ ᠢᠰᠦ᠋ᠰ ᠢ ᠳᠠᠭᠠᠯ᠎ᠠ᠃ ᠠᠷᠠᠳ ᠣᠯᠠᠨ ᠪᠦᠭᠦᠳᠡᠭᠡᠷ ᠢᠶᠡᠨ ᠡᠭᠦᠨ ᠢ ᠦᠵᠡᠭᠡᠳ ᠪᠤᠷᠬᠠᠨ ᠳᠤ ᠮᠠᠭᠲᠠᠭᠠᠯ ᠢ ᠡᠷᠭᠦᠪᠡ᠃