1 2 3 4 5 6 7 8 9 10 11 12 13 14 15 16 17 18 19 20 21 22 23 24


ᠯᠦᠺ ᠬᠣᠷᠢᠨ ᠳᠥᠷᠪᠡ
 ᠢᠰᠦ᠋ᠰ ᠠᠮᠢᠯᠠᠭᠰᠠᠨ ᠨᠢ

1 ᠠᠮᠠᠷᠠᠯ ᠤᠨ ᠳᠠᠷᠠᠭᠠᠬᠢ ᠡᠳᠦᠷ ᠦᠨ ᠦᠷ ᠢᠶᠡᠷ ᠡᠮᠡᠭᠲᠡᠢᠴᠦᠳ ᠪᠡᠯᠡᠳᠬᠡᠭᠰᠡᠨ ᠦᠨᠦᠷᠲᠡᠨ ᠢᠶᠡᠨ ᠠᠪᠤᠭᠠᠳ ᠪᠤᠯᠠᠰᠢᠨ ᠳᠤ ᠣᠴᠢᠬᠤ ᠳᠤ᠂ 2 ᠴᠢᠯᠠᠭᠤ ᠨᠢ ᠪᠤᠯᠠᠰᠢᠨ ᠤ ᠠᠮᠠᠰᠠᠷ ᠠᠴᠠ ᠥᠩᠬᠥᠷᠢᠭᠦᠯᠦᠭᠳᠡᠨ ᠵᠠᠢᠯᠠᠭᠤᠯᠤᠭᠳᠠᠭᠠᠳ ᠪᠠᠢᠯ᠎ᠠ᠃ 3 ᠬᠠᠷᠢᠨ ᠲᠡᠳᠡ ᠳᠣᠲᠣᠭᠰᠢ ᠣᠷᠣᠭᠠᠳ ᠬᠠᠷᠠᠬᠤ ᠳᠤ᠂ ᠡᠵᠡᠨ ᠢᠰᠦ᠋ᠰ ᠤᠨ ᠴᠣᠭᠴᠠ ᠠᠯᠠᠭ᠎ᠠ ᠪᠠᠢᠪᠠ᠃ 4 ᠭᠠᠢᠬᠠᠵᠤ ᠪᠠᠢᠲᠠᠯ᠎ᠠ᠂ ᠭᠡᠷᠡᠯᠲᠦᠭᠰᠡᠨ ᠬᠤᠪᠴᠠᠰᠤ ᠲᠠᠢ ᠬᠣᠶᠠᠷ ᠡᠷ᠎ᠡ ᠭᠡᠨᠡᠳᠲᠡ ᠦᠵᠡᠭᠳᠡᠪᠡ᠃ 5 ᠡᠮᠡᠭᠲᠡᠢᠴᠦᠳ ᠠᠶᠤᠵᠤ ᠨᠢᠭᠤᠷ ᠢᠶᠠᠨ ᠳᠣᠷᠣᠭᠰᠢ ᠬᠠᠨᠳᠤᠭᠤᠯᠤᠨ ᠪᠥᠬᠥᠢᠭᠰᠡᠨ ᠳᠦ᠂ ᠲᠡᠳᠡ ᠬᠣᠶᠠᠭᠤᠯᠠ᠄ 《ᠲᠠ ᠨᠠᠷ ᠶᠠᠭᠠᠬᠢᠭᠠᠳ ᠦᠬᠦᠭᠰᠡᠳ ᠦᠨ ᠳᠤᠮᠳᠠ ᠠᠴᠠ ᠠᠮᠢᠳᠤ ᠨᠢᠭᠡᠨ ᠢ ᠡᠷᠢᠨ᠎ᠡ ᠪᠤᠢ︖ 6 ᠲᠡᠷᠡ ᠡ᠊ᠨᠳᠡ ᠪᠠᠢᠬᠤ ᠦᠭᠡᠢ᠂ ᠲᠡᠷᠡ ᠠᠮᠢᠯᠠᠭᠰᠠᠨ᠃ ᠭᠠᠯᠢᠯᠠᠶ᠎ᠠ ᠳᠤ ᠪᠠᠢᠬᠤ ᠳᠠᠭᠠᠨ ᠲᠡᠷᠡ ᠲᠠ ᠨᠠᠷ ᠲᠤ ᠶᠠᠭᠤ ᠬᠡᠯᠡᠭᠰᠡᠨ ᠢ ᠰᠠᠨᠠᠭᠠᠷᠠᠢ᠃ 7 〈ᠬᠥᠮᠦᠨ ᠦ ᠬᠦᠦ ᠨᠢᠭᠦᠯᠲᠦ ᠬᠥᠮᠦᠰ ᠦᠨ ᠭᠠᠷ ᠲᠤ ᠲᠤᠰᠢᠶᠠᠭᠳᠠᠵᠤ᠂ ᠵᠠᠭᠠᠯᠮᠠᠢ ᠳᠤ ᠴᠣᠪᠳᠣᠯᠠᠭᠳᠠᠭᠠᠳ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠶᠣᠰᠣᠲᠠᠢ〉 ᠭᠡᠰᠡᠨ ᠪᠢᠯᠡ》 ᠭᠡᠪᠡ᠃ 8 ᠲᠡᠳᠡ ᠢᠰᠦ᠋ᠰ ᠤᠨ ᠬᠡᠯᠡᠭᠰᠡᠨ ᠢ ᠰᠠᠨᠠᠭᠠᠳ 9 ᠪᠤᠯᠠᠰᠢᠨ ᠠᠴᠠ ᠭᠠᠷᠴᠤ ᠶᠠᠪᠤᠨ᠂ ᠡᠨᠡ ᠪᠦᠬᠦᠨ ᠢ ᠠᠷᠪᠠᠨ ᠨᠢᠭᠡᠨ ᠰᠢᠳᠠᠷ ᠱᠠᠪᠢ ᠪᠠ ᠪᠤᠰᠤᠳ ᠬᠥᠮᠦᠨ ᠪᠦᠬᠦᠨ ᠳᠦ ᠳᠤᠭᠤᠯᠭᠠᠯ᠎ᠠ᠃ 10 ᠡᠳᠡᠭᠡᠷ ᠢ ᠰᠢᠳᠠᠷ ᠱᠠᠪᠢ ᠨᠠᠷ ᠲᠤ ᠶᠠᠷᠢᠭᠰᠠᠨ ᠪᠦᠰᠡᠭᠦᠢᠴᠦᠦᠯ ᠪᠣᠯ ᠮᠠᠭᠳᠠᠯ ᠤᠨ ᠮᠠᠷᠢᠶᠠ᠂ ᠶᠣᠸᠠᠨᠨᠠ᠂ ᠶᠠᠺᠣᠪ ᠤᠨ ᠡᠬᠡ ᠮᠠᠷᠢᠶᠠ ᠪᠣᠯᠣᠨ ᠲᠡᠳᠡᠨ ᠲᠡᠢ ᠬᠠᠮᠲᠤ ᠪᠠᠢᠭᠰᠠᠨ ᠪᠤᠰᠤᠳ ᠡᠮᠡᠭᠲᠡᠢᠴᠦᠳ ᠪᠠᠢᠪᠠ᠃ 11 ᠲᠡᠳᠡᠨ ᠦ ᠶᠠᠷᠢᠶ᠎ᠠ ᠳᠡᠮᠡᠢ ᠰᠠᠨᠠᠭᠳᠠᠭᠰᠠᠨ ᠲᠤᠯᠠ ᠰᠢᠳᠠᠷ ᠱᠠᠪᠢ ᠨᠠᠷ ᠲᠡᠳᠡᠨ ᠦ ᠬᠢ ᠶᠢ ᠢᠲᠡᠭᠡᠭᠰᠡᠨ ᠦᠭᠡᠢ᠃ 12 ᠬᠠᠷᠢᠨ ᠫᠧᠲ᠋ᠧᠷ ᠪᠣᠰᠣᠭᠠᠳ ᠪᠤᠯᠠᠰᠢᠨ ᠳᠤ ᠭᠦᠶᠦᠨ ᠬᠦᠷᠴᠦ᠂ ᠪᠥᠬᠥᠢᠨ ᠱᠠᠭᠠᠢᠬᠤ ᠳᠤ᠂ ᠨᠠᠷᠢᠨ ᠥᠷᠮᠥᠭ ᠯᠠ ᠪᠠᠢᠭᠰᠠᠨ ᠲᠤᠯᠠ ᠶᠠᠭᠤ ᠪᠣᠯᠣᠭᠰᠠᠨ ᠢ ᠭᠠᠢᠬᠠᠭᠰᠠᠭᠠᠷ ᠪᠤᠴᠠᠯ᠎ᠠ᠃
 ᠧᠮᠠᠦ᠋ ᠬᠦᠷᠬᠦ ᠵᠠᠮ ᠳᠤ

13 ᠠᠩ᠋ᠬᠠᠷᠤᠭᠲᠤᠨ᠂ ᠮᠥᠨ ᠲᠡᠷᠡ ᠡᠳᠦᠷ᠂ ᠬᠣᠶᠠᠷ ᠱᠠᠪᠢ ᠶᠧᠷᠦ᠋ᠰᠠᠯᠧᠮ ᠡᠴᠡ ᠬᠣᠷᠢᠨ ᠲᠠᠪᠤᠨ ᠭᠠᠵᠠᠷ ᠵᠠᠢᠲᠠᠢ ᠧᠮᠠᠦ᠋ ᠭᠡᠳᠡᠭ ᠲᠣᠰᠬᠣᠨ ᠤᠷᠤᠭᠤ ᠶᠠᠪᠤᠬᠤ ᠵᠠᠮ ᠳᠠᠭᠠᠨ 14 ᠲᠣᠬᠢᠶᠠᠯᠳᠤᠭᠰᠠᠨ ᠪᠦᠬᠦ ᠶᠠᠪᠤᠳᠠᠯ ᠤᠨ ᠲᠤᠬᠠᠢ ᠬᠣᠭᠣᠷᠣᠨᠳᠣ ᠪᠠᠨ ᠶᠠᠷᠢᠯᠴᠠᠵᠤ ᠪᠠᠢᠯ᠎ᠠ᠃ 15 ᠲᠡᠳᠡ ᠶᠠᠷᠢᠯᠴᠠᠨ ᠯᠠᠪᠯᠠᠯᠴᠠᠵᠤ ᠪᠠᠢᠲᠠᠯ᠎ᠠ᠂ ᠭᠡᠨᠡᠳᠲᠡ ᠢᠰᠦ᠋ᠰ ᠣᠢᠷᠠᠲᠤᠨ ᠢᠷᠡᠭᠡᠳ ᠬᠠᠮᠲᠤ ᠶᠠᠪᠤᠪᠠ᠃ 16 ᠭᠡᠪᠡᠴᠦ ᠲᠡᠳᠡᠨ ᠦ ᠨᠢᠳᠦ ᠬᠠᠯᠬᠠᠯᠠᠭᠳᠠᠭᠠᠳ ᠲᠡᠭᠦᠨ ᠢ ᠲᠠᠨᠢᠭᠰᠠᠨ ᠦᠭᠡᠢ᠃ 17 ᠢᠰᠦ᠋ᠰ᠄ 《ᠲᠠ ᠨᠠᠷ ᠶᠠᠭᠤᠨ ᠤ ᠲᠤᠬᠠᠢ ᠶᠠᠷᠢᠯᠴᠠᠵᠤ ᠶᠠᠪᠤᠭ᠎ᠠ ᠪᠤᠢ︖》 ᠭᠡᠬᠦ ᠳᠦ᠂ ᠲᠡᠳᠡ ᠭᠤᠨᠢᠭᠲᠠᠢ ᠴᠢᠷᠠᠢᠯᠠᠨ ᠵᠣᠭᠰᠣᠪᠠ᠃ 18 ᠺᠯᠧᠣᠫᠠ ᠭᠡᠭᠴᠢ ᠨᠢᠭᠡ ᠨᠢ᠄ 《ᠲᠠ ᠶᠧᠷᠦ᠋ᠰᠠᠯᠧᠮ ᠤᠨ ᠬᠠᠵᠠᠭᠤ ᠳᠤ ᠰᠠᠭᠤᠵᠤ ᠪᠠᠢᠲᠠᠯ᠎ᠠ ᠪᠠᠨ ᠡᠨᠡ ᠡᠳᠦᠷ ᠤᠳ ᠲᠤ ᠲᠡᠨᠳᠡ ᠪᠣᠯᠣᠭᠰᠠᠨ ᠶᠠᠪᠤᠳᠠᠯ ᠤᠳ ᠤᠨ ᠲᠤᠬᠠᠢ ᠭᠠᠭᠴᠠᠭᠠᠷ ᠢᠶᠠᠨ ᠮᠡᠳᠡᠭᠡ ᠦᠭᠡᠢ ᠶᠤᠮ ᠤᠤ ᠳᠠ︖》 ᠭᠡᠬᠦ ᠳᠦ᠂ 19 ᠢᠰᠦ᠋ᠰ᠄ 《ᠶᠠᠮᠠᠷ ᠶᠠᠪᠤᠳᠠᠯ ᠪᠤᠢ︖》 ᠭᠡᠯ᠎ᠡ᠃ ᠲᠡᠳᠡ᠄ 《ᠨᠠᠽᠠᠷᠧᠲ ᠤᠨ ᠢᠰᠦ᠋ᠰ ᠤᠨ ᠲᠤᠬᠠᠢ ᠶᠤᠮ᠃ ᠲᠡᠷᠡ ᠪᠣᠯ ᠪᠤᠷᠬᠠᠨ ᠪᠠ ᠪᠦᠬᠦ ᠠᠷᠠᠳ ᠤᠨ ᠡᠮᠦᠨ᠎ᠡ ᠦᠭᠡ ᠦᠢᠯᠡᠰ ᠢᠶᠡᠷ ᠬᠦᠴᠦᠲᠦ ᠡᠰᠢ ᠦᠵᠡᠭᠦᠯᠦᠭᠴᠢ ᠪᠠᠢᠭᠰᠠᠨ ᠬᠢᠷᠢ ᠨᠢ 20 ᠪᠢᠳᠡᠨ ᠦ ᠠᠬᠠᠯᠠᠬᠤ ᠲᠠᠬᠢᠯᠴᠢᠳ ᠪᠠ ᠨᠣᠶᠠᠳ ᠲᠡᠭᠦᠨ ᠳᠦ ᠠᠯᠠᠬᠤ ᠶᠠᠯ᠎ᠠ ᠲᠤᠯᠭᠠᠭᠤᠯᠵᠤ᠂ ᠵᠠᠭᠠᠯᠮᠠᠢ ᠳᠤ ᠴᠣᠪᠳᠣᠯᠠᠭᠤᠯᠪᠠ᠃ 21 ᠭᠡᠪᠡᠴᠦ ᠲᠡᠷᠡ ᠪᠣᠯ ᠢᠰᠷᠧᠯ ᠢ ᠵᠣᠯᠢᠶᠠᠰᠤᠯᠠᠨ ᠠᠪᠤᠷᠠᠭᠴᠢ ᠮᠥᠨ ᠭᠡᠵᠦ ᠪᠢᠳᠡ ᠨᠠᠢᠳᠠᠵᠤ ᠪᠠᠢᠭᠰᠠᠨ ᠪᠢᠯᠡ᠃ ᠲᠡᠭᠡᠭᠰᠡᠨ ᠬᠢᠷᠢ ᠨᠢ ᠡᠳᠡᠭᠡᠷ ᠶᠠᠪᠤᠳᠠᠯ ᠪᠣᠯᠣᠭᠠᠳ ᠭᠤᠷᠪᠠᠳᠤᠭᠠᠷ ᠡᠳᠦᠷ ᠪᠣᠯᠴᠢᠬᠠᠭᠰᠠᠨ ᠰᠢᠦ᠃ 22 ᠬᠠᠷᠢᠨ ᠮᠠᠨ ᠤ ᠬᠢᠨ ᠤ ᠬᠡᠳᠦᠨ ᠡᠮᠡᠭᠲᠡᠢ ᠴᠤ ᠪᠢᠳᠡᠨ ᠢ ᠰᠣᠴᠢᠭᠠᠭᠰᠠᠨ᠃ ᠲᠡᠳᠡ ᠦᠷ ᠢᠶᠡᠷ ᠪᠤᠯᠠᠰᠢᠨ ᠳᠤ ᠣᠴᠢᠭᠰᠠᠨ ᠪᠣᠯᠪᠠᠴᠤ 23 ᠲᠡᠭᠦᠨ ᠦ ᠴᠣᠭᠴᠠ ᠶᠢ ᠣᠯᠵᠤ ᠦᠵᠡᠭᠡ ᠦᠭᠡᠢ ᠪᠤᠴᠠᠨ ᠢᠷᠡᠵᠦ᠂ 〈ᠢᠰᠦ᠋ᠰ ᠠᠮᠢᠳᠤ ᠪᠠᠢᠨ᠎ᠠ ᠭᠡᠵᠦ ᠬᠡᠯᠡᠭᠰᠡᠨ ᠲᠩᠷᠢ ᠡᠯᠴᠢ ᠶᠢᠨ ᠪᠠᠷ᠎ᠠ ᠶᠢ ᠪᠢᠳᠡ ᠬᠠᠷᠠᠭᠰᠠᠨ〉 ᠭᠡᠵᠡᠭᠡᠵᠦ ᠪᠠᠢᠨ᠎ᠠ᠃ 24 ᠮᠠᠨ ᠤ ᠬᠢᠨ ᠤ ᠬᠡᠳᠦᠨ ᠬᠥᠮᠦᠨ ᠴᠤ ᠪᠤᠯᠠᠰᠢᠨ ᠳᠤ ᠣᠴᠢᠵᠤ ᠦᠵᠡᠭᠰᠡᠨ ᠴᠢᠨᠢ᠂ ᠡᠮᠡᠭᠲᠡᠢᠴᠦᠳ ᠦᠨ ᠶᠠᠷᠢᠭᠰᠠᠨ ᠲᠠᠢ ᠶᠠᠭ ᠠᠳᠠᠯᠢ ᠪᠠᠢᠵᠠᠢ᠃ ᠲᠡᠳᠡ ᠮᠥᠨ ᠲᠡᠭᠦᠨ ᠢ ᠣᠯᠵᠤ ᠦᠵᠡᠭᠰᠡᠨ ᠦᠭᠡᠢ》 ᠭᠡᠪᠡ᠃ 25 ᠢᠰᠦ᠋ᠰ ᠲᠡᠳᠡᠨ ᠳᠦ᠄ 《ᠠᠢ︕ ᠡᠰᠢ ᠦᠵᠡᠭᠦᠯᠦᠭᠴᠢᠳ ᠤᠨ ᠬᠡᠯᠡᠭᠰᠡᠨ ᠪᠦᠬᠦᠨ ᠢ ᠢᠲᠡᠭᠡᠬᠦ ᠳᠡᠭᠡᠨ ᠤᠬᠠᠭᠠᠨ ᠪᠢᠳᠠᠭᠤ ᠵᠢᠷᠦᠬᠡ ᠮᠢᠨᠴᠦᠭᠦᠷᠡᠮᠡᠯ ᠪᠠᠢᠳᠠᠭ ᠬᠥᠮᠦᠰ ᠡ︕ 26 ᠾᠷᠢᠰᠲ᠋ᠣᠰ ᠡᠳᠡᠭᠡᠷ ᠵᠣᠪᠠᠯᠠᠩ ᠢ ᠠᠮᠰᠠᠵᠤ᠂ ᠠᠯᠳᠠᠷ ᠰᠤᠤ ᠳᠠᠭᠠᠨ ᠣᠷᠣᠬᠤ ᠶᠣᠰᠣᠲᠠᠢ ᠪᠢᠰᠢ ᠤᠤ︖》 ᠭᠡᠳ᠂ 27 ᠮᠣᠰᠧ ᠪᠣᠯᠣᠨ ᠪᠦᠬᠦ ᠡᠰᠢ ᠦᠵᠡᠭᠦᠯᠦᠭᠴᠢᠳ ᠤᠨ ᠨᠣᠮ ᠤᠳ ᠠᠴᠠ ᠡᠬᠢᠯᠡᠨ᠂ ᠥᠪᠡᠷ ᠦᠨ ᠬᠢᠨᠢ ᠲᠤᠬᠠᠢ ᠪᠢᠴᠢᠭᠳᠡᠭᠰᠡᠨ ᠠᠯᠢᠪᠠ ᠡᠰᠢᠯᠡᠯ ᠢᠶᠡᠷ ᠲᠡᠳᠡᠨ ᠳᠦ ᠲᠠᠢᠯᠪᠤᠷᠢᠯᠠᠵᠤ ᠥᠭᠪᠡ᠃

28 ᠲᠡᠷᠡ ᠬᠣᠶᠠᠷ ᠤᠨ ᠣᠴᠢᠬᠤ ᠭᠡᠵᠦ ᠪᠠᠢᠭᠰᠠᠨ ᠲᠣᠰᠬᠣᠨ ᠣᠢᠷᠠᠲᠤᠬᠤ ᠳᠤ᠂ ᠢᠰᠦ᠋ᠰ ᠴᠠᠰᠢ ᠶᠠᠪᠤᠬᠤ ᠮᠠᠶ᠋ᠢᠭᠲᠠᠢ ᠪᠠᠢᠯ᠎ᠠ᠃ 29 ᠲᠡᠳᠡ᠄ 《ᠪᠢᠳᠡᠨ ᠲᠡᠢ ᠬᠠᠮᠲᠤ ᠬᠣᠨᠣᠭᠠᠴᠢ᠂ ᠨᠠᠷᠠ ᠬᠡᠯᠪᠡᠢᠵᠦ ᠣᠷᠣᠢ ᠪᠣᠯᠴᠢᠬᠠᠯ᠎ᠠ》 ᠭᠡᠵᠦ ᠱᠠᠯᠠᠬᠤ ᠳᠤ᠂ ᠲᠡᠷᠡ ᠬᠠᠮᠲᠤ ᠬᠣᠨᠣᠬᠤ ᠪᠠᠷ ᠣᠷᠣᠪᠠ᠃ 30 ᠢᠰᠦ᠋ᠰ ᠲᠡᠳᠡᠨ ᠲᠡᠢ ᠰᠢᠷᠡᠭᠡᠨ ᠳᠦ ᠰᠠᠭᠤᠯᠴᠠᠬᠤ ᠳᠠᠭᠠᠨ᠂ ᠪᠣᠣᠪᠣ ᠠᠪᠴᠤ ᠲᠠᠯᠠᠷᠬᠠᠭᠠᠳ ᠬᠡᠰᠡᠭᠯᠡᠨ ᠲᠡᠳᠡᠨ ᠳᠦ ᠥᠭᠬᠦ ᠳᠦ᠂ 31 ᠲᠡᠳᠡᠨ ᠦ ᠨᠢᠳᠦ ᠨᠡᠭᠡᠭᠡᠭᠳᠡᠵᠦ ᠲᠡᠭᠦᠨ ᠢ ᠲᠠᠨᠢᠯ᠎ᠠ᠃ ᠬᠠᠷᠢᠨ ᠢᠰᠦ᠋ᠰ ᠬᠠᠷᠠᠭᠳᠠᠬᠤ ᠦᠭᠡᠢ ᠪᠣᠯᠪᠠ᠃ 32 ᠲᠡᠳᠡ ᠬᠣᠭᠣᠷᠣᠨᠳᠣ ᠪᠠᠨ᠄ 《ᠵᠠᠮ ᠵᠠᠭᠤᠷ᠎ᠠ ᠪᠢᠳᠡᠨ ᠲᠡᠢ ᠶᠠᠷᠢᠯᠴᠠᠵᠤ ᠪᠠᠢᠬᠤ ᠳᠤ ᠪᠠ ᠡᠰᠢᠯᠡᠯ ᠤᠳ ᠢ ᠲᠠᠢᠯᠵᠤ ᠥᠭᠬᠦ ᠳᠦ ᠪᠢᠳᠡᠨ ᠦ ᠵᠢᠷᠦᠬᠡ ᠭᠠᠯ ᠮᠡᠲᠦ ᠬᠠᠯᠠᠭᠤᠨ ᠪᠠᠢᠭᠰᠠᠨ ᠪᠢᠰᠢ ᠤᠤ︖》 ᠭᠡᠯᠴᠡᠨ 33 ᠳᠠᠷᠤᠢᠬᠠᠨ ᠪᠣᠰᠴᠤ ᠶᠧᠷᠦ᠋ᠰᠠᠯᠧᠮ ᠳᠠᠭᠠᠨ ᠪᠤᠴᠠᠪᠠ᠃ ᠲᠡᠨᠳᠡ ᠠᠷᠪᠠᠨ ᠨᠢᠭᠡᠨ ᠰᠢᠳᠠᠷ ᠱᠠᠪᠢ ᠬᠠᠮᠲᠤᠷᠠᠭᠰᠠᠳ ᠲᠠᠢ ᠪᠠᠨ ᠬᠠᠮᠲᠤ ᠴᠤᠭᠯᠠᠷᠠᠭᠠᠳ᠄ 34 《ᠡᠵᠡᠨ ᠯᠠᠪ ᠠᠮᠢᠯᠠᠭᠠᠳ ᠰᠢᠮᠣᠨ ᠳᠤ ᠦᠵᠡᠭᠳᠡᠵᠡᠢ》 ᠭᠡᠯᠴᠡᠵᠦ ᠪᠠᠢᠬᠤ ᠳᠤ᠂ 35 ᠲᠡᠳᠡ ᠬᠣᠶᠠᠭᠤᠯᠠ ᠪᠠᠨ ᠴᠤ ᠵᠠᠮ ᠳᠤ ᠶᠠᠭᠤ ᠪᠣᠯᠣᠭᠰᠠᠨ ᠢᠶᠠᠨ᠂ ᠮᠥᠨ ᠪᠣᠣᠪᠣ ᠬᠡᠰᠡᠭᠯᠡᠬᠦ ᠳᠦᠨᠢ ᠲᠡᠭᠦᠨ ᠦ ᠶᠠᠭᠠᠬᠢᠵᠤ ᠲᠠᠨᠢᠭᠳᠠᠭᠰᠠᠨ ᠢ ᠳᠤᠭᠤᠯᠭᠠᠪᠠ᠃
 ᠢᠰᠦ᠋ᠰ ᠱᠠᠪᠢ ᠨᠠᠷ ᠲᠤ ᠦᠵᠡᠭᠳᠡᠭᠰᠡᠨ ᠨᠢ

36 ᠡᠳᠡᠭᠡᠷ ᠢ ᠶᠠᠷᠢᠵᠤ ᠪᠠᠢᠲᠠᠯ᠎ᠠ ᠢᠰᠦ᠋ᠰ ᠲᠡᠳᠡᠨ ᠦ ᠳᠤᠮᠳᠠ ᠵᠣᠭᠰᠣᠵᠤ᠄ 《ᠲᠠ ᠨᠠᠷ ᠲᠤ ᠠᠮᠤᠷ ᠠᠮᠤᠭᠤᠯᠠᠩ ᠪᠠᠢᠬᠤ ᠪᠣᠯᠲᠤᠭᠠᠢ》 ᠭᠡᠵᠦ ᠬᠡᠯᠡᠭᠰᠡᠨ ᠳᠦ᠂ 37 ᠲᠡᠳᠡ ᠬᠠᠷᠢᠨ ᠠᠶᠤᠨ ᠪᠠᠯᠢᠳᠠᠵᠤ᠂ ᠠᠯᠪᠢᠨ ᠦᠵᠡᠭᠳᠡᠪᠡ ᠭᠡᠵᠦ ᠪᠣᠳᠣᠵᠠᠢ᠃ 38 ᠢᠰᠦ᠋ᠰ᠄ 《ᠲᠠ ᠨᠠᠷ ᠶᠠᠭᠤᠨ ᠳᠤ ᠲᠦᠭᠰᠢᠵᠦ᠂ ᠰᠡᠳᠬᠢᠯ ᠳᠤ ᠴᠢᠨᠢ ᠰᠡᠵᠢᠭ ᠲᠥᠷᠥᠨ᠎ᠡ ᠪᠤᠢ︖ 39 ᠮᠢᠨᠦ ᠭᠠᠷ ᠬᠥᠯ ᠢ ᠦᠵᠡ᠂ ᠪᠢ ᠮᠥᠨ ᠪᠠᠢᠨ᠎ᠠ︕ ᠨᠠᠮᠠᠶᠢ ᠲᠡᠮᠲᠡᠷᠢᠭᠡᠳ ᠦᠵᠡ︕ ᠰᠦᠨᠡᠰᠦᠨ ᠳᠦ ᠶᠠᠰᠤ ᠮᠢᠬ᠎ᠠ ᠪᠠᠢᠳᠠᠭ ᠦᠭᠡᠢ᠂ ᠬᠠᠷᠢᠨ ᠲᠠ ᠨᠠᠷ ᠤᠨ ᠬᠠᠷᠠᠵᠤ ᠪᠠᠢᠭ᠎ᠠ ᠪᠠᠷ ᠨᠠᠳᠠ ᠳᠤ ᠪᠠᠢᠨ᠎ᠠ》 ᠭᠡᠪᠡ᠃ 40 ᠢᠩᠭᠢᠵᠦ ᠬᠡᠯᠡᠭᠡᠳ ᠭᠠᠷ ᠬᠥᠯ ᠢᠶᠡᠨ ᠦᠵᠡᠭᠦᠯᠦᠭᠰᠡᠨ ᠳᠦ᠂ 41 ᠲᠡᠳᠡ ᠪᠠᠶᠠᠷᠯᠠᠭᠰᠠᠨ ᠳᠠᠭᠠᠨ ᠢᠲᠡᠭᠡᠵᠦ ᠶᠠᠳᠠᠨ ᠭᠠᠢᠬᠠᠵᠤ ᠪᠠᠢᠬᠤ ᠳᠤ ᠢᠰᠦ᠋ᠰ᠄ 《ᠲᠠ ᠨᠠᠷ ᠲᠤ ᠢᠳᠡᠬᠦ ᠶᠠᠭᠤᠮ᠎ᠠ ᠪᠠᠢᠨ᠎ᠠ ᠤᠤ︖》 ᠭᠡᠵᠦ ᠠᠰᠠᠭᠤᠪᠠ᠃ 42 ᠲᠡᠳᠡ ᠨᠢᠭᠡ ᠬᠡᠰᠡᠭ ᠰᠢᠷᠠᠭᠰᠠᠨ ᠵᠢᠭᠠᠰᠤ ᠥᠭᠭᠥᠭᠰᠡᠨ ᠳᠦ᠂ 43 ᠲᠡᠷᠡ ᠠᠪᠤᠭᠠᠳ ᠲᠡᠳᠡᠨ ᠦ ᠡᠮᠦᠨ᠎ᠡ ᠢᠳᠡᠯ᠎ᠡ᠃

44 ᠢᠰᠦ᠋ᠰ ᠲᠡᠳᠡᠨ ᠳᠦ᠄ 《ᠪᠢ ᠲᠠ ᠨᠠᠷ ᠲᠠᠢ ᠬᠠᠮᠲᠤ ᠪᠠᠢᠬᠤ ᠦᠶ᠎ᠡ ᠳᠡᠭᠡᠨ ᠶᠠᠭ ᠡᠳᠡᠭᠡᠷ ᠶᠠᠪᠤᠳᠠᠯ ᠤᠨ ᠲᠠᠯ᠎ᠠ ᠪᠠᠷ ᠮᠣᠰᠧ ᠶᠢᠨ ᠬᠠᠤᠯᠢ᠂ ᠡᠰᠢ ᠦᠵᠡᠭᠦᠯᠦᠭᠴᠢᠳ ᠤᠨ ᠨᠣᠮ ᠪᠠ ᠳᠠᠭᠤᠯᠠᠯ 30  ᠳᠠᠬᠢ ᠮᠢᠨᠦ ᠲᠤᠬᠠᠢ ᠪᠢᠴᠢᠭᠳᠡᠭᠰᠡᠨ ᠪᠦᠬᠦ ᠵᠦᠢᠯ ᠪᠡᠶᠡᠯᠡᠭᠳᠡᠬᠦ ᠶᠣᠰᠣᠲᠠᠢ ᠭᠡᠵᠦ ᠬᠡᠯᠡᠵᠦ ᠥᠭᠭᠥᠭᠰᠡᠨ ᠶᠤᠮ》 ᠭᠡᠪᠡ᠃ 45 ᠲᠡᠭᠡᠭᠡᠳ ᠲᠡᠷᠡ ᠲᠡᠳᠡᠨ ᠦ ᠤᠬᠠᠭᠠᠨ ᠢ ᠨᠡᠭᠡᠭᠡᠭᠡᠳ᠂ ᠡᠰᠢᠯᠡᠯ ᠤᠳ ᠢ ᠣᠢᠯᠠᠭᠠᠭᠤᠯᠤᠨ᠄ 46 《ᠾᠷᠢᠰᠲ᠋ᠣᠰ ᠵᠣᠪᠠᠯᠠᠩ ᠠᠮᠰᠠᠵᠤ᠂ ᠭᠤᠷᠪᠠᠳᠤᠭᠠᠷ ᠡᠳᠦᠷ ᠳᠡᠭᠡᠷ᠎ᠡ ᠪᠡᠨ ᠦᠬᠦᠭᠰᠡᠳ ᠦᠨ ᠳᠤᠮᠳᠠ ᠠᠴᠠ ᠠᠮᠢᠯᠠᠬᠤ ᠪᠥᠭᠡᠳ 47 ᠨᠢᠭᠦᠯ ᠦᠨ ᠥᠷᠥᠰᠢᠶᠡᠯ ᠳᠦ ᠬᠦᠷᠬᠦ ᠭᠡᠮᠰᠢᠯ ᠲᠡᠭᠦᠨ ᠦ ᠨᠡᠷ᠎ᠡ ᠪᠡᠷ ᠶᠧᠷᠦ᠋ᠰᠠᠯᠧᠮ ᠡᠴᠡ ᠡᠬᠢᠯᠡᠭᠡᠳ ᠪᠦᠬᠦ ᠦᠨᠳᠦᠰᠦᠲᠡᠨ ᠳᠦ ᠲᠤᠩ᠋ᠬᠠᠭᠯᠠᠭᠳᠠᠬᠤ ᠨᠢ ᠪᠢᠴᠢᠭᠳᠡᠭᠰᠡᠨ ᠪᠠᠢᠪᠠ᠃ 48 ᠲᠠ ᠨᠠᠷ ᠪᠣᠯ ᠡᠨᠡ ᠪᠦᠬᠦᠨ ᠦ ᠭᠡᠷᠡᠴᠢᠯᠡᠭᠴᠢᠳ ᠮᠥᠨ᠃ 49 ᠠᠩ᠋ᠬᠠᠷᠤᠭᠲᠤᠨ᠂ ᠡᠴᠢᠭᠡ ᠶᠢᠨ ᠢᠶᠠᠨ ᠠᠮᠠᠯᠠᠭᠰᠠᠨ ᠢ ᠪᠢ ᠲᠠ ᠨᠠᠷ ᠲᠤ ᠢᠯᠡᠭᠡᠶ᠎ᠡ᠃ ᠬᠠᠷᠢᠨ ᠳᠡᠭᠡᠷ᠎ᠡ ᠡᠴᠡ ᠢᠷᠡᠬᠦ ᠬᠦᠴᠦᠨ ᠳᠦ ᠪᠦᠷᠬᠦᠭᠳᠡᠬᠦ ᠪᠣᠯᠲᠠᠯ᠎ᠠ ᠪᠠᠨ ᠲᠠ ᠨᠠᠷ ᠡᠨᠡ ᠬᠣᠲᠠ ᠳᠤ ᠪᠠᠢᠵᠤ ᠪᠠᠢ》 ᠭᠡᠵᠡᠢ᠃
 ᠢᠰᠦ᠋ᠰ ᠲᠩᠷᠢ ᠳᠤ ᠠᠪᠠᠴᠢᠭᠳᠠᠪᠠ

50 ᠢᠰᠦ᠋ᠰ ᠲᠡᠨᠳᠡ ᠡᠴᠡ ᠪᠧᠲ᠋ᠠᠨᠢᠶ᠎ᠠ ᠬᠦᠷᠲᠡᠯ᠎ᠡ ᠲᠡᠳᠡᠨ ᠢ ᠳᠠᠭᠠᠭᠤᠯᠵᠤ ᠶᠠᠪᠤᠭᠠᠳ ᠭᠠᠷ ᠢᠶᠠᠨ ᠡᠷᠭᠦᠨ ᠲᠡᠳᠡᠨ ᠢ ᠢᠷᠥᠭᠡᠪᠡ᠃ 51 ᠲᠡᠢᠨ ᠬᠦ ᠲᠡᠷᠡ ᠢᠷᠥᠭᠡᠭᠰᠡᠭᠡᠷ ᠲᠡᠳᠡ ᠨᠠᠷ ᠠᠴᠠ ᠰᠠᠯᠤᠭᠠᠳ ᠲᠩᠷᠢ ᠳᠤ ᠠᠪᠠᠴᠢᠭᠳᠠᠵᠠᠢ᠃ 52 ᠲᠡᠳᠡ ᠲᠡᠭᠦᠨ ᠳᠦ ᠮᠥᠷᠭᠥᠵᠦ ᠦᠯᠡᠮᠵᠢ ᠪᠠᠶᠠᠷ ᠲᠠᠢ ᠪᠠᠷ ᠶᠧᠷᠦ᠋ᠰᠠᠯᠧᠮ ᠳᠤ ᠪᠤᠴᠠᠭᠠᠳ 53 ᠦᠷᠭᠦᠯᠵᠢ ᠠᠷᠢᠭᠤᠨ ᠣᠷᠳᠣᠨ ᠳᠤ ᠪᠠᠢᠵᠤ ᠪᠤᠷᠬᠠᠨ ᠢ ᠮᠠᠭᠲᠠᠵᠠᠭᠠᠳᠠᠭ ᠪᠠᠢᠵᠠᠢ᠃