ᠯᠦᠺ ᠶᠢᠰᠦ
ᠠᠷᠪᠠᠨ ᠬᠣᠶᠠᠷ ᠱᠠᠪᠢ ᠢᠯᠡᠭᠡᠯᠲᠡ ᠪᠡᠷ
1 ᠢᠰᠦ᠋ᠰ ᠠᠷᠪᠠᠨ ᠬᠣᠶᠠᠷ ᠱᠠᠪᠢ ᠪᠠᠨ ᠳᠠᠭᠤᠳᠠᠨ ᠬᠠᠮᠤᠭ ᠴᠢᠳᠬᠥᠷ ᠢ ᠡᠷᠬᠡᠰᠢᠶᠡᠵᠦ᠂ ᠡᠪᠡᠳᠴᠢᠨ ᠢ ᠡᠳᠡᠭᠡᠭᠡᠬᠦ ᠬᠦᠴᠦ ᠪᠠ ᠡᠷᠬᠡ ᠮᠡᠳᠡᠯ ᠰᠣᠶᠣᠷᠬᠠᠪᠠ᠃ 2 ᠲᠡᠭᠡᠭᠡᠳ ᠪᠤᠷᠬᠠᠨ ᠤ ᠬᠠᠭᠠᠨᠴᠢᠯᠠᠯ ᠢ ᠲᠤᠩ᠋ᠬᠠᠭᠯᠠᠨ ᠡᠪᠡᠳᠴᠢᠲᠡᠨ ᠢ ᠡᠳᠡᠭᠡᠭᠡ ᠭᠡᠵᠦ ᠲᠡᠳᠡᠨ ᠢ ᠢᠯᠡᠭᠡᠬᠦ ᠳᠡᠭᠡᠨ᠂ 3 ᠲᠡᠳᠡᠨ ᠳᠦ᠄ 《ᠵᠠᠮ ᠳᠠᠭᠠᠨ ᠶᠠᠭᠤ ᠴᠤ ᠪᠦᠦ ᠠᠪᠴᠤ ᠶᠠᠪᠤ᠃ ᠲᠠᠶᠠᠭ᠂ ᠪᠣᠭᠴᠣ᠂ ᠬᠦᠨᠡᠰᠦ᠂ ᠵᠣᠭᠣᠰ᠂ ᠢᠯᠡᠭᠦᠦ ᠬᠤᠪᠴᠠᠰᠤ ᠴᠤ ᠪᠦᠦ ᠠᠪ᠃ 4 ᠶᠠᠮᠠᠷ ᠠᠢᠯ ᠳᠤ ᠣᠷᠣᠪᠠᠯ ᠶᠠᠪᠤᠲᠠᠯ᠎ᠠ ᠪᠠᠨ ᠲᠡᠨᠳᠡ ᠪᠡᠨ ᠪᠠᠢᠭᠠᠷᠠᠢ᠃ 5 ᠬᠠᠮᠢᠭ᠎ᠠ ᠪᠠᠢᠭᠰᠠᠨ ᠴᠤ᠂ ᠬᠥᠮᠦᠰ ᠲᠠ ᠨᠠᠷ ᠢ ᠬᠦᠯᠢᠶᠡᠨ ᠠᠪᠬᠤ ᠦᠭᠡᠢ ᠪᠣᠯ᠂ ᠲᠡᠷᠡ ᠲᠣᠰᠬᠣᠨ ᠠᠴᠠ ᠶᠠᠪᠤᠬᠤ ᠳᠠᠭᠠᠨ ᠬᠥᠯ ᠦᠨ ᠢᠶᠠᠨ ᠲᠣᠭᠣᠰᠣ ᠪᠠᠨ ᠭᠥᠪᠢᠨ ᠲᠡᠳᠡᠨ ᠳᠦ ᠭᠡᠷᠡᠴᠢᠯᠡᠯ ᠪᠣᠯᠭ᠎ᠠ》 ᠭᠡᠪᠡ᠃ 6 ᠱᠠᠪᠢ ᠨᠠᠷ ᠨᠢ ᠲᠡᠨᠳᠡ ᠡᠴᠡ ᠬᠥᠳᠡᠯᠵᠦ ᠲᠣᠰᠬᠣᠨ ᠨᠤᠭᠤᠳ ᠢᠶᠠᠷ ᠶᠠᠪᠤᠵᠤ ᠭᠠᠵᠠᠷ ᠪᠣᠯᠭᠠᠨ ᠳᠤ ᠪᠠᠶᠠᠷ ᠤᠨ ᠮᠡᠳᠡᠭᠡ ᠳᠡᠯᠭᠡᠷᠡᠭᠦᠯᠦᠨ᠂ ᠡᠪᠡᠳᠴᠢᠲᠡᠨ ᠢ ᠡᠳᠡᠭᠡᠭᠡᠪᠡ᠃
7 ᠾᠧᠷᠣᠳ᠋ ᠬᠠᠨ ᠡᠨᠡ ᠬᠦ ᠪᠣᠯᠵᠤ ᠪᠠᠢᠭ᠎ᠠ ᠪᠦᠭᠦᠳᠡ ᠶᠢ ᠰᠣᠨᠣᠰᠣᠭᠠᠳ ᠮᠡᠩᠳᠡᠨ ᠰᠠᠨᠳᠤᠷᠪᠠ᠃ ᠤᠴᠢᠷ ᠨᠢ᠂ ᠵᠠᠷᠢᠮ ᠬᠥᠮᠦᠰ᠄ 《ᠶᠣᠬᠠᠨ ᠦᠬᠦᠭᠰᠡᠳ ᠦᠨ ᠳᠤᠮᠳᠠ ᠠᠴᠠ ᠠᠮᠢᠯᠠᠵᠠᠢ》 ᠭᠡᠵᠦ᠂ 8 ᠵᠠᠷᠢᠮ ᠨᠢ᠄ 《ᠧᠯᠢᠶ᠎ᠠ ᠢᠯᠡᠷᠡᠭᠰᠡᠨ》 ᠭᠡᠵᠦ᠂ ᠪᠠᠰᠠ ᠵᠠᠷᠢᠮ ᠨᠢ᠄ 《ᠡᠷᠲᠡᠨ ᠦ ᠡᠰᠢ ᠦᠵᠡᠭᠦᠯᠦᠭᠴᠢᠳ ᠤᠨ ᠨᠢᠭᠡ ᠨᠢ ᠠᠮᠢᠯᠠᠭᠰᠠᠨ》 ᠭᠡᠵᠡᠭᠡᠵᠦ ᠪᠠᠢᠵᠠᠢ᠃ 9 ᠾᠧᠷᠣᠳ᠋᠄ 《ᠪᠢ ᠶᠣᠬᠠᠨ ᠤ ᠲᠣᠯᠣᠭᠠᠢ ᠶᠢ ᠠᠪᠤᠭᠰᠠᠨ ᠪᠠᠢᠲᠠᠯ᠎ᠠ ᠮᠢᠨᠦ ᠰᠣᠨᠣᠰᠴᠤ ᠪᠠᠢᠭ᠎ᠠ ᠡᠳᠡᠭᠡᠷ ᠶᠠᠪᠤᠳᠠᠯ ᠤᠨ ᠡᠵᠡᠨ ᠨᠢ ᠬᠡᠨ ᠶᠤᠮ ᠪᠤᠢ︖》 ᠭᠡᠳ ᠢᠰᠦ᠋ᠰ ᠢ ᠦᠵᠡᠶ᠎ᠡ ᠭᠡᠵᠦ ᠪᠠᠢᠯ᠎ᠠ᠃
10 ᠰᠢᠳᠠᠷ ᠱᠠᠪᠢ ᠨᠠᠷ ᠡᠷᠭᠢᠵᠦ ᠢᠷᠡᠭᠡᠳ ᠬᠢᠭᠰᠡᠨ ᠪᠦᠬᠦᠨ ᠢᠶᠡᠨ ᠢᠰᠦ᠋ᠰ ᠲᠤ ᠳᠤᠭᠤᠯᠭᠠᠪᠠ᠃ ᠢᠰᠦ᠋ᠰ ᠲᠡᠳᠡᠨ ᠢ ᠠᠰ ᠲᠤᠨᠢ ᠳᠠᠭᠠᠭᠤᠯᠵᠤ ᠪᠧᠲ᠋ᠰᠠᠢᠳᠠ ᠬᠡᠮᠡᠬᠦ ᠲᠣᠰᠬᠣᠨ ᠤᠷᠤᠭᠤ ᠣᠳᠴᠠᠢ᠃ 11 ᠲᠡᠭᠡᠬᠦ ᠳᠦ ᠣᠯᠠᠨ ᠬᠥᠮᠦᠨ ᠮᠡᠳᠡᠭᠡᠳ ᠳᠠᠭᠠᠵᠤ ᠢᠷᠡᠭᠰᠡᠨ ᠳᠦ᠂ ᠢᠰᠦ᠋ᠰ ᠲᠡᠳᠡᠨ ᠢ ᠤᠭᠲᠤᠨ ᠠᠪᠴᠤ ᠪᠤᠷᠬᠠᠨ ᠤ ᠬᠠᠭᠠᠨᠴᠢᠯᠠᠯ ᠤᠨ ᠲᠤᠬᠠᠢ ᠶᠠᠷᠢᠵᠤ᠂ ᠡᠳᠡᠭᠡᠭᠡᠬᠦ ᠬᠡᠷᠡᠭ ᠲᠡᠢ ᠬᠥᠮᠦᠰ ᠢ ᠢᠯᠠᠷᠢᠰᠢᠭᠤᠯᠪᠠ᠃
ᠢᠰᠦ᠋ᠰ ᠲᠠᠪᠤᠨ ᠮᠢᠩ᠋ᠭᠠᠨ ᠬᠥᠮᠦᠨ ᠢ ᠬᠣᠭᠣᠯᠠᠯᠠᠭᠤᠯᠤᠭᠰᠠᠨ ᠨᠢ
12 ᠨᠠᠷᠠ ᠬᠡᠯᠪᠡᠢᠬᠦ ᠳᠦ᠂ ᠠᠷᠪᠠᠨ ᠬᠣᠶᠠᠷ ᠱᠠᠪᠢ ᠨᠢ ᠲᠡᠭᠦᠨ ᠦ ᠳᠡᠷᠭᠡᠳᠡ ᠣᠴᠢᠵᠤ᠄ 《ᠣᠯᠠᠨ ᠬᠥᠮᠦᠨ ᠢ ᠲᠠᠷᠬᠠᠭᠠᠭᠠᠴᠢ᠂ ᠲᠡᠳᠡ ᠣᠢᠷ᠎ᠠ ᠬᠠᠪᠢ ᠶᠢᠨ ᠲᠣᠰᠬᠣᠨ ᠰᠠᠭᠤᠷᠢᠨ ᠢᠶᠠᠷ ᠶᠠᠪᠤᠵᠤ᠂ ᠬᠣᠨᠣᠬᠤ ᠭᠠᠵᠠᠷ ᠪᠠ ᠢᠳᠡᠬᠦ ᠶᠠᠭᠤᠮ᠎ᠠ ᠣᠯᠬᠤ ᠬᠡᠷᠡᠭᠲᠡᠢ ᠪᠠᠢᠨ᠎ᠠ᠂ ᠡ᠊ᠨᠳᠡ ᠴᠢᠨᠢ ᠵᠡᠯᠢᠭᠦᠳ ᠭᠠᠵᠠᠷ ᠪᠠᠢᠨ᠎ᠠ ᠰᠢᠦ》 ᠭᠡᠪᠡ᠃ 13 ᠢᠰᠦ᠋ᠰ᠄ 《ᠲᠠ ᠨᠠᠷ ᠲᠡᠳᠡᠨ ᠳᠦ ᠢᠳᠡᠬᠦ ᠶᠠᠭᠤᠮ᠎ᠠ ᠥᠭ》 ᠭᠡᠪᠡᠯ᠂ ᠱᠠᠪᠢ ᠨᠠᠷ ᠨᠢ᠄ 《ᠪᠢᠳᠡᠨ ᠳᠦ ᠵᠥᠪᠬᠡᠨ ᠲᠠᠪᠤᠨ ᠪᠣᠣᠪᠣ᠂ ᠬᠣᠶᠠᠷ ᠵᠢᠭᠠᠰᠤ ᠯᠠ ᠪᠠᠢᠨ᠎ᠠ᠂ ᠪᠢᠳᠡ ᠶᠠᠪᠤᠵᠤ ᠡᠳᠡᠭᠡᠷ ᠬᠥᠮᠦᠨ ᠦ ᠢᠳᠡᠬᠦ ᠶᠠᠭᠤᠮ᠎ᠠ ᠶᠢ ᠬᠤᠳᠠᠯᠳᠤᠵᠤ ᠠᠪᠬᠤ ᠠᠴᠠ ᠳᠠ》 ᠭᠡᠯᠡ᠃ 14 ᠲᠡᠨᠳᠡ ᠡᠷᠡᠴᠦᠳ ᠭᠡᠬᠦ ᠳᠦ ᠯᠠ ᠲᠠᠪᠤᠨ ᠮᠢᠩ᠋ᠭᠠᠭᠠᠳ ᠪᠠᠢᠵᠠᠢ᠃ ᠢᠰᠦ᠋ᠰ ᠱᠠᠪᠢ ᠨᠠᠷ ᠲᠠᠭᠠᠨ᠄ 《ᠲᠡᠳᠡ ᠨᠠᠷ ᠢ ᠲᠠᠪᠢ ᠲᠠᠪᠢ ᠣᠷᠴᠢᠮ ᠢᠶᠠᠷ ᠲᠠᠰᠤᠯᠤᠨ ᠰᠠᠭᠤᠯᠭ᠎ᠠ》 ᠭᠡᠵᠦ ᠬᠡᠯᠡᠬᠦ ᠳᠦ᠂ 15 ᠱᠠᠪᠢ ᠨᠠᠷ ᠬᠡᠯᠡᠭᠰᠡᠨ ᠶᠣᠰᠣᠭᠠᠷ ᠨᠢ ᠰᠠᠭᠤᠯᠭᠠᠪᠠ᠃ 16 ᠢᠰᠦ᠋ᠰ ᠲᠠᠪᠤᠨ ᠪᠣᠣᠪᠣ᠂ ᠬᠣᠶᠠᠷ ᠵᠢᠭᠠᠰᠤ ᠶᠢ ᠠᠪᠴᠤ ᠲᠩᠷᠢ ᠥᠭᠡᠳᠡ ᠬᠠᠷᠠᠨ ᠢᠷᠥᠭᠡᠭᠡᠳ᠂ ᠲᠡᠳᠡᠭᠡᠷ ᠢ ᠬᠤᠪᠢᠶᠠᠵᠤ ᠱᠠᠪᠢ ᠨᠠᠷ ᠲᠠᠭᠠᠨ ᠥᠭᠭᠥᠨ ᠣᠯᠠᠨ ᠤ ᠡᠮᠦᠨ᠎ᠡ ᠲᠠᠯᠪᠢᠭᠤᠯᠪᠠ᠃ 17 ᠲᠡᠳᠡ ᠪᠦᠭᠦᠳᠡᠭᠡᠷ ᠢᠶᠡᠨ ᠢᠳᠡᠵᠦ ᠴᠠᠳᠤᠯ᠎ᠠ᠃ ᠱᠠᠪᠢ ᠨᠠᠷ ᠦᠯᠡᠳᠡᠪᠦᠷᠢ ᠶᠢ ᠴᠤᠭᠯᠠᠭᠤᠯᠬᠤ ᠳᠤ᠂ ᠠᠷᠪᠠᠨ ᠬᠣᠶᠠᠷ ᠰᠠᠭᠰᠤ ᠳᠦᠭᠦᠷᠴᠡᠢ᠃
ᠫᠧᠲ᠋ᠧᠷ ᠢᠰᠦ᠋ᠰ ᠢ ᠠᠪᠤᠷᠠᠭᠴᠢ ᠭᠡᠵᠦ ᠢᠯᠡᠷᠬᠡᠶᠢᠯᠡᠭᠰᠡᠨ ᠨᠢ
18 ᠨᠢᠭᠡᠨ ᠡᠳᠦᠷ ᠢᠰᠦ᠋ᠰ ᠭᠠᠭᠴᠠᠭᠠᠷ ᠢᠶᠠᠨ ᠳᠠᠭᠠᠳᠬᠠᠵᠤ ᠪᠠᠢᠭᠰᠠᠨ ᠢᠶᠠᠨ ᠴᠤᠭ ᠪᠠᠢᠭᠰᠠᠨ ᠱᠠᠪᠢ ᠨᠠᠷ ᠠᠴᠠ ᠪᠠᠨ᠄ 《ᠣᠯᠠᠨ ᠬᠥᠮᠦᠨ ᠨᠠᠮᠠᠶᠢ ᠬᠡᠨ ᠭᠡᠵᠦ ᠶᠠᠷᠢᠵᠤ ᠪᠠᠢᠨ᠎ᠠ︖》 ᠬᠡᠮᠡᠨ ᠠᠰᠠᠭᠤᠬᠤ ᠳᠤ᠂ 19 ᠲᠡᠳᠡ᠄ 《ᠤᠬᠢᠶᠠᠯ ᠬᠦᠷᠲᠡᠭᠡᠭᠴᠢ ᠶᠣᠬᠠᠨ ᠭᠡᠳᠡᠭ᠃ ᠵᠠᠷᠢᠮ ᠨᠢ ᠧᠯᠢᠶ᠎ᠠ ᠭᠡᠳᠡᠭ᠂ ᠪᠠᠰᠠ ᠵᠠᠷᠢᠮ ᠨᠢ ᠡᠷᠲᠡᠨ ᠦ ᠡᠰᠢ ᠦᠵᠡᠭᠦᠯᠦᠭᠴᠢᠳ ᠤᠨ ᠨᠢᠭᠡ ᠨᠢ ᠠᠮᠢᠯᠠᠭᠰᠠᠨ ᠭᠡᠵᠡᠭᠡᠵᠦ ᠪᠠᠢᠨ᠎ᠠ》 ᠭᠡᠪᠡ᠃ 20 ᠢᠰᠦ᠋ᠰ᠄ 《ᠬᠠᠷᠢᠨ ᠲᠠ ᠨᠠᠷ ᠨᠠᠮᠠᠶᠢ ᠬᠡᠨ ᠭᠡᠵᠦ ᠶᠠᠷᠢᠳᠠᠭ ᠪᠤᠢ︖》 ᠭᠡᠬᠦ ᠳᠦ᠂ ᠫᠧᠲ᠋ᠧᠷ ᠬᠠᠷᠢᠭᠤ ᠳᠤᠨᠢ᠄ 《ᠪᠤᠷᠬᠠᠨ ᠤ ᠾᠷᠢᠰᠲ᠋ᠣᠰ》 ᠭᠡᠯᠡ᠃
21 ᠢᠰᠦ᠋ᠰ᠄ 《ᠡᠭᠦᠨ ᠢ ᠬᠡᠨ ᠳᠦ ᠴᠤ ᠪᠦᠦ ᠬᠡᠯᠡ》 ᠭᠡᠵᠦ ᠲᠡᠳᠡᠨ ᠳᠦ ᠴᠢᠩᠭ᠍᠎ᠠ ᠵᠠᠬᠢᠵᠠᠢ᠃ 22 ᠲᠡᠷᠡ ᠪᠠᠰᠠ᠄ 《ᠬᠥᠮᠦᠨ ᠦ ᠬᠦᠦ ᠯᠠᠪᠲᠠᠢ ᠣᠯᠠᠨ ᠵᠣᠪᠠᠯᠠᠩ ᠠᠮᠰᠠᠵᠤ ᠠᠬᠠᠯᠠᠭᠴᠢᠳ᠂ ᠠᠬᠠᠯᠠᠬᠤ ᠲᠠᠬᠢᠯᠴᠢᠳ ᠪᠠ ᠪᠢᠴᠢᠭᠲᠡᠳ ᠲᠦ ᠭᠠᠳᠠᠭᠤᠷᠴᠢᠯᠠᠭᠳᠠᠨ ᠠᠯᠠᠭᠳᠠᠭᠠᠳ ᠭᠤᠷᠪᠠᠳᠤᠭᠠᠷ ᠡᠳᠦᠷ ᠲᠡᠭᠡᠨ ᠠᠮᠢᠯᠠᠬᠤ ᠶᠣᠰᠣᠲᠠᠢ》 ᠭᠡᠪᠡ᠃
23 ᠢᠰᠦ᠋ᠰ ᠲᠡᠳᠡ ᠪᠦᠬᠦᠨ ᠳᠦ᠄ 《ᠬᠡᠨ ᠨᠠᠮᠠᠶᠢ ᠳᠠᠭᠠᠶ᠎ᠠ ᠭᠡᠪᠡᠯ᠂ ᠥᠪᠡᠷ ᠢ ᠪᠠᠨ ᠣᠭᠣᠷᠴᠤ ᠡᠳᠦᠷ ᠪᠦᠷᠢ ᠵᠠᠭᠠᠯᠮᠠᠢ ᠪᠠᠨ ᠡᠭᠦᠷᠴᠦ ᠨᠠᠮᠠᠶᠢ ᠳᠠᠭ᠎ᠠ᠃ 24 ᠤᠴᠢᠷ ᠨᠢ᠂ ᠠᠮᠢ ᠪᠠᠨ ᠠᠪᠤᠷᠠᠶ᠎ᠠ ᠭᠡᠭᠴᠢ ᠨᠢ ᠠᠮᠢ ᠪᠠᠨ ᠠᠯᠳᠠᠨ᠎ᠠ᠃ ᠮᠢᠨᠦ ᠲᠥᠯᠥᠭᠡ ᠠᠮᠢ ᠪᠠᠨ ᠠᠯᠳᠠᠭᠴᠢ ᠨᠢ ᠠᠮᠢ ᠪᠠᠨ ᠠᠪᠤᠷᠠᠨ᠎ᠠ᠃ 25 ᠬᠥᠮᠦᠨ ᠪᠦᠬᠦ ᠳᠡᠯᠡᠬᠡᠢ ᠶᠢ ᠣᠯᠵᠤ ᠠᠪᠤᠭᠰᠠᠨ ᠴᠤ ᠥᠪᠡᠷ ᠢ ᠪᠠᠨ ᠠᠯᠳᠠᠵᠤ᠂ ᠬᠣᠬᠢᠷᠠᠭᠤᠯᠪᠠᠯ ᠶᠠᠭᠤᠨ ᠤ ᠠᠰᠢᠭ ᠪᠠᠢᠬᠤ ᠪᠢᠯᠡ︖ 26 ᠬᠡᠨ ᠨᠢ ᠨᠠᠳᠠ ᠠᠴᠠ ᠪᠠ ᠮᠢᠨᠦ ᠦᠭᠡ ᠡᠴᠡ ᠢᠴᠢᠪᠡᠯ᠂ ᠬᠥᠮᠦᠨ ᠦ ᠬᠦᠦ ᠥᠪᠡᠷ ᠦᠨ ᠢᠶᠠᠨ ᠵᠢᠪᠬᠤᠯᠠᠩ᠂ ᠮᠥᠨ ᠡᠴᠢᠭᠡ ᠶᠢᠨ ᠢᠶᠠᠨ ᠪᠠ ᠲᠩᠷᠢ ᠶᠢᠨ ᠠᠷᠢᠭᠤᠨ ᠡᠯᠴᠢᠳ ᠤᠨ ᠵᠢᠪᠬᠤᠯᠠᠩ ᠢᠶᠠᠷ ᠢᠷᠡᠬᠦ ᠳᠡᠭᠡᠨ ᠲᠡᠭᠦᠨ ᠡᠴᠡ ᠢᠴᠢᠬᠦ ᠪᠣᠯᠣᠨ᠎ᠠ᠃ 27 ᠪᠢ ᠲᠠ ᠨᠠᠷ ᠲᠤ ᠦᠨᠡᠨ ᠢ ᠶᠠᠷᠢᠶ᠎ᠠ᠂ ᠡ᠊ᠨᠳᠡ ᠵᠣᠭᠰᠣᠵᠤ ᠪᠤᠢ ᠬᠥᠮᠦᠰ ᠦᠨ ᠵᠠᠷᠢᠮ ᠨᠢ ᠪᠤᠷᠬᠠᠨ ᠤ ᠬᠠᠭᠠᠨᠴᠢᠯᠠᠯ ᠢ ᠦᠵᠡᠬᠦ ᠡᠴᠡ ᠨᠠᠰᠢ ᠦᠬᠦᠯ ᠢ ᠦᠯᠦ ᠠᠮᠰᠠᠨ᠎ᠠ》 ᠭᠡᠪᠡ᠃
ᠢᠰᠦ᠋ᠰ ᠤᠨ ᠲᠥᠷᠬᠥ ᠬᠤᠪᠢᠷᠠᠭᠰᠠᠨ ᠨᠢ
28 ᠢᠩᠭᠢᠵᠦ ᠬᠡᠯᠡᠭᠰᠡᠨ ᠦ ᠳᠠᠷᠠᠭ᠎ᠠ᠂ ᠪᠠᠷᠤᠭ ᠨᠠᠢ᠌ᠮᠠ ᠬᠣᠨᠣᠭᠠᠳ ᠢᠰᠦ᠋ᠰ ᠫᠧᠲ᠋ᠧᠷ᠂ ᠶᠣᠬᠠᠨ᠂ ᠶᠠᠺᠣᠪ ᠢ ᠳᠠᠭᠠᠭᠤᠯᠤᠨ ᠳᠠᠭᠠᠳᠬᠠᠬᠤ ᠪᠠᠷ ᠠᠭᠤᠯᠠᠨ ᠳᠡᠭᠡᠷ᠎ᠡ ᠭᠠᠷᠤᠯ᠎ᠠ᠃ 29 ᠲᠡᠷᠡ ᠳᠠᠭᠠᠳᠬᠠᠵᠤ ᠪᠠᠢᠬᠤ ᠳᠤ ᠨᠢᠭᠤᠷ ᠤᠨ ᠬᠢᠨᠢ ᠲᠥᠷᠬᠥ ᠥᠭᠡᠷᠡᠴᠢᠯᠡᠭᠳᠡᠵᠦ᠂ ᠬᠤᠪᠴᠠᠰᠤ ᠨᠢ ᠴᠠᠪ ᠴᠠᠭᠠᠨ ᠪᠣᠯᠵᠤ ᠨᠢᠳᠦ ᠭᠢᠯᠪᠠᠭᠤᠯᠤᠨ ᠭᠡᠷᠡᠯᠲᠦᠵᠦ ᠪᠠᠢᠯ᠎ᠠ᠃ 30 ᠠᠩ᠋ᠬᠠᠷᠤᠭᠲᠤᠨ᠂ ᠬᠣᠶᠠᠷ ᠬᠥᠮᠦᠨ ᠢᠰᠦ᠋ᠰ ᠲᠠᠢ ᠶᠠᠷᠢᠯᠴᠠᠨ᠎ᠠ᠃ ᠲᠡᠳᠡ ᠪᠣᠯ ᠮᠣᠰᠧ ᠪᠠ ᠧᠯᠢᠶ᠎ᠠ ᠠᠵᠢ᠃ 31 ᠲᠡᠳᠡ ᠠᠯᠳᠠᠷ ᠰᠤᠤ ᠲᠠᠢ ᠢᠯᠡᠷᠡᠵᠦ᠂ ᠶᠧᠷᠦ᠋ᠰᠠᠯᠧᠮ ᠳᠤ ᠢᠰᠦ᠋ᠰ ᠤᠨ ᠤᠳᠠᠯ ᠦᠭᠡᠢ ᠪᠡᠶᠡᠯᠡᠭᠦᠯᠬᠦ ᠦᠬᠦᠯ ᠦᠨ ᠲᠤᠬᠠᠢ ᠶᠠᠷᠢᠯᠴᠠᠵᠤ ᠪᠠᠢᠵᠠᠢ᠃ 32 ᠫᠧᠲ᠋ᠧᠷ ᠪᠣᠯᠣᠨ ᠬᠠᠮᠲᠤ ᠪᠠᠢᠭᠰᠠᠳ ᠨᠢ ᠨᠣᠢᠷ ᠲᠠᠭᠠᠨ ᠳᠡᠢᠯᠳᠡᠵᠦ ᠪᠠᠢᠭᠰᠠᠨ ᠢᠶᠠᠨ ᠰᠡᠷᠢᠵᠡᠭᠡᠵᠦ᠂ ᠢᠰᠦ᠋ᠰ ᠤᠨ ᠠᠯᠳᠠᠷ ᠰᠤᠤ ᠬᠢᠭᠡᠳ ᠲᠡᠭᠦᠨ ᠲᠡᠢ ᠵᠣᠭᠰᠣᠵᠤ ᠪᠤᠢ ᠬᠣᠶᠠᠷ ᠬᠥᠮᠦᠨ ᠢ ᠦᠵᠡᠯ᠎ᠡ᠃ 33 ᠲᠡᠷᠡ ᠬᠣᠶᠠᠷ ᠢᠰᠦ᠋ᠰ ᠡᠴᠡ ᠰᠠᠯᠵᠤ ᠶᠠᠪᠤᠬᠤ ᠳᠤ᠂ ᠫᠧᠲ᠋ᠧᠷ ᠢᠰᠦ᠋ᠰ ᠲᠤ᠄ 《ᠪᠠᠭᠰᠢ ᠡ᠂ ᠪᠢᠳᠡᠨ ᠦ ᠡ᠊ᠨᠳᠡ ᠪᠠᠢᠬᠤ ᠨᠢ ᠰᠠᠢᠨ᠂ ᠪᠢᠳᠡ ᠭᠤᠷᠪᠠᠨ ᠮᠠᠢᠬᠠᠨ ᠪᠣᠰᠬᠠᠵᠤ᠂ ᠨᠢᠭᠡ ᠶᠢ ᠨᠢ ᠲᠠᠨ ᠳᠤ᠂ ᠨᠢᠭᠡ ᠶᠢ ᠨᠢ ᠮᠣᠰᠧ ᠳᠤ᠂ ᠨᠢᠭᠡ ᠶᠢ ᠨᠢ ᠧᠯᠢᠶ᠎ᠠ ᠳᠤ ᠥᠭᠭᠥᠶ᠎ᠡ》 ᠭᠡᠪᠡ᠃ ᠲᠡᠷᠡ ᠶᠠᠭᠤ ᠶᠠᠷᠢᠵᠤ ᠪᠠᠢᠭ᠎ᠠ ᠪᠠᠨ ᠥᠪᠡᠷ ᠢᠶᠡᠨ ᠴᠤ ᠮᠡᠳᠡᠭᠰᠡᠨ ᠦᠭᠡᠢ᠃ 34 ᠢᠩᠭᠢᠵᠦ ᠶᠠᠷᠢᠵᠤ ᠪᠠᠢᠲᠠᠯ᠎ᠠ ᠡᠭᠦᠯᠡ ᠭᠠᠷᠴᠤ ᠲᠡᠳᠡᠨ ᠢ ᠪᠦᠷᠬᠦᠵᠦ ᠡᠬᠢᠯᠡᠪᠡ᠃ ᠲᠡᠳᠡ ᠡᠭᠦᠯᠡᠨ ᠳᠦ ᠣᠷᠣᠬᠤ ᠳᠠᠭᠠᠨ ᠠᠢᠳᠠᠰ ᠲᠤ ᠠᠪᠲᠠᠪᠠ᠃ 35 ᠡᠭᠦᠯᠡᠨ ᠡᠴᠡ ᠳᠠᠭᠤ ᠭᠠᠷᠴᠤ᠄ 《ᠡᠨᠡ ᠪᠣᠯ ᠮᠢᠨᠦ ᠬᠦᠦ᠂ ᠮᠢᠨᠦ ᠰᠣᠩ᠋ᠭᠣᠭᠰᠠᠨ ᠨᠢᠭᠡᠨ ᠮᠥᠨ᠃ ᠲᠠ ᠨᠠᠷ ᠲᠡᠭᠦᠨ ᠦ ᠬᠢ ᠶᠢ ᠰᠣᠨᠣᠰᠣᠭᠲᠤᠨ》 ᠭᠡᠪᠡ᠃ 36 ᠲᠡᠷᠡ ᠳᠠᠭᠤ ᠭᠠᠷᠤᠭᠰᠠᠨ ᠤ ᠳᠠᠷᠠᠭ᠎ᠠ᠂ ᠢᠰᠦ᠋ᠰ ᠭᠠᠭᠴᠠᠭᠠᠷ ᠢᠶᠠᠨ ᠬᠠᠷᠠᠭᠳᠠᠪᠠ᠃ ᠲᠡᠳᠡ ᠬᠠᠷᠠᠭᠰᠠᠨ ᠢᠶᠠᠨ ᠲᠡᠳᠡᠭᠡᠷ ᠡᠳᠦᠷ ᠲᠦ ᠬᠡᠨ ᠳᠦ ᠴᠤ ᠶᠠᠷᠢᠯ ᠦᠭᠡᠢ ᠪᠠᠢᠭᠰᠠᠨ ᠪᠢᠯᠡ᠃
37 ᠳᠠᠷᠠᠭ᠎ᠠ ᠡᠳᠦᠷ ᠨᠢ ᠲᠡᠳᠡ ᠠᠭᠤᠯᠠᠨ ᠠᠴᠠ ᠪᠠᠭᠤᠬᠤ ᠳᠤ᠂ ᠦᠯᠡᠮᠵᠢ ᠣᠯᠠᠨ ᠬᠥᠮᠦᠨ ᠢᠰᠦ᠋ᠰ ᠢ ᠤᠭᠲᠤᠪᠠ᠃ 38 ᠣᠯᠠᠨ ᠤ ᠳᠤᠮᠳᠠ ᠠᠴᠠ ᠨᠢᠭᠡᠨ ᠡᠷ᠎ᠡ ᠬᠠᠰᠬᠢᠷᠴᠤ᠄ 《ᠪᠠᠭᠰᠢ ᠡ᠂ ᠪᠢ ᠲᠠᠨ ᠠᠴᠠ ᠭᠤᠶᠤᠶ᠎ᠠ᠃ ᠬᠦᠦ ᠶᠢ ᠮᠢᠨᠢ ᠦᠵᠡᠭᠡᠳ ᠥᠭᠭᠥᠨ᠎ᠡ ᠤᠤ︖ ᠲᠡᠷᠡ ᠮᠢᠨᠦ ᠭᠠᠭᠴᠠ ᠬᠦᠦ ᠪᠢᠯᠡ᠃ 39 ᠴᠢᠳᠬᠥᠷ ᠬᠦᠦ ᠶᠢ ᠮᠢᠨᠢ ᠡᠵᠡᠮᠳᠡᠬᠦ ᠳᠦ᠂ ᠲᠡᠷᠡ ᠭᠡᠨᠡᠳᠲᠡ ᠣᠷᠢᠯᠠᠳᠠᠭ᠃ ᠴᠢᠳᠬᠥᠷ ᠲᠡᠭᠦᠨ ᠢ ᠲᠠᠲᠠᠪᠠᠯᠵᠠᠭᠤᠯᠤᠨ ᠠᠮᠠᠨ ᠠᠴᠠ ᠨᠢ ᠬᠥᠭᠡᠰᠦ ᠰᠠᠬᠠᠷᠠᠭᠤᠯᠵᠤ᠂ ᠶᠡᠷᠦ ᠰᠠᠯᠬᠤ ᠦᠭᠡᠢ ᠪᠠᠷ ᠲᠡᠭᠦᠨ ᠢ ᠲᠠᠷᠴᠢᠯᠠᠭᠠᠵᠤ ᠪᠠᠢᠳᠠᠭ᠃ 40 ᠪᠢ ᠲᠠᠨ ᠤ ᠱᠠᠪᠢ ᠨᠠᠷ ᠠᠴᠠ 〈ᠴᠢᠳᠬᠥᠷ ᠢ ᠵᠠᠢᠯᠠᠭᠤᠯᠤᠭᠠᠴᠢ〉 ᠭᠡᠵᠦ ᠭᠤᠶᠤᠭᠰᠠᠨ ᠪᠣᠯᠪᠠᠴᠤ ᠲᠡᠳᠡ ᠴᠢᠳᠠᠭᠰᠠᠨ ᠦᠭᠡᠢ》 ᠭᠡᠬᠦ ᠳᠦ᠂ 41 ᠢᠰᠦ᠋ᠰ ᠬᠠᠷᠢᠭᠤ ᠳᠤᠨᠢ᠄ 《ᠢᠲᠡᠭᠡᠯ ᠦᠭᠡᠢ ᠭᠠᠵᠢᠭᠰᠠᠨ ᠦᠶ᠎ᠡ ᠶᠢᠨ ᠬᠢᠨ ᠡ᠂ ᠪᠢ ᠲᠠ ᠨᠠᠷ ᠲᠠᠢ ᠬᠡᠳᠦᠢ ᠤᠳᠠᠭᠠᠨ ᠬᠠᠮᠲᠤ ᠪᠠᠢᠵᠤ᠂ ᠲᠠ ᠨᠠᠷ ᠢ ᠲᠡᠰᠪᠦᠷᠢᠯᠡᠬᠦ ᠪᠢᠯᠡ︖ ᠬᠦᠦ ᠪᠡᠨ ᠡ᠊ᠨᠳᠡ ᠠᠪᠴᠢᠷᠠ》 ᠭᠡᠪᠡ᠃ 42 ᠬᠦᠦ ᠢᠷᠡᠬᠦ ᠳᠦᠨᠢ ᠴᠢᠳᠬᠥᠷ ᠲᠡᠭᠦᠨ ᠢ ᠭᠠᠵᠠᠷ ᠲᠤ ᠤᠨᠠᠭᠠᠵᠤ ᠲᠠᠲᠠᠪᠠᠯᠵᠠᠭᠤᠯᠵᠠᠢ᠃ ᠢᠰᠦ᠋ᠰ ᠪᠤᠵᠠᠷ ᠴᠢᠳᠬᠥᠷ ᠢ ᠵᠢᠮᠡᠯᠡᠭᠡᠳ ᠬᠦᠦ ᠶᠢ ᠡᠳᠡᠭᠡᠭᠡᠵᠦ᠂ ᠡᠴᠢᠭᠡ ᠳᠦᠨᠢ ᠪᠤᠴᠠᠭᠠᠨ ᠥᠭᠭᠥᠯ᠎ᠡ᠃ 43 ᠪᠤᠷᠬᠠᠨ ᠤ ᠠᠭᠤᠤ ᠶᠢ ᠬᠥᠮᠦᠰ ᠪᠦᠭᠦᠳᠡᠭᠡᠷ ᠢᠶᠡᠨ ᠬᠠᠴᠢᠷᠬᠠᠵᠤ ᠪᠠᠢᠯ᠎ᠠ᠃
44 《ᠲᠠ ᠨᠠᠷ ᠡᠨᠡ ᠦᠭᠡ ᠶᠢ ᠴᠢᠬᠢᠨ ᠳᠡᠭᠡᠨ ᠰᠢᠩ᠋ᠭᠡᠭᠡ᠃ ᠬᠥᠮᠦᠨ ᠦ ᠬᠦᠦ ᠬᠥᠮᠦᠰ ᠦᠨ ᠭᠠᠷ ᠲᠤ ᠲᠤᠰᠢᠶᠠᠭᠳᠠᠬᠤ ᠪᠣᠯᠣᠨ᠎ᠠ》 ᠭᠡᠪᠡ᠃ 45 ᠲᠡᠳᠡ ᠡᠨᠡ ᠦᠭᠡ ᠶᠢ ᠣᠢᠯᠠᠭᠠᠭᠰᠠᠨ ᠦᠭᠡᠢ᠃ ᠤᠳᠬ᠎ᠠ ᠨᠢ ᠳᠠᠯᠳᠠᠯᠠᠭᠳᠠᠭᠰᠠᠨ ᠲᠤᠯᠠ ᠤᠬᠠᠭᠠᠷᠠᠭᠰᠠᠨ ᠦᠭᠡᠢ ᠠᠵᠢ᠃ ᠲᠡᠳᠡ ᠡᠨᠡ ᠦᠭᠡ ᠶᠢᠨ ᠲᠤᠬᠠᠢ ᠠᠰᠠᠭᠤᠬᠤ ᠠᠴᠠ ᠪᠠᠨ ᠴᠤ ᠠᠶᠤᠵᠤ ᠪᠠᠢᠯ᠎ᠠ᠃
ᠬᠡᠨ ᠨᠢ ᠠᠭᠤᠤ ᠪᠣᠯᠬᠤ ᠪᠤᠢ
46 ᠱᠠᠪᠢ ᠨᠠᠷ ᠤᠨ ᠳᠤᠮᠳᠠ ᠬᠡᠨ ᠨᠢ ᠬᠠᠮᠤᠭ ᠤᠨ ᠠᠭᠤᠤ ᠪᠣᠯᠬᠤ ᠲᠤᠬᠠᠢ ᠮᠠᠷᠭᠤᠭᠠᠨ ᠭᠠᠷᠴᠠᠢ᠃ 47 ᠢᠰᠦ᠋ᠰ ᠲᠡᠳᠡᠨ ᠦ ᠰᠡᠳᠬᠢᠯ ᠤᠨ ᠳᠣᠲᠣᠷᠠᠬᠢ ᠮᠠᠷᠭᠤᠭᠠᠨ ᠢ ᠠᠩᠵᠠᠭᠠᠷᠠᠵᠤ ᠨᠢᠭᠡ ᠬᠡᠦᠬᠡᠳ ᠢ ᠠᠪᠴᠢᠷᠠᠨ ᠳᠡᠷᠭᠡᠳᠡ ᠪᠡᠨ ᠵᠣᠭᠰᠣᠭᠠᠭᠠᠳ ᠲᠡᠳᠡᠨ ᠳᠦ᠄ 48 《ᠬᠡᠨ ᠡᠨᠡ ᠬᠡᠦᠬᠡᠳ ᠢ ᠮᠢᠨᠦ ᠨᠡᠷ᠎ᠡ ᠪᠡᠷ ᠬᠦᠯᠢᠶᠡᠨ ᠠᠪᠤᠪᠠᠯ ᠨᠠᠮᠠᠶᠢ ᠬᠦᠯᠢᠶᠡᠨ ᠠᠪᠬᠤ ᠶᠤᠮ᠂ ᠬᠡᠨ ᠨᠠᠮᠠᠶᠢ ᠬᠦᠯᠢᠶᠡᠨ ᠠᠪᠤᠪᠠᠯ᠂ ᠨᠠᠮᠠᠶᠢ ᠢᠯᠡᠭᠡᠭᠰᠡᠨ ᠲᠡᠭᠦᠨ ᠢ ᠬᠦᠯᠢᠶᠡᠨ ᠠᠪᠬᠤ ᠶᠤᠮ᠃ ᠲᠠ ᠨᠠᠷ ᠤᠨ ᠳᠤᠮᠳᠠᠬᠢ ᠬᠠᠮᠤᠭ ᠤᠨ ᠥᠴᠦᠬᠡᠨ ᠨᠢ ᠬᠠᠮᠤᠭ ᠤᠨ ᠶᠡᠬᠡ ᠪᠣᠯᠠᠢ》 ᠭᠡᠪᠡ᠃
49 ᠶᠣᠬᠠᠨ᠄ 《ᠪᠠᠭᠰᠢ ᠡ᠂ ᠲᠠᠨ ᠤ ᠨᠡᠷ᠎ᠡ ᠪᠡᠷ ᠴᠢᠳᠬᠥᠷ ᠬᠥᠭᠡᠭᠡᠵᠦ ᠪᠠᠢᠭ᠎ᠠ ᠨᠢᠭᠡ ᠬᠥᠮᠦᠨ ᠢ ᠪᠢᠳᠡ ᠬᠠᠷᠠᠯ᠎ᠠ᠃ ᠬᠠᠷᠢᠨ ᠲᠡᠷᠡ ᠪᠢᠳᠡᠨ ᠲᠡᠢ ᠬᠠᠮᠲᠤ ᠲᠠᠨ ᠢ ᠳᠠᠭᠠᠳᠠᠭ ᠬᠥᠮᠦᠨ ᠪᠢᠰᠢ ᠪᠣᠯᠬᠣᠷ ᠪᠢᠳᠡ ᠬᠣᠷᠢᠭᠯᠠᠭᠰᠠᠨ》 ᠭᠡᠵᠦ ᠬᠡᠯᠡᠬᠦ ᠳᠦ᠂ 50 ᠢᠰᠦ᠋ᠰ᠄ 《ᠪᠦᠦ ᠬᠣᠷᠢᠭᠯᠠ᠃ ᠲᠠ ᠨᠠᠷ ᠢ ᠡᠰᠡᠷᠭᠦᠴᠡᠳᠡᠭ ᠦᠭᠡᠢ ᠬᠥᠮᠦᠨ ᠲᠠ ᠨᠠᠷ ᠤᠨ ᠲᠠᠯ᠎ᠠ ᠳᠤ ᠪᠠᠢᠳᠠᠭ》 ᠭᠡᠪᠡ᠃
51 ᠳᠡᠭᠡᠭᠰᠢ ᠠᠪᠠᠴᠢᠭᠳᠠᠬᠤ ᠦᠶ᠎ᠡ ᠣᠢᠷᠠᠲᠤᠭᠰᠠᠨ ᠳᠤ᠂ ᠢᠰᠦ᠋ᠰ ᠶᠧᠷᠦ᠋ᠰᠠᠯᠧᠮ ᠳᠤ ᠣᠴᠢᠬᠤ ᠪᠠᠷ ᠰᠡᠳᠬᠢᠯ ᠰᠢᠭᠤᠳᠤᠭᠠᠳ᠂ 52 ᠥᠪᠡᠷ ᠡᠴᠡ ᠪᠡᠨ ᠤᠷᠢᠲᠠᠵᠤ ᠡᠯᠴᠢᠳ ᠢᠶᠠᠨ ᠢᠯᠡᠭᠡᠪᠡ᠃ ᠲᠡᠳᠡ ᠶᠠᠪᠤᠵᠤ ᠰᠠᠮᠠᠷᠢᠶᠠᠴᠤᠳ ᠤᠨ ᠲᠣᠰᠬᠣᠨ ᠳᠤ ᠣᠷᠣᠭᠠᠳ ᠢᠰᠦ᠋ᠰ ᠤᠨ ᠲᠥᠯᠥᠭᠡ ᠪᠡᠯᠡᠳᠬᠡᠯ ᠬᠢᠬᠦ ᠭᠡᠰᠡᠨ ᠳᠦ᠂ 53 ᠲᠡᠨᠳᠡᠬᠢ ᠶᠢᠨ ᠬᠢᠨ ᠬᠦᠯᠢᠶᠡᠨ ᠠᠪᠤᠭᠰᠠᠨ ᠦᠭᠡᠢ᠃ ᠤᠴᠢᠷ ᠨᠢ᠂ ᠢᠰᠦ᠋ᠰ ᠶᠧᠷᠦ᠋ᠰᠠᠯᠧᠮ ᠢ ᠴᠢᠭᠯᠡᠵᠦ ᠪᠠᠢᠪᠠ᠃ 54 ᠱᠠᠪᠢ ᠶᠠᠺᠣᠪ᠂ ᠶᠣᠬᠠᠨ ᠡᠭᠦᠨ ᠢ ᠬᠠᠷᠠᠭᠠᠳ᠄ 《ᠡᠵᠡᠨ ᠡ᠂ ᠲᠩᠷᠢ ᠡᠴᠡ ᠭᠠᠯ ᠪᠠᠭᠤᠵᠤ ᠲᠡᠳᠡᠨ ᠢ ᠰᠥᠨᠥᠭᠡ ᠭᠡᠵᠦ ᠵᠠᠷᠯᠢᠭᠳᠠᠵᠤ ᠪᠣᠯᠬᠤ ᠤᠤ︖》 ᠭᠡᠰᠡᠨ ᠳᠦ᠂ 55 ᠢᠰᠦ᠋ᠰ ᠡᠷᠭᠢᠵᠦ ᠬᠠᠷᠠᠭᠠᠳ ᠲᠡᠳᠡᠨ ᠢ ᠵᠢᠮᠡᠯᠡᠪᠡ᠃ 56 ᠲᠡᠳᠡ ᠥᠭᠡᠷ᠎ᠡ ᠲᠣᠰᠬᠣᠨ ᠤᠷᠤᠭᠤ ᠶᠠᠪᠤᠵᠠᠭᠠᠯ᠎ᠠ᠃
ᠱᠠᠪᠢ ᠪᠣᠯᠬᠤ ᠬᠢᠷᠢ ᠭᠡᠮ
57 ᠲᠡᠳᠡ ᠵᠠᠮ ᠶᠠᠪᠤᠵᠤ ᠪᠠᠢᠬᠤ ᠳᠤ᠂ ᠨᠢᠭᠡ ᠨᠢ ᠢᠰᠦ᠋ᠰ ᠲᠤ᠄ 《ᠲᠠ ᠬᠠᠮᠢᠭ᠎ᠠ ᠶᠠᠪᠤᠭᠰᠠᠨ ᠴᠤ ᠪᠢ ᠲᠠᠨ ᠢ ᠳᠠᠭᠠᠶ᠎ᠠ》 ᠭᠡᠬᠦ ᠳᠦ᠂ 58 ᠲᠡᠷᠡ᠄ 《ᠦᠨᠡᠭᠡᠨ ᠳᠦ ᠨᠦᠬᠡ ᠲᠠᠢ᠂ ᠣᠭᠲᠠᠷᠭᠤᠢ ᠶᠢᠨ ᠰᠢᠪᠠᠭᠤᠨ ᠳᠤ ᠡᠭᠦᠷ ᠲᠡᠢ᠂ ᠬᠠᠷᠢᠨ ᠬᠥᠮᠦᠨ ᠦ ᠬᠦᠦ ᠳᠦ ᠳᠡᠷᠡᠯᠡᠬᠦ ᠭᠠᠵᠠᠷ ᠪᠠᠢᠬᠤ ᠦᠭᠡᠢ》 ᠭᠡᠵᠦ ᠬᠡᠯᠡᠪᠡ᠃ 59 ᠢᠰᠦ᠋ᠰ ᠥᠭᠡᠷ᠎ᠡ ᠨᠢᠭᠡᠨ ᠳᠦᠨᠢ᠄ 《ᠨᠠᠮᠠᠶᠢ ᠳᠠᠭ᠎ᠠ》 ᠭᠡᠬᠦ ᠳᠦ᠂ ᠲᠡᠷᠡ ᠬᠥᠮᠦᠨ᠄ 《ᠡᠵᠡᠨ ᠡ᠂ ᠤᠷᠢᠳᠠᠪᠠᠷ ᠠᠪᠤ ᠪᠠᠨ ᠣᠷᠣᠰᠢᠭᠤᠯᠬᠤ ᠪᠠᠷ ᠶᠠᠪᠤᠬᠤ ᠶᠢ ᠮᠢᠨᠢ ᠵᠥᠪᠰᠢᠶᠡᠷᠡᠭᠡᠴᠢ 12 》 ᠭᠡᠰᠡᠨ ᠳᠦ᠂ 60 ᠢᠰᠦ᠋ᠰ᠄ 《ᠦᠬᠦᠭᠰᠡᠳ ᠢ ᠦᠬᠦᠭᠰᠡᠳ ᠨᠢ ᠣᠷᠣᠰᠢᠭᠤᠯᠤᠭ᠃ ᠬᠠᠷᠢᠨ ᠴᠢ ᠶᠠᠪᠤ︕ ᠪᠤᠷᠬᠠᠨ ᠤ ᠬᠠᠭᠠᠨᠴᠢᠯᠠᠯ ᠢ ᠳᠡᠯᠭᠡᠷᠡᠭᠦᠯᠦᠭᠲᠦᠨ》 ᠭᠡᠪᠡ᠃ 61 ᠪᠠᠰᠠ ᠥᠭᠡᠷ᠎ᠡ ᠬᠥᠮᠦᠨ᠄ 《ᠪᠢ ᠲᠠᠨ ᠢ ᠳᠠᠭᠠᠨ᠎ᠠ᠂ ᠡᠵᠡᠨ ᠡ᠂ ᠬᠠᠷᠢᠨ ᠶᠠᠭᠤᠨ ᠤ ᠡᠮᠦᠨ᠎ᠡ ᠭᠡᠷ ᠲᠡᠭᠡᠨ ᠬᠠᠷᠢᠵᠤ ᠮᠠᠨ ᠤ ᠬᠢᠨ ᠲᠠᠢ ᠪᠠᠨ ᠰᠠᠯᠬᠤ ᠶᠣᠰᠣ ᠭᠦᠢᠴᠡᠳᠬᠡᠬᠦ ᠶᠢ ᠮᠢᠨᠢ ᠵᠥᠪᠰᠢᠶᠡᠷᠡᠭᠡᠴᠢ》 ᠭᠡᠬᠦ ᠳᠦ᠂ 62 ᠢᠰᠦ᠋ᠰ᠄ 《ᠠᠨᠵᠢᠰᠤ ᠪᠠᠨ ᠪᠠᠷᠢᠵᠤ ᠠᠷᠤᠨᠰᠢ ᠪᠠᠨ ᠬᠠᠷᠠᠳᠠᠭ ᠬᠥᠮᠦᠨ ᠪᠤᠷᠬᠠᠨ ᠤ ᠬᠠᠭᠠᠨᠴᠢᠯᠠᠯ ᠳᠤ ᠲᠡᠩᠴᠡᠬᠦ ᠦᠭᠡᠢ》 ᠭᠡᠵᠡᠢ᠃