1 2 3 4 5 6 7 8 9 10 11 12 13 14 15 16 17 18 19 20 21 22 23 24


ᠯᠦᠺ ᠠᠷᠪᠠᠨ ᠨᠢᠭᠡ
 ᠳᠠᠭᠠᠳᠬᠠᠯ ᠤᠨ ᠲᠤᠬᠠᠢ

1 ᠢᠰᠦ᠋ᠰ ᠨᠢᠭᠡᠨ ᠭᠠᠵᠠᠷ ᠲᠤ ᠳᠠᠭᠠᠳᠬᠠᠵᠤ ᠪᠠᠢᠯ᠎ᠠ᠃ ᠳᠠᠭᠤᠰᠬᠤ ᠳᠤᠨᠢ᠂ ᠨᠢᠭᠡ ᠱᠠᠪᠢ᠄ 《ᠡᠵᠡᠨ ᠡ᠂ ᠶᠣᠬᠠᠨ ᠱᠠᠪᠢ ᠨᠠᠷ ᠲᠠᠭᠠᠨ ᠳᠠᠭᠠᠳᠬᠠᠬᠤ ᠶᠢ ᠵᠢᠭᠠᠭᠰᠠᠨ ᠮᠡᠲᠦ ᠪᠢᠳᠡᠨ ᠳᠦ ᠵᠢᠭᠠᠵᠤ ᠥᠭᠭᠥᠭᠡᠴᠢ》 ᠭᠡᠬᠦ ᠳᠦ᠂ 2 ᠢᠰᠦ᠋ᠰ᠄ 《ᠲᠠ ᠨᠠᠷ ᠳᠠᠭᠠᠳᠬᠠᠬᠤ ᠳᠠᠭᠠᠨ᠄ 〈ᠠᠪᠤ ᠡ᠂ ᠲᠠᠨ ᠤ ᠨᠡᠷ᠎ᠡ ᠠᠷᠢᠭᠤᠨ ᠢᠶᠠᠷ ᠬᠦᠨᠳᠦᠯᠡᠭᠳᠡᠬᠦ ᠪᠣᠯᠲᠤᠭᠠᠢ ᠲᠠᠨ ᠤ ᠬᠠᠭᠠᠨᠴᠢᠯᠠᠯ ᠢᠷᠡᠬᠦ ᠪᠣᠯᠲᠤᠭᠠᠢ︕
3 ᠬᠡᠷᠡᠭᠴᠡᠭᠡ ᠲᠠᠢ ᠬᠦᠨᠡᠰᠦ ᠶᠢ ᠮᠢᠨᠢ ᠡᠳᠦᠷ ᠲᠤᠨᠢ ᠪᠢᠳᠡᠨ ᠳᠦ ᠰᠣᠶᠣᠷᠬᠠᠭᠠᠴᠢ
4 ᠪᠢᠳᠡᠨ ᠳᠦ ᠭᠡᠮ ᠨᠢᠭᠦᠯ ᠦᠢᠯᠡᠳᠦᠭᠰᠡᠨ ᠬᠥᠮᠦᠰ ᠢ 14 ᠪᠢᠳᠡ ᠠᠭᠤᠴᠢᠯᠠᠭᠰᠠᠨᠴᠢᠯᠠᠨ ᠭᠡᠮ ᠨᠢᠭᠦᠯ ᠢ ᠮᠢᠨᠢ ᠴᠤ ᠠᠭᠤᠴᠢᠯᠠᠭᠠᠴᠢ ᠪᠢᠳᠡᠨ ᠢ ᠲᠡᠩᠰᠡᠯᠲᠡ ᠳᠦ ᠣᠷᠣᠬᠤ ᠠᠴᠠ ᠵᠠᠢᠯᠠᠭᠤᠯᠤᠭᠠᠴᠢ〉
ᠭᠡᠵᠦ ᠶᠠᠷᠢ》 ᠭᠡᠪᠡ᠃

5 ᠢᠰᠦ᠋ᠰ ᠪᠠᠰᠠ᠄ 《ᠲᠠ ᠨᠠᠷ ᠤᠨ ᠬᠡᠨ ᠨᠢᠭᠡ ᠨᠢ ᠨᠠᠢᠵᠠ ᠶᠢᠨ ᠳᠠᠭᠠᠨ ᠰᠥᠨᠢ ᠳᠤᠮᠳᠠ ᠣᠴᠢᠭᠠᠳ᠄ 〈ᠨᠠᠢᠵᠠ ᠡ᠂ ᠨᠠᠳᠠ ᠳᠤ ᠭᠤᠷᠪᠠᠨ ᠪᠣᠣᠪᠣ ᠵᠢᠭᠡᠯᠡᠭᠦᠯᠦᠭᠡᠴᠢ᠂ 6 ᠨᠠᠢᠵᠠ ᠮᠢᠨᠢ ᠠᠶᠠᠨ ᠬᠥᠭᠡᠭᠡᠵᠦ ᠮᠢᠨᠦ ᠡ᠊ᠨᠳᠡ ᠢᠷᠡᠵᠡᠢ᠃ ᠲᠡᠭᠦᠨ ᠦ ᠡᠮᠦᠨ᠎ᠡ ᠲᠠᠯᠪᠢᠬᠤ ᠶᠠᠭᠤᠮ᠎ᠠ ᠨᠠᠳᠠ ᠳᠤ ᠠᠯᠠᠭ᠎ᠠ ᠪᠠᠢᠨ᠎ᠠ〉 ᠬᠡᠮᠡᠭᠰᠡᠨ ᠭᠡᠵᠦ ᠪᠣᠳᠣᠶ᠎ᠠ᠃ 7 ᠲᠡᠷᠡ ᠬᠥᠮᠦᠨ ᠭᠡᠷ ᠡᠴᠡ ᠪᠡᠨ᠄ 〈ᠪᠢᠲᠡᠭᠡᠢ ᠲᠦᠪᠡᠭ ᠪᠣᠯᠣᠭᠠᠴᠢ︕ ᠡᠭᠦᠳᠡ ᠪᠡᠨ ᠴᠣᠣᠵᠢᠯᠠᠴᠢᠬᠠᠭᠰᠠᠨ᠂ ᠬᠡᠦᠬᠡᠳ ᠤᠳ ᠴᠤ ᠨᠠᠳᠠ ᠲᠠᠢ ᠬᠠᠮᠲᠤ ᠣᠷᠣᠨ ᠳᠠᠭᠠᠨ ᠣᠷᠣᠭᠰᠠᠨ᠂ ᠪᠢ ᠪᠣᠰᠴᠤ ᠶᠠᠭᠤᠮ᠎ᠠ ᠥᠭᠴᠦ ᠴᠢᠳᠠᠬᠤ ᠦᠭᠡᠢ ᠨᠢ〉 ᠭᠡᠵᠦ ᠬᠠᠷᠢᠭᠤᠯᠤᠨ᠎ᠠ᠃ 8 ᠪᠢ ᠲᠠ ᠨᠠᠷ ᠲᠤ ᠬᠡᠯᠡᠶ᠎ᠡ᠂ ᠲᠡᠷᠡ ᠪᠡᠷ ᠨᠠᠢᠵᠠ ᠨᠢ ᠪᠠᠢᠭᠰᠠᠨ ᠬᠢᠷᠢ ᠨᠢ ᠥᠭᠬᠦ ᠦᠭᠡᠢ ᠪᠠᠢᠭᠰᠠᠨ ᠢᠶᠠᠨ ᠨᠢᠭᠤᠷ ᠢᠶᠠᠨ ᠰᠢᠷᠢᠯᠡᠨ ᠭᠤᠶᠤᠭᠠᠳ ᠪᠠᠢᠬᠤᠯᠠᠷ ᠪᠣᠰᠴᠤ ᠬᠡᠷᠡᠭᠴᠡᠭᠡ ᠲᠠᠢ ᠶᠢ ᠨᠢ ᠥᠭᠬᠦ ᠪᠤᠢ᠃

9 ᠪᠢ ᠪᠠᠰᠠ ᠲᠠ ᠨᠠᠷ ᠲᠤ ᠬᠡᠯᠡᠶ᠎ᠡ᠃ ᠭᠤᠶᠤ᠂ ᠲᠡᠭᠡᠪᠡᠯ ᠲᠠ ᠨᠠᠷ ᠲᠤ ᠥᠭᠭᠥᠨ᠎ᠡ᠃ ᠡᠷᠢ᠂ ᠲᠡᠭᠡᠪᠡᠯ ᠣᠯᠣᠨ᠎ᠠ᠃ ᠲᠣᠭᠰᠢ᠂ ᠲᠡᠭᠡᠪᠡᠯ ᠲᠠ ᠨᠠᠷ ᠲᠤ ᠨᠡᠭᠡᠭᠡᠭᠳᠡᠨ᠎ᠡ᠃ 10 ᠭᠤᠶᠤᠭᠴᠢ ᠪᠣᠯᠭᠠᠨ ᠬᠦᠷᠲᠡᠨ᠎ᠡ᠃ ᠡᠷᠢᠭ᠍ᠴᠢ ᠨᠢ ᠣᠯᠣᠨ᠎ᠠ᠃ ᠲᠣᠭᠰᠢᠭᠴᠢ ᠳᠤ ᠨᠡᠭᠡᠭᠡᠭᠳᠡᠬᠦ ᠪᠣᠯᠣᠨ᠎ᠠ᠃ 11 ᠲᠠ ᠨᠠᠷ ᠤᠨ ᠳᠤᠮᠳᠠ ᠬᠦᠦ ᠪᠡᠨ ᠵᠢᠭᠠᠰᠤ ᠭᠤᠶᠤᠬᠤ ᠳᠤ᠂ ᠣᠷᠣᠨ ᠳᠤᠨᠢ ᠮᠣᠭᠠᠢ ᠥᠭᠬᠦ ᠡᠴᠢᠭᠡ ᠪᠠᠢᠨ᠎ᠠ ᠤᠤ︖ 12 ᠡᠰᠡᠪᠡᠯ ᠥᠨᠳᠡᠭᠡ ᠭᠤᠶᠤᠬᠤ ᠳᠤᠨᠢ ᠬᠢᠯᠢᠨᠴᠡᠲᠦ ᠬᠣᠷᠣᠬᠠᠢ ᠥᠭᠬᠦ ᠤᠤ︖ 13 ᠲᠠ ᠨᠠᠷ ᠮᠠᠭᠤ ᠪᠠᠢᠯ᠎ᠠ ᠴᠤ ᠬᠡᠦᠬᠡᠳ ᠤᠳ ᠲᠡᠭᠡᠨ ᠰᠠᠢᠨ ᠶᠠᠭᠤᠮ᠎ᠠ ᠥᠭᠬᠦ ᠪᠡᠨ ᠮᠡᠳᠡᠳᠡᠭ ᠪᠠᠢᠲᠠᠯ᠎ᠠ ᠲᠩᠷᠢ ᠳᠠᠬᠢ ᠡᠴᠢᠭᠡ ᠲᠠᠨᠢ ᠥᠪᠡᠷ ᠡᠴᠡ ᠨᠢ ᠭᠤᠶᠤᠭᠴᠢᠳ ᠲᠤ ᠠᠷᠢᠭᠤᠨ ᠰᠦᠨᠡᠰᠦ ᠥᠭᠬᠦ ᠨᠢ ᠯᠠᠪᠲᠠᠢ ᠪᠢᠰᠢ ᠤᠤ︖》 ᠭᠡᠪᠡ᠃
 ᠹᠠᠷᠢᠰᠠᠢᠴᠤᠳ ᠤᠨ ᠭᠦᠳᠬᠡᠯ

14 ᠨᠢᠭᠡ ᠡᠳᠦᠷ ᠢᠰᠦ᠋ᠰ ᠬᠡᠯᠡ ᠦᠭᠡᠢ ᠴᠢᠳᠬᠥᠷ ᠢ ᠬᠥᠭᠡᠭᠡᠵᠦ ᠪᠠᠢᠪᠠ᠃ ᠴᠢᠳᠬᠥᠷ ᠵᠠᠢᠯᠠᠵᠤ ᠬᠡᠯᠡ ᠦᠭᠡᠢ ᠬᠥᠮᠦᠨ ᠶᠠᠷᠢᠭᠰᠠᠨ ᠳᠤ᠂ ᠣᠯᠠᠨ ᠬᠥᠮᠦᠨ ᠴᠥᠮ ᠢᠶᠡᠷ ᠢᠶᠠᠨ ᠭᠠᠢᠬᠠᠪᠠ᠃ 15 ᠵᠠᠷᠢᠮ ᠨᠢ ᠬᠠᠷᠢᠨ᠄ 《ᠲᠡᠷᠡ ᠪᠡᠷ ᠴᠢᠳᠬᠥᠷ ᠤᠳ ᠤᠨ ᠲᠣᠯᠣᠭᠠᠢᠯᠠᠭᠴᠢ ᠪᠧᠯᠽᠧᠪᠦ᠋ᠯ 15  ᠢᠶᠠᠷ ᠴᠢᠳᠬᠥᠷ ᠤᠳ ᠢ ᠬᠥᠭᠡᠭᠡᠳᠡᠭ》 ᠭᠡᠵᠦ᠂ 16 ᠪᠠᠰᠠ ᠵᠠᠷᠢᠮ ᠨᠢ ᠢᠰᠦ᠋ᠰ ᠢ ᠲᠡᠩᠰᠡᠬᠦ ᠭᠡᠵᠦ ᠲᠩᠷᠢ ᠶᠢᠨ ᠰᠢᠳᠢ ᠲᠡᠮᠳᠡᠭ ᠱᠠᠭᠠᠷᠳᠠᠵᠤ ᠪᠠᠢᠯ᠎ᠠ᠃ 17 ᠭᠡᠪᠡᠴᠦ ᠢᠰᠦ᠋ᠰ ᠲᠡᠳᠡᠨ ᠦ ᠪᠣᠳᠣᠯ ᠢ ᠮᠡᠳᠡᠭᠡᠳ᠄ 《ᠬᠠᠮᠤᠭ ᠤᠯᠤᠰ ᠳᠣᠲᠣᠷ᠎ᠠ ᠪᠠᠨ ᠬᠠᠭᠠᠷᠠᠪᠠᠯ ᠮᠥᠬᠥᠨ᠎ᠡ᠂ ᠠᠢᠯ ᠭᠡᠷ ᠳᠣᠲᠣᠷ᠎ᠠ ᠪᠠᠨ ᠬᠠᠭᠠᠷᠠᠪᠠᠯ ᠰᠦᠢᠷᠡᠨ᠎ᠡ᠃ 18 ᠰᠠᠲ᠋ᠠᠨ ᠳᠣᠲᠣᠷ᠎ᠠ ᠪᠠᠨ ᠬᠠᠭᠠᠷᠠᠯ ᠭᠠᠷᠪᠠᠯ ᠤᠯᠤᠰ ᠨᠢ ᠬᠡᠷᠬᠢᠨ ᠲᠣᠭᠲᠠᠨᠢᠬᠤ ᠪᠢᠯᠡ︖ ᠨᠠᠮᠠᠶᠢ ᠪᠧᠯᠽᠧᠪᠦ᠋ᠯ ᠤᠨ ᠬᠦᠴᠦ ᠪᠡᠷ ᠴᠢᠳᠬᠥᠷ ᠢ ᠵᠠᠢᠯᠠᠭᠤᠯᠳᠠᠭ ᠭᠡᠵᠦ ᠲᠠ ᠨᠠᠷ ᠤᠨ ᠬᠡᠯᠡᠭᠰᠡᠨᠴᠢᠯᠡᠨ 19 ᠬᠡᠷᠪᠡ ᠪᠢ ᠪᠧᠯᠽᠧᠪᠦ᠋ᠯ ᠤᠨ ᠬᠦᠴᠦ ᠪᠡᠷ ᠴᠢᠳᠬᠥᠷ ᠤᠳ ᠢ ᠬᠥᠭᠡᠭᠡᠳᠡᠭ ᠶᠤᠮ ᠪᠣᠯ᠂ ᠲᠠ ᠨᠠᠷ ᠤᠨ ᠬᠥᠪᠡᠭᠦᠳ ᠬᠡᠨ ᠦ ᠬᠦᠴᠦ ᠪᠡᠷ ᠴᠢᠳᠬᠥᠷ ᠤᠳ ᠢ ᠬᠥᠭᠡᠭᠡᠳᠡᠭ ᠪᠤᠢ︖ ᠡᠢᠨ ᠬᠦ ᠬᠥᠪᠡᠭᠦᠳ ᠴᠢᠨᠢ ᠲᠠ ᠨᠠᠷ ᠢ ᠰᠢᠭᠦᠬᠦ ᠪᠣᠯᠣᠨ᠎ᠠ᠃ 20 ᠮᠥᠨ ᠪᠢ ᠪᠤᠷᠬᠠᠨ ᠤ ᠬᠤᠷᠤᠭᠤ ᠪᠠᠷ ᠴᠢᠳᠬᠥᠷ ᠤᠳ ᠢ ᠬᠥᠭᠡᠭᠡᠳᠡᠭ ᠲᠤᠯᠠ ᠪᠤᠷᠬᠠᠨ ᠤ ᠬᠠᠭᠠᠨᠴᠢᠯᠠᠯ ᠲᠠ ᠨᠠᠷ ᠲᠤ ᠢᠷᠡᠴᠢᠬᠡᠭᠰᠡᠨ ᠪᠤᠢ᠃ 21 ᠬᠦᠴᠦᠲᠦ ᠬᠥᠮᠦᠨ ᠥᠪᠴᠢ ᠵᠡᠪᠰᠡᠭᠯᠡᠵᠦ ᠡᠷᠦᠬᠡ ᠭᠡᠷ ᠢᠶᠡᠨ ᠰᠠᠬᠢᠪᠠᠯ ᠬᠥᠷᠥᠩᠭᠡ ᠨᠢ ᠠᠶᠤᠯ ᠦᠭᠡᠢ᠃ 22 ᠬᠠᠷᠢᠨ ᠲᠡᠭᠦᠨ ᠡᠴᠡ ᠬᠦᠴᠦᠲᠡᠢ ᠨᠢ ᠢᠷᠡᠭᠡᠳ ᠲᠡᠭᠦᠨ ᠢ ᠢᠯᠠᠵᠤ᠂ ᠥᠮᠥᠭ ᠲᠦᠰᠢᠭ ᠪᠣᠯᠣᠭᠰᠠᠨ ᠵᠡᠷ ᠵᠡᠪᠰᠡᠭ ᠢ ᠨᠢ ᠪᠤᠯᠢᠶᠠᠵᠤ ᠣᠯᠵᠠ ᠪᠠᠨ ᠬᠤᠪᠢᠶᠠᠨ᠎ᠠ᠃ 23 ᠨᠠᠳᠠ ᠲᠠᠢ ᠨᠡᠢᠯᠡᠳᠡᠭ ᠦᠭᠡᠢ ᠨᠢ ᠨᠠᠮᠠᠶᠢ ᠡᠰᠡᠷᠭᠦᠴᠡᠭᠴᠢ᠂ ᠨᠠᠳᠠ ᠲᠠᠢ ᠬᠠᠮᠲᠤ ᠬᠤᠷᠢᠶᠠᠯᠴᠠᠳᠠᠭ ᠦᠭᠡᠢ ᠨᠢ ᠪᠤᠲᠠᠷᠠᠭᠠᠭᠴᠢ ᠮᠥᠨ᠃

24 ᠪᠤᠵᠠᠷ ᠴᠢᠳᠬᠥᠷ ᠬᠥᠮᠦᠨ ᠡᠴᠡ ᠵᠠᠢᠯᠠᠵᠤ᠂ ᠠᠮᠠᠷᠠᠬᠤ ᠣᠷᠣᠨ ᠡᠷᠢᠭᠰᠡᠭᠡᠷ ᠤᠰᠤ ᠦᠭᠡᠢ ᠭᠠᠵᠠᠷ ᠢᠶᠠᠷ ᠬᠡᠰᠦᠭᠰᠡᠨ ᠪᠣᠯᠪᠠᠴᠤ ᠣᠯᠣᠭᠰᠠᠨ ᠦᠭᠡᠢ ᠳᠡᠭᠡᠨ᠄ 〈ᠤᠤᠯ ᠤᠨ ᠭᠡᠷ ᠲᠡᠭᠡᠨ ᠬᠠᠷᠢᠶ᠎ᠠ〉 ᠬᠡᠮᠡᠨ 25 ᠪᠤᠴᠠᠭᠠᠳ ᠦᠵᠡᠬᠦ ᠳᠦ ᠭᠡᠷ ᠨᠢ ᠴᠡᠪᠡᠷᠬᠡᠨ᠂ ᠴᠡᠭᠴᠡ ᠲᠠᠢ ᠪᠣᠯᠣᠭᠰᠠᠨ ᠪᠠᠢᠵᠠᠢ᠃ 26 ᠢᠩᠭᠢᠬᠦ ᠳᠦ ᠲᠡᠷᠡ ᠶᠠᠪᠤᠵᠤ ᠥᠪᠡᠷ ᠡᠴᠡ ᠪᠡᠨ ᠮᠠᠭᠤ ᠳᠣᠯᠣᠭᠠᠨ ᠴᠢᠳᠬᠥᠷ ᠢ ᠳᠠᠭᠠᠭᠤᠯᠤᠨ ᠲᠡᠨᠳᠡ ᠣᠷᠣᠩᠨᠠᠬᠤ ᠪᠣᠯᠣᠨ᠎ᠠ᠃ ᠢᠩᠭᠢᠭᠡᠳ ᠨᠥᠭᠥᠭᠡ ᠬᠥᠮᠦᠨ ᠦ ᠬᠣᠵᠢᠮ ᠤᠨ ᠪᠠᠢᠳᠠᠯ ᠤᠭ ᠤᠨ ᠬᠢ ᠡᠴᠡ ᠪᠡᠨ ᠳᠣᠣᠷᠠᠳᠠᠳᠠᠭ》 ᠭᠡᠪᠡ᠃

27 ᠡᠳᠡᠭᠡᠷ ᠢ ᠶᠠᠷᠢᠵᠤ ᠪᠠᠢᠲᠠᠯ᠎ᠠ ᠣᠯᠠᠨ ᠤ ᠳᠤᠮᠳᠠ ᠠᠴᠠ ᠨᠢᠭᠡ ᠡᠮᠡᠭᠲᠡᠢ ᠳᠠᠭᠤ ᠪᠠᠨ ᠥᠨᠳᠥᠷᠰᠡᠭᠡᠨ᠄ 《ᠲᠠᠨ ᠢ ᠲᠥᠷᠥᠭᠦᠯᠵᠦ ᠬᠥᠬᠥᠭᠦᠯᠦᠭᠰᠡᠨ ᠡᠬᠡ ᠪᠤᠶᠠᠨ ᠲᠠᠢ︕》 ᠭᠡᠰᠡᠨ ᠳᠦ᠂ 28 ᠢᠰᠦ᠋ᠰ᠄ 《ᠪᠤᠷᠬᠠᠨ ᠤ ᠦᠭᠡ ᠶᠢ ᠰᠣᠨᠣᠰᠣᠭᠠᠳ ᠰᠠᠬᠢᠭᠴᠢ ᠨᠢ ᠪᠤᠶᠠᠨ ᠲᠠᠢ》 ᠭᠡᠵᠡᠢ᠃
 ᠶᠣᠨᠠ ᠶᠢᠨ ᠰᠢᠳᠢ ᠲᠡᠮᠳᠡᠭ

29 ᠣᠯᠠᠨ ᠬᠥᠮᠦᠨ ᠴᠤᠭᠯᠠᠷᠠᠵᠤ ᠪᠠᠢᠬᠤ ᠳᠤ᠂ ᠢᠰᠦ᠋ᠰ᠄ 《ᠡᠨᠡ ᠦᠶ᠎ᠡ ᠶᠢᠨ ᠬᠢᠨ ᠪᠣᠯ ᠮᠠᠭᠤ ᠦᠶ᠎ᠡ ᠶᠢᠨ ᠬᠢᠨ ᠶᠤᠮ᠃ ᠲᠡᠳᠡ ᠰᠢᠳᠢ ᠲᠡᠮᠳᠡᠭ ᠱᠠᠭᠠᠷᠳᠠᠳᠠᠭ ᠪᠣᠯᠪᠠᠴᠤ ᠶᠣᠨᠠ ᠶᠢᠨ ᠬᠢ ᠡᠴᠡ ᠥᠭᠡᠷ᠎ᠡ ᠰᠢᠳᠢ ᠲᠡᠮᠳᠡᠭ ᠥᠭᠭᠥᠭᠳᠡᠬᠦ ᠦᠭᠡᠢ᠃ 30 ᠶᠣᠨᠠ ᠨᠢᠨᠧᠸᠧᠴᠤᠳ ᠲᠤ ᠰᠢᠳᠢ ᠲᠡᠮᠳᠡᠭ ᠪᠣᠯᠣᠭᠰᠠᠨᠴᠢᠯᠠᠨ ᠬᠥᠮᠦᠨ ᠦ ᠬᠦᠦ ᠴᠤ ᠡᠨᠡ ᠦᠶ᠎ᠡ ᠶᠢᠨ ᠬᠢᠨ ᠳᠤ ᠰᠢᠳᠢ ᠲᠡᠮᠳᠡᠭ ᠪᠣᠯᠣᠨ᠎ᠠ᠃ 31 ᠰᠢᠭᠦᠯᠲᠡ ᠳᠡᠭᠡᠷ᠎ᠡ ᠡᠮᠦᠨᠡᠲᠦ ᠶᠢᠨ ᠬᠠᠲᠤᠨ ᠬᠠᠭᠠᠨ ᠡᠨᠡ ᠦᠶ᠎ᠡ ᠶᠢᠨ ᠬᠥᠮᠦᠰ ᠲᠡᠢ ᠪᠣᠰᠴᠤ ᠢᠷᠡᠭᠡᠳ ᠲᠡᠳᠡᠨ ᠢ ᠶᠠᠯᠠᠯᠠᠬᠤ ᠪᠣᠯᠣᠨ᠎ᠠ᠃ ᠤᠴᠢᠷ ᠨᠢ᠂ ᠲᠡᠷᠡ ᠰᠣᠯᠣᠮᠣᠨ ᠤ ᠮᠡᠷᠭᠡᠨ ᠤᠬᠠᠭᠠᠨ ᠢ ᠰᠣᠨᠣᠰᠬᠤ ᠪᠠᠷ ᠳᠡᠯᠡᠬᠡᠢ ᠶᠢᠨ ᠬᠢᠵᠠᠭᠠᠷ ᠠᠴᠠ ᠢᠷᠡᠭᠰᠡᠨ ᠪᠢᠯᠡ᠃ ᠬᠠᠷᠠ︕ ᠰᠣᠯᠣᠮᠣᠨ ᠠᠴᠠ ᠠᠭᠤᠤ ᠨᠢᠭᠡᠨ ᠨᠢ ᠡ᠊ᠨᠳᠡ ᠪᠠᠢᠨ᠎ᠠ᠃ 32 ᠰᠢᠭᠦᠯᠲᠡ ᠶᠢᠨ ᠦᠶ᠎ᠡ ᠳᠦ ᠨᠢᠨᠧᠸᠧᠴᠤᠳ ᠴᠤ ᠡᠨᠡ ᠦᠶ᠎ᠡ ᠶᠢᠨ ᠬᠢᠨ ᠲᠠᠢ ᠪᠣᠰᠴᠤ ᠡᠳᠡᠨ ᠢ ᠶᠠᠯᠠᠯᠠᠨ᠎ᠠ᠃ ᠤᠴᠢᠷ ᠨᠢ᠂ ᠲᠡᠳᠡ ᠶᠣᠨᠠ ᠶᠢᠨ ᠰᠤᠷᠭᠠᠯ ᠢᠶᠠᠷ ᠭᠡᠮᠰᠢᠭᠰᠡᠨ ᠶᠤᠮ᠂ ᠬᠠᠷᠠ︕ ᠶᠣᠨᠠ ᠠᠴᠠ ᠠᠭᠤᠤ ᠨᠢᠭᠡᠨ ᠨᠢ ᠡ᠊ᠨᠳᠡ ᠪᠠᠢᠨ᠎ᠠ᠃

33 ᠬᠡᠨ ᠴᠤ ᠳ᠋ᠧᠩ ᠢ ᠠᠰᠠᠭᠠᠭᠠᠳ ᠳᠠᠯᠳᠠ ᠭᠠᠵᠠᠷ [ᠪᠤᠶᠤ ᠰᠠᠪᠠ ᠶᠢᠨ ᠳᠣᠣᠷ᠎ᠠ] ᠲᠠᠯᠪᠢᠳᠠᠭ ᠦᠭᠡᠢ᠃ ᠬᠠᠷᠢᠨ ᠣᠷᠣᠵᠤ ᠢᠷᠡᠭᠰᠡᠳ ᠲᠦ ᠭᠡᠷᠡᠯ ᠦᠵᠡᠭᠦᠯᠬᠦ ᠶᠢᠨ ᠲᠤᠯᠠᠳᠠ ᠲᠠᠯᠪᠢᠭᠤᠷ ᠳᠡᠭᠡᠷ᠎ᠡ ᠲᠠᠯᠪᠢᠳᠠᠭ᠃ 34 ᠴᠢᠨᠦ ᠨᠢᠳᠦ ᠪᠣᠯ ᠪᠡᠶ᠎ᠡ ᠶᠢᠨ ᠴᠢᠨᠢ ᠳ᠋ᠧᠩ ᠮᠥᠨ᠂ ᠨᠢᠳᠦ ᠴᠢᠨᠢ ᠭᠡᠮ ᠦᠭᠡᠢ ᠪᠣᠯ ᠪᠦᠬᠦ ᠪᠡᠶ᠎ᠡ ᠴᠢᠨᠢ ᠭᠡᠷᠡᠯ ᠲᠡᠢ᠂ ᠨᠢᠳᠦ ᠴᠢᠨᠢ ᠮᠠᠭᠤ ᠪᠣᠯ ᠪᠡᠶ᠎ᠡ ᠴᠢᠨᠢ ᠬᠠᠷᠠᠩ᠋ᠭᠤᠢ ᠪᠠᠢᠳᠠᠭ᠃ 35 ᠲᠡᠢᠮᠦ ᠡᠴᠡ ᠴᠢᠨᠦ ᠳᠣᠲᠣᠷ᠎ᠠ ᠭᠡᠷᠡᠯ ᠪᠠ ᠬᠠᠷᠠᠩ᠋ᠭᠤᠢ ᠶᠢᠨ ᠠᠯᠢᠨ ᠨᠢ ᠪᠠᠢᠬᠤ ᠶᠢ ᠠᠩ᠋ᠬᠠᠷᠤᠭᠲᠤᠨ᠃ 36 ᠬᠡᠷᠪᠡ ᠪᠦᠬᠦ ᠪᠡᠶ᠎ᠡ ᠴᠢᠨᠢ ᠭᠡᠷᠡᠯ ᠲᠡᠢ ᠪᠥᠭᠡᠳ ᠥᠴᠦᠬᠡᠨ ᠴᠤ ᠬᠠᠷᠠᠩ᠋ᠭᠤᠢ ᠦᠭᠡᠢ ᠪᠣᠯ᠂ ᠳ᠋ᠧᠩ ᠤᠨ ᠭᠡᠷᠡᠯ ᠴᠢᠮᠠᠶᠢ ᠭᠡᠷᠡᠯᠲᠦᠭᠦᠯᠦᠭᠰᠡᠨ ᠮᠡᠲᠦ ᠪᠦᠷᠢᠮᠦᠰᠦᠨ ᠭᠡᠷᠡᠯ ᠲᠡᠢ ᠪᠣᠯᠣᠨ᠎ᠠ》 ᠭᠡᠵᠡᠢ᠃
 ᠹᠠᠷᠢᠰᠠᠢᠴᠤᠳ ᠲᠤ ᠭᠠᠢ ᠢᠷᠡᠨ᠎ᠡ

37 ᠢᠰᠦ᠋ᠰ ᠶᠠᠷᠢᠶ᠎ᠠ ᠪᠠᠨ ᠥᠨᠳᠥᠷᠯᠡᠲᠡᠯ᠎ᠡ ᠨᠢᠭᠡᠨ ᠹᠠᠷᠢᠰᠠᠢ ᠬᠥᠮᠦᠨ ᠬᠠᠮᠲᠤ ᠬᠣᠭᠣᠯᠠᠯᠠᠬᠤ ᠪᠠᠷ ᠤᠷᠢᠭᠰᠠᠨ ᠳᠤ᠂ ᠲᠡᠷᠡ ᠣᠴᠢᠭᠠᠳ ᠰᠢᠷᠡᠭᠡᠨ ᠳᠦ ᠰᠠᠭᠤᠪᠠ᠃ 38 ᠥᠨᠥᠬᠢ ᠹᠠᠷᠢᠰᠠᠢ ᠬᠥᠮᠦᠨ ᠢᠰᠦ᠋ᠰ ᠤᠨ ᠬᠣᠭᠣᠯᠠᠯᠠᠬᠤ ᠠᠴᠠ ᠪᠠᠨ ᠡᠮᠦᠨ᠎ᠡ ᠤᠬᠢᠶᠠᠯᠭ᠎ᠠ ᠬᠢᠭᠡ ᠦᠭᠡᠢ ᠶᠢ ᠦᠵᠡᠭᠡᠳ ᠭᠠᠢᠬᠠᠭᠰᠠᠨ ᠳᠤ᠂ 39 ᠡᠵᠡᠨ᠄ 《ᠲᠠᠨ ᠤ ᠹᠠᠷᠢᠰᠠᠢᠴᠤᠳ ᠴᠣᠮᠣ ᠪᠣᠯᠣᠨ ᠲᠠᠪᠠᠭ ᠤᠨ ᠢᠶᠠᠨ ᠭᠠᠳᠠᠨ᠎ᠠ ᠲᠠᠯ᠎ᠠ ᠶᠢ ᠴᠡᠪᠡᠷᠯᠡᠳᠡᠭ ᠪᠣᠯᠪᠠᠴᠤ ᠳᠣᠲᠣᠷ᠎ᠠ ᠲᠠᠯ᠎ᠠ ᠶᠢ ᠨᠢ ᠮᠥᠯᠵᠢᠯ ᠪᠠ ᠬᠣᠷᠣᠰᠣᠯ ᠢᠶᠠᠷ ᠳᠦᠭᠦᠷᠭᠡᠭᠰᠡᠨ ᠪᠠᠢᠳᠠᠭ᠃ 40 ᠮᠤᠩ᠋ᠬᠠᠭ ᠬᠥᠮᠦᠰ ᠡ᠂ ᠭᠠᠳᠠᠨᠠᠬᠢ ᠶᠢ ᠪᠦᠲᠦᠭᠡᠭᠴᠢ ᠳᠣᠲᠣᠷᠠᠬᠢ ᠶᠢ ᠴᠤ ᠪᠦᠲᠦᠭᠡᠭᠰᠡᠨ ᠪᠢᠰᠢ ᠤᠤ︖ 41 ᠳᠣᠲᠣᠷᠠᠬᠢ ᠶᠠᠭᠤᠮᠠᠰ ᠢᠶᠠᠨ ᠥᠭᠯᠢᠭᠡ ᠳᠦ ᠥᠭ᠃ ᠲᠡᠭᠡᠪᠡᠯ ᠲᠠ ᠨᠠᠷ ᠠᠯᠢ ᠲᠠᠯ᠎ᠠ ᠪᠠᠷ ᠢᠶᠠᠨ ᠴᠤ ᠴᠡᠪᠡᠷ ᠪᠠᠢᠬᠤ ᠪᠣᠯᠣᠨ᠎ᠠ᠃

42 ᠹᠠᠷᠢᠰᠠᠢᠴᠤᠳ ᠲᠠ ᠨᠠᠷ ᠲᠤ ᠭᠠᠢ ᠪᠣᠯᠣᠨ᠎ᠠ᠂ ᠲᠠ ᠨᠠᠷ ᠪᠠᠳᠷᠠᠰᠢ᠂ ᠰᠦᠯᠦ ᠪᠣᠯᠣᠨ ᠵᠦᠢᠯ ᠵᠦᠢᠯ ᠤᠨ ᠨᠣᠭᠣᠭ᠎ᠠ ᠶᠢᠨ ᠠᠷᠪᠠᠨ ᠤ ᠨᠢᠭᠡ ᠶᠢ ᠡᠷᠭᠦᠳᠡᠭ ᠪᠣᠯᠪᠠᠴᠤ ᠵᠥᠪ ᠢ ᠦᠢᠯᠡᠳᠬᠦ ᠪᠠ ᠪᠤᠷᠬᠠᠨ ᠢ ᠬᠠᠢᠷᠠᠯᠠᠬᠤ ᠪᠠᠨ ᠣᠢᠰᠢᠶᠠᠳᠠᠭ ᠦᠭᠡᠢ᠃ ᠲᠠ ᠨᠠᠷ ᠡᠳᠡᠭᠡᠷ ᠢ ᠪᠡᠶᠡᠯᠡᠭᠦᠯᠬᠦ ᠶᠣᠰᠣᠲᠠᠢ ᠪᠥᠭᠡᠳ ᠲᠡᠳᠡᠭᠡᠷ ᠢ ᠴᠤ ᠬᠠᠶᠠᠵᠤ ᠪᠣᠯᠬᠤ ᠦᠭᠡᠢ ᠰᠠᠨ᠃ 43 ᠹᠠᠷᠢᠰᠠᠢᠴᠤᠳ ᠲᠠ ᠨᠠᠷ ᠲᠤ ᠭᠠᠢ ᠪᠣᠯᠣᠨ᠎ᠠ᠂ ᠲᠠ ᠨᠠᠷ ᠬᠤᠷᠠᠯ ᠤᠨ ᠲᠠᠩᠬᠢᠮ ᠤᠨ ᠳᠡᠭᠡᠳᠦ ᠰᠠᠭᠤᠳᠠᠯ ᠳᠤ ᠰᠠᠭᠤᠬᠤ ᠪᠠ ᠵᠡᠭᠡᠯᠢ ᠳᠡᠭᠡᠷ᠎ᠡ ᠮᠡᠨᠳᠦᠴᠢᠯᠡᠭᠦᠯᠬᠦ ᠳᠤᠷᠠᠲᠠᠢ᠃ 44 ᠲᠠ ᠨᠠᠷ ᠲᠤ ᠭᠠᠢ ᠪᠣᠯᠣᠨ᠎ᠠ᠃ ᠲᠠ ᠨᠠᠷ ᠪᠣᠯ ᠦᠯᠦ ᠬᠠᠷᠠᠭᠳᠠᠬᠤ ᠪᠤᠯᠠᠰᠢ ᠲᠠᠢ ᠠᠳᠠᠯᠢ᠂ ᠬᠥᠮᠦᠰ ᠠᠩᠵᠠᠭᠠᠷᠠᠬᠤ ᠦᠭᠡᠢ ᠪᠠᠷ ᠳᠡᠭᠡᠭᠦᠷ ᠨᠢ ᠶᠠᠪᠤᠳᠠᠭ》 ᠭᠡᠯ᠎ᠡ᠃

45 ᠬᠠᠤᠯᠢ ᠶᠢᠨ ᠪᠠᠭᠰᠢ ᠶᠢᠨ ᠨᠢᠭᠡ ᠨᠢ ᠢᠰᠦ᠋ᠰ ᠲᠤ ᠬᠠᠷᠢᠭᠤᠯᠤᠨ᠄ 《ᠪᠠᠭᠰᠢ ᠡ᠂ ᠲᠠ ᠢᠩᠭᠢᠵᠦ ᠬᠡᠯᠡᠭᠰᠡᠨ ᠢᠶᠡᠷ ᠢᠶᠠᠨ ᠪᠢᠳᠡᠨ ᠢ ᠴᠤ ᠪᠠᠰᠤᠮᠵᠢᠯᠠᠵᠤ ᠪᠠᠢᠨ᠎ᠠ》 ᠭᠡᠰᠡᠨ ᠳᠦ᠂ 46 ᠢᠰᠦ᠋ᠰ᠄ 《ᠬᠠᠤᠯᠢ ᠶᠢᠨ ᠪᠠᠭᠰᠢ ᠲᠠ ᠨᠠᠷ ᠲᠤ ᠴᠤ ᠭᠠᠢ ᠪᠣᠯᠣᠨ᠎ᠠ︕ ᠲᠠ ᠨᠠᠷ ᠳᠠᠭᠠᠭᠠᠵᠤ ᠳᠡᠢᠯᠦᠰᠢ ᠦᠭᠡᠢ ᠠᠴᠢᠶ᠎ᠠ ᠶᠢ ᠬᠥᠮᠦᠰ ᠦᠨ ᠳᠡᠭᠡᠷ᠎ᠡ ᠠᠴᠢᠳᠠᠭ ᠪᠣᠯᠪᠠᠴᠤ ᠥᠪᠡᠷᠰᠡᠳ ᠢᠶᠡᠨ ᠭᠠᠭᠴᠠ ᠬᠤᠷᠤᠭᠤ ᠪᠠᠨ ᠴᠤ ᠠᠴᠢᠶᠠᠨ ᠳᠤ ᠬᠦᠷᠭᠡᠳᠡᠭ ᠦᠭᠡᠢ᠃ 47 ᠲᠠ ᠨᠠᠷ ᠲᠤ ᠭᠠᠢ ᠪᠣᠯᠣᠨ᠎ᠠ᠂ ᠲᠠ ᠨᠠᠷ ᠡᠰᠢ ᠦᠵᠡᠭᠦᠯᠦᠭᠴᠢᠳ ᠤᠨ ᠪᠤᠯᠠᠰᠢ ᠶᠢ ᠪᠠᠷᠢᠵᠤ ᠪᠠᠢᠭ᠎ᠠ ᠪᠣᠯᠪᠠᠴᠤ ᠲᠡᠳᠡᠨ ᠢ ᠬᠥᠨᠥᠭᠡᠭᠴᠢᠳ ᠨᠢ ᠲᠠ ᠨᠠᠷ ᠤᠨ ᠳᠡᠭᠡᠳᠦᠰ ᠪᠠᠢᠭᠰᠠᠨ᠃ 48 ᠳᠡᠭᠡᠳᠦᠰ ᠦᠨ ᠢᠶᠠᠨ ᠠᠯᠠᠭᠰᠠᠨ ᠬᠥᠮᠦᠰ ᠦᠨ ᠪᠤᠯᠠᠰᠢ ᠶᠢ ᠪᠠᠷᠢᠵᠤ ᠪᠠᠢᠭ᠎ᠠ ᠪᠠᠷ ᠢᠶᠠᠨ ᠲᠠ ᠨᠠᠷ ᠳᠡᠭᠡᠳᠦᠰ ᠦᠨ ᠢᠶᠠᠨ ᠬᠢᠭᠰᠡᠨ ᠢ ᠭᠡᠷᠡᠴᠢᠯᠡᠨ ᠵᠥᠪᠰᠢᠶᠡᠷᠡᠵᠦ ᠪᠠᠢᠨ᠎ᠠ᠃ ᠤᠴᠢᠷ ᠨᠢ᠂ ᠡᠪᠦᠭᠡ ᠳᠡᠭᠡᠳᠦᠰ ᠴᠢᠨᠢ ᠲᠡᠳᠡᠨ ᠢ ᠠᠯᠠᠭᠰᠠᠨ ᠲᠤᠯᠠ ᠲᠠ ᠨᠠᠷ ᠲᠡᠳᠡᠨ ᠦ ᠪᠤᠯᠠᠰᠢ ᠶᠢ ᠪᠠᠷᠢᠵᠤ ᠪᠠᠢᠨ᠎ᠠ᠃ 49 ᠡᠢᠮᠦ ᠡᠴᠡ ᠪᠤᠷᠬᠠᠨ ᠮᠡᠷᠭᠡᠨ ᠤᠬᠠᠭᠠᠨ ᠢᠶᠠᠷ ᠢᠶᠠᠨ᠄ 〈ᠪᠢ ᠲᠡᠳᠡᠨ ᠳᠦ ᠡᠰᠢ ᠦᠵᠡᠭᠦᠯᠦᠭᠴᠢᠳ ᠪᠠ ᠰᠢᠳᠠᠷ ᠱᠠᠪᠢ ᠨᠠᠷ ᠢᠶᠠᠨ ᠢᠯᠡᠭᠡᠨ᠎ᠡ᠃ ᠲᠡᠳᠡ ᠵᠠᠷᠢᠮ ᠢ ᠨᠢ ᠠᠯᠠᠵᠤ᠂ ᠵᠠᠷᠢᠮ ᠢ ᠨᠢ ᠬᠠᠪᠴᠢᠨ᠎ᠠ〉 ᠭᠡᠰᠡᠨ ᠶᠤᠮ᠃ 50 ᠡᠢᠮᠦ ᠡᠴᠡ ᠠᠪᠧᠯ ᠡᠴᠡ ᠠᠪᠤᠭᠠᠳ ᠲᠠᠬᠢᠯ ᠤᠨ ᠰᠢᠷᠡᠭᠡ ᠪᠠ ᠠᠷᠢᠭᠤᠨ ᠭᠠᠵᠠᠷ ᠬᠣᠶᠠᠷ ᠤᠨ ᠬᠣᠭᠣᠷᠣᠨᠳᠣ ᠠᠯᠠᠭᠳᠠᠭᠰᠠᠨ ᠽᠠᠺᠠᠷᠢᠶ᠎ᠠ ᠶᠢᠨ ᠤᠷᠤᠰᠬᠠᠭᠰᠠᠨ ᠴᠢᠰᠤ ᠬᠦᠷᠲᠡᠯ᠎ᠡ ᠶᠢᠷᠲᠢᠨᠴᠦ ᠪᠦᠲᠦᠭᠡᠭᠳᠡᠭᠰᠡᠨ ᠡᠴᠡ ᠨᠠᠰᠢᠬᠢ ᠪᠦᠬᠦ ᠡᠰᠢ ᠦᠵᠡᠭᠦᠯᠦᠭᠴᠢ ᠶᠢᠨ ᠴᠢᠰᠤ ᠶᠢ ᠨᠡᠬᠡᠨ᠎ᠡ᠃ 51 ᠲᠡᠢᠮᠦ ᠡ᠂ ᠲᠠ ᠨᠠᠷ ᠲᠤ ᠬᠡᠯᠡᠶ᠎ᠡ᠂ ᠡᠨᠡ ᠦᠶ᠎ᠡ ᠶᠢᠨ ᠬᠢᠨ ᠡᠴᠡ ᠨᠡᠬᠡᠬᠦ ᠪᠣᠯᠣᠨ᠎ᠠ᠃ 52 ᠬᠠᠤᠯᠢ ᠶᠢᠨ ᠪᠠᠭᠰᠢ ᠲᠠ ᠨᠠᠷ ᠲᠤ ᠭᠠᠢ ᠪᠣᠯᠣᠨ᠎ᠠ᠃ ᠲᠠ ᠨᠠᠷ ᠮᠡᠳᠡᠯᠭᠡ ᠶᠢᠨ ᠲᠦᠯᠬᠢᠭᠦᠷ ᠢ ᠪᠤᠯᠢᠶᠠᠨ ᠠᠪᠤᠭᠠᠳ ᠥᠪᠡᠷᠰᠡᠳ ᠢᠶᠡᠨ ᠣᠷᠣᠭᠰᠠᠨ ᠦᠭᠡᠢ᠂ ᠪᠠᠰᠠ ᠣᠷᠣᠬᠤ ᠭᠡᠰᠡᠨ ᠬᠥᠮᠦᠰ ᠢ ᠴᠤ ᠬᠣᠷᠢᠭᠯᠠᠭᠰᠠᠨ》 ᠭᠡᠪᠡ᠃

53 ᠢᠰᠦ᠋ᠰ ᠲᠡᠨᠳᠡ ᠡᠴᠡ ᠭᠠᠷᠬᠤ ᠳᠤ᠂ ᠪᠢᠴᠢᠭᠲᠡᠳ ᠪᠠ ᠹᠠᠷᠢᠰᠠᠢᠴᠤᠳ ᠲᠤᠢᠯ ᠢᠶᠠᠷ ᠬᠣᠷᠣᠰᠴᠤ ᠣᠯᠠᠨ ᠠᠰᠠᠭᠤᠯᠲᠠ ᠪᠠᠷ ᠲᠡᠭᠦᠨ ᠢ ᠰᠢᠷᠭᠠᠭᠠᠵᠤ᠂ 54 ᠦᠭᠡᠨ ᠡᠴᠡ ᠨᠢ ᠥ ᠰᠡᠪ ᠣᠯᠬᠤ ᠪᠠᠷ ᠥᠳᠥᠭᠡᠵᠦ ᠡᠬᠢᠯᠡᠪᠡ᠃