ᠯᠦᠺ ᠠᠷᠪᠠᠨ ᠬᠣᠶᠠᠷ
ᠪᠤᠷᠬᠠᠨ ᠠᠩ᠋ᠬᠠᠷᠤᠯ ᠲᠠᠯᠪᠢᠳᠠᠭ
1 ᠢᠩᠭᠢᠵᠦ ᠪᠠᠢᠬᠤ ᠳᠤ᠂ ᠲᠦᠮᠡ ᠮᠢᠩ᠋ᠭᠠᠨ ᠬᠥᠮᠦᠨ ᠪᠡᠶ᠎ᠡ ᠪᠡᠶ᠎ᠡ ᠪᠡᠨ ᠭᠢᠰᠬᠢᠯᠡᠲᠡᠯᠡ ᠴᠤᠭᠯᠠᠷᠠᠭᠰᠠᠨ ᠪᠠᠢᠯ᠎ᠠ᠃ ᠢᠰᠦ᠋ᠰ ᠤᠷᠢᠳᠠᠪᠠᠷ ᠱᠠᠪᠢ ᠨᠠᠷ ᠲᠠᠭᠠᠨ᠄ 《ᠹᠠᠷᠢᠰᠠᠢᠴᠤᠳ ᠤᠨ ᠢᠰᠭᠡᠭᠦᠷ᠂ ᠲᠤᠬᠠᠢᠯᠠᠪᠠᠯ ᠬᠣᠶᠠᠷ ᠨᠢᠭᠤᠷᠲᠤ ᠶᠠᠪᠤᠳᠠᠯ ᠠᠴᠠ ᠪᠣᠯᠭᠣᠮᠵᠢᠯᠠ᠃ 2 ᠳᠠᠯᠳᠠᠯᠠᠭᠳᠠᠭᠰᠠᠨ ᠨᠢ ᠢᠯᠡᠴᠢᠯᠡᠭᠳᠡᠬᠦ ᠦᠭᠡᠢ ᠭᠡᠵᠦ ᠦᠭᠡᠢ᠂ ᠨᠢᠭᠤᠭᠳᠠᠭᠰᠠᠨ ᠨᠢ ᠮᠡᠳᠡᠭᠳᠡᠬᠦ ᠦᠭᠡᠢ ᠭᠡᠵᠦ ᠦᠭᠡᠢ᠃ 3 ᠡᠢᠮᠦ ᠡᠴᠡ ᠬᠠᠷᠠᠩ᠋ᠭᠤᠢ ᠳᠤ ᠬᠡᠯᠡᠭᠰᠡᠨ ᠦᠭᠡ ᠴᠢᠨᠢ ᠭᠡᠷᠡᠯ ᠳᠦ ᠰᠣᠨᠣᠰᠳᠠᠨ᠎ᠠ᠂ ᠳᠣᠲᠣᠷ᠎ᠠ ᠥᠷᠥᠭᠡᠨ ᠳᠦ ᠰᠢᠪᠡᠨᠡᠭᠰᠡᠨ ᠦᠭᠡ ᠴᠢᠨᠢ ᠳᠡᠭᠡᠪᠦᠷ ᠳᠡᠭᠡᠷ᠎ᠡ ᠲᠤᠩ᠋ᠬᠠᠭᠯᠠᠭᠳᠠᠨᠠ᠃
4 ᠨᠠᠢᠵᠠ ᠨᠠᠷ ᠮᠢᠨᠢ ᠡ᠂ ᠲᠠ ᠨᠠᠷ ᠲᠤ ᠬᠡᠯᠡᠶ᠎ᠡ᠂ ᠮᠠᠬᠠᠪᠣᠳ ᠢ ᠬᠥᠨᠥᠭᠡᠪᠡᠴᠦ ᠴᠢᠨᠠᠭᠰᠢ ᠶᠠᠭᠤ ᠴᠤ ᠬᠢᠵᠦ ᠦᠯᠦ ᠴᠢᠳᠠᠭᠰᠠᠳ ᠠᠴᠠ ᠪᠦᠦ ᠠᠶᠤ᠃ 5 ᠭᠠᠭᠴᠠ ᠬᠦ ᠬᠡᠨ ᠡᠴᠡ ᠠᠶᠤᠬᠤ ᠶᠣᠰᠣᠲᠠᠢ ᠶᠢ ᠪᠢ ᠲᠠ ᠨᠠᠷ ᠲᠤ ᠵᠢᠭᠠᠵᠤ ᠥᠭᠭᠥᠶ᠎ᠡ᠃ ᠮᠠᠬᠠᠪᠣᠳ ᠢ ᠦᠬᠦᠭᠦᠯᠦᠭᠰᠡᠨ ᠦ ᠳᠠᠷᠠᠭ᠎ᠠ᠂ ᠪᠠᠰᠠ ᠲᠠᠮᠤ ᠳᠤ ᠰᠢᠳᠡᠬᠦ ᠡᠷᠬᠡ ᠲᠠᠢ ᠨᠢᠭᠡᠨ ᠡᠴᠡ ᠠᠶᠤᠵᠠᠭ᠎ᠠ᠃ ᠲᠡᠢᠮᠦ ᠡ᠂ ᠲᠠ ᠨᠠᠷ ᠲᠤ ᠬᠡᠯᠡᠶ᠎ᠡ᠂ ᠲᠡᠭᠦᠨ ᠡᠴᠡ ᠠᠶᠤ᠃ 6 ᠲᠠᠪᠤᠨ ᠪᠣᠯᠵᠣᠮᠣᠷ ᠢ ᠬᠣᠶᠠᠷ ᠮᠥᠩᠭᠥ ᠪᠡᠷ ᠬᠤᠳᠠᠯᠳᠤᠳᠠᠭ ᠪᠢᠰᠢ ᠤᠤ︖ ᠭᠡᠪᠡᠴᠦ ᠲᠡᠳᠡᠨ ᠦ ᠨᠢᠭᠡ ᠶᠢ ᠨᠢ ᠴᠤ ᠪᠤᠷᠬᠠᠨ ᠶᠡᠷᠦ ᠮᠠᠷᠲᠠᠳᠠᠭ ᠦᠭᠡᠢ᠂ 7 ᠲᠣᠯᠣᠭᠠᠢ ᠶᠢᠨ ᠴᠢᠨᠢ ᠦᠰᠦ ᠬᠦᠷᠲᠡᠯ᠎ᠡ ᠴᠥᠮ ᠲᠣᠭᠠᠯᠠᠭᠳᠠᠭᠰᠠᠨ ᠪᠠᠢᠳᠠᠭ ᠲᠤᠯᠠ ᠪᠦᠦ ᠠᠶᠤ᠂ ᠲᠠ ᠨᠠᠷ ᠣᠯᠠᠨ ᠪᠣᠯᠵᠣᠮᠣᠷ ᠠᠴᠠ ᠴᠤ ᠡᠷᠬᠢᠮ ᠶᠤᠮ᠃
8 ᠲᠠ ᠨᠠᠷ ᠲᠤ ᠬᠡᠯᠡᠶ᠎ᠡ᠃ ᠬᠥᠮᠦᠰ ᠦᠨ ᠡᠮᠦᠨ᠎ᠡ ᠨᠠᠮᠠᠶᠢ ᠬᠦᠯᠢᠶᠡᠨ ᠵᠥᠪᠰᠢᠶᠡᠷᠡᠭᠴᠢ ᠪᠦᠬᠦᠨ ᠢ ᠬᠥᠮᠦᠨ ᠦ ᠬᠦᠦ ᠴᠤ ᠪᠤᠷᠬᠠᠨ ᠤ ᠡᠯᠴᠢᠳ ᠤᠨ ᠡᠮᠦᠨ᠎ᠡ ᠬᠦᠯᠢᠶᠡᠨ ᠵᠥᠪᠰᠢᠶᠡᠷᠡᠨ᠎ᠡ᠃ 9 ᠬᠠᠷᠢᠨ ᠬᠥᠮᠦᠰ ᠦᠨ ᠡᠮᠦᠨ᠎ᠡ ᠨᠠᠮᠠᠶᠢ ᠦᠭᠡᠶᠢᠰᠬᠡᠭᠴᠢ ᠨᠢ ᠪᠤᠷᠬᠠᠨ ᠤ ᠡᠯᠴᠢᠳ ᠤᠨ ᠡᠮᠦᠨ᠎ᠡ ᠦᠭᠡᠶᠢᠰᠬᠡᠭᠳᠡᠨᠡ᠃ 10 ᠬᠥᠮᠦᠨ ᠦ ᠬᠦᠦ ᠶᠢ ᠦᠭᠡ ᠪᠡᠷ ᠡᠰᠡᠷᠭᠦᠴᠡᠭᠴᠢ ᠨᠢ ᠠᠭᠤᠴᠢᠯᠠᠭᠳᠠᠬᠤ ᠪᠣᠯᠪᠠᠴᠤ ᠠᠷᠢᠭᠤᠨ ᠰᠦᠨᠡᠰᠦ ᠶᠢ ᠳᠣᠷᠣᠮᠵᠢᠯᠠᠭᠴᠢ ᠨᠢ ᠦᠯᠦ ᠠᠭᠤᠴᠢᠯᠠᠭᠳᠠᠨ᠎ᠠ᠃ 11 ᠬᠥᠮᠦᠰ ᠲᠠ ᠨᠠᠷ ᠢ ᠬᠤᠷᠠᠯ ᠤᠨ ᠲᠠᠩᠬᠢᠮ ᠪᠤᠶᠤ ᠨᠣᠶᠠᠳ ᠪᠠ ᠡᠷᠬᠡ ᠪᠠᠷᠢᠭᠴᠢᠳ ᠤᠨ ᠡᠮᠦᠨ᠎ᠡ ᠠᠪᠠᠴᠢᠬᠤ ᠳᠤ᠂ ᠥᠪᠡᠷ ᠢ ᠪᠠᠨ ᠶᠠᠭᠠᠬᠢᠨ ᠥᠮᠥᠭᠯᠡᠵᠦ ᠶᠠᠭᠤ ᠬᠡᠯᠡᠬᠦ ᠪᠢᠯᠡ ᠭᠡᠵᠦ ᠪᠦᠦ ᠰᠠᠨᠠᠭ᠎ᠠ ᠵᠣᠪᠠ᠃ 12 ᠶᠠᠭ ᠲᠡᠷᠡ ᠴᠠᠭ ᠲᠤ᠂ ᠠᠷᠢᠭᠤᠨ ᠰᠦᠨᠡᠰᠦ ᠲᠠ ᠨᠠᠷ ᠤᠨ ᠬᠡᠯᠡᠬᠦ ᠶᠣᠰᠣᠲᠠᠢ ᠦᠭᠡ ᠶᠢ ᠵᠢᠭᠠᠵᠤ ᠥᠭᠭᠥᠨ᠎ᠡ》 ᠭᠡᠪᠡ᠃
ᠰᠢᠨᠤᠬᠠᠢᠷᠠᠬᠤ ᠠᠴᠠ ᠪᠣᠯᠭᠣᠮᠵᠢᠯᠠ
13 ᠣᠯᠠᠨ ᠤ ᠳᠤᠮᠳᠠ ᠠᠴᠠ ᠨᠢᠭᠡ ᠬᠥᠮᠦᠨ᠄ 《ᠪᠠᠭᠰᠢ ᠡ᠂ ᠲᠠ ᠠᠬ᠎ᠠ ᠳᠤ ᠮᠢᠨᠢ ᠥᠮᠴᠢ ᠪᠠᠨ ᠳᠡᠭᠦᠦ ᠲᠠᠢ ᠪᠠᠨ ᠬᠤᠪᠢᠶᠠᠯᠴᠠ ᠭᠡᠵᠦ ᠬᠡᠯᠡᠭᠡᠴᠢ》 ᠭᠡᠰᠡᠨ ᠳᠦ᠂ 14 ᠢᠰᠦ᠋ᠰ᠄ 《ᠬᠥᠮᠦᠨ ᠡ᠂ ᠬᠡᠨ ᠨᠢᠭᠡ ᠨᠢ ᠨᠠᠮᠠᠶᠢ ᠲᠠ ᠨᠠᠷ ᠤᠨ ᠰᠢᠭᠦᠭᠴᠢ ᠪᠤᠶᠤ ᠥᠮᠴᠢ ᠬᠤᠪᠢᠶᠠᠭᠴᠢ ᠪᠠᠷ ᠲᠣᠮᠢᠯᠠᠭᠰᠠᠨ ᠶᠤᠮ ᠤᠤ︖》 ᠭᠡᠳ 15 ᠲᠡᠳᠡᠨ ᠳᠦ᠄ 《ᠠᠩ᠋ᠬᠠᠷᠤᠭᠲᠤᠨ᠂ ᠲᠠ ᠨᠠᠷ ᠠᠯᠢᠪᠠ ᠰᠢᠨᠤᠬᠠᠢᠷᠠᠯ ᠢ ᠪᠣᠯᠭᠣᠮᠵᠢᠯᠠ︕ ᠬᠥᠮᠦᠨ ᠦ ᠠᠮᠢ ᠡᠳ᠋ ᠬᠥᠷᠥᠩᠭᠡ ᠶᠢᠨ ᠡᠯᠪᠡᠭ ᠪᠠᠶᠠᠨ ᠳᠤ ᠰᠠᠭᠤᠷᠢᠯᠠᠬᠤ ᠦᠭᠡᠢ》 ᠭᠡᠪᠡ᠃ 16 ᠢᠰᠦ᠋ᠰ ᠲᠡᠳᠡᠨ ᠳᠦ ᠦᠯᠢᠭᠡᠷᠯᠡᠯ ᠢᠶᠡᠷ᠄ 《ᠨᠢᠭᠡᠨ ᠪᠠᠶᠠᠨ ᠬᠥᠮᠦᠨ ᠦ ᠲᠠᠷᠢᠶ᠎ᠠ ᠤᠷᠭᠤᠴᠠ ᠰᠠᠢᠲᠠᠢ ᠪᠠᠢᠯ᠎ᠠ᠃ 17 ᠲᠡᠷᠡ᠄ 〈ᠨᠠᠳᠠ ᠳᠤ ᠬᠤᠷᠢᠶᠠᠯᠲᠠ ᠪᠠᠨ ᠬᠠᠳᠠᠭᠠᠯᠠᠬᠤ ᠭᠠᠵᠠᠷ ᠪᠠᠢᠬᠤ ᠦᠭᠡᠢ ᠶᠠᠭᠠᠬᠢᠳᠠᠭ ᠪᠢᠯᠡ︖〉 ᠭᠡᠵᠦ ᠪᠣᠳᠣᠯ ᠪᠣᠯᠣᠭᠰᠠᠨ ᠢᠶᠠᠨ 18 〈ᠪᠢ ᠢᠩᠭᠢᠶ᠎ᠡ᠃ ᠬᠥᠮᠥᠷᠭᠡ ᠪᠡᠨ ᠨᠤᠷᠠᠭᠠᠭᠠᠳ ᠢᠯᠡᠭᠦᠦ ᠲᠣᠮᠣ ᠶᠢ ᠪᠠᠷᠢᠵᠤ᠂ ᠠᠯᠢᠪᠠ ᠠᠮᠤ ᠪᠤᠳᠠᠭ᠎ᠠ ᠪᠠ ᠡᠳ᠋ ᠪᠠᠷᠠᠭ᠎ᠠ ᠪᠠᠨ ᠬᠠᠳᠠᠭᠠᠯᠠᠶ᠎ᠠ᠃ 19 ᠲᠡᠭᠡᠭᠡᠳ ᠪᠢ ᠰᠦᠨᠡᠰᠦᠨ ᠳᠡᠭᠡᠨ 〈ᠰᠦᠨᠡᠰᠦ ᠮᠢᠨᠢ ᠡ᠂ ᠴᠢ ᠨᠡᠯᠢᠶᠡᠳ ᠵᠢᠯ ᠡᠳ᠋ᠯᠡᠬᠦ ᠶᠠᠭᠤᠮ᠎ᠠ ᠪᠠᠨ ᠨᠡᠯᠢᠶᠡᠳ ᠶᠡᠬᠡ ᠬᠠᠳᠠᠭᠠᠯᠠᠭᠰᠠᠨ ᠶᠤᠮ ᠴᠢᠨᠢ ᠰᠠᠨᠠᠭ᠎ᠠ ᠠᠮᠤᠷ ᠢᠳᠡᠵᠦ ᠤᠤᠭᠤᠨ ᠴᠡᠩᠭᠡᠯᠳᠦ ᠬᠡᠮᠡᠨ ᠬᠡᠯᠡᠨ᠎ᠡ ᠳᠠ〉 ᠭᠡᠵᠡᠢ᠃ 20 ᠲᠡᠭᠡᠬᠦ ᠳᠦ ᠪᠤᠷᠬᠠᠨ ᠲᠡᠭᠦᠨ ᠳᠦ᠄ 〈ᠲᠡᠨᠡᠭ ᠴᠢ︕ ᠥᠨᠥ ᠰᠥᠨᠢ ᠴᠢᠨᠦ ᠰᠦᠨᠡᠰᠦ ᠶᠢ ᠠᠪᠠᠴᠢᠨ᠎ᠠ᠂ ᠲᠡᠭᠡᠪᠡᠯ ᠪᠡᠯᠡᠳᠦᠭᠰᠡᠨ ᠶᠠᠭᠤᠮᠠᠰ ᠴᠢᠨᠢ ᠬᠡᠨ ᠦ ᠪᠣᠯᠬᠤ ᠪᠤᠢ︖〉 ᠭᠡᠪᠡ᠃ 21 ᠥᠪᠡᠷ ᠦᠨ ᠢᠶᠠᠨ ᠲᠥᠯᠥᠭᠡ ᠶᠠᠭᠤᠮ᠎ᠠ ᠬᠤᠷᠠᠮᠳᠤᠭᠤᠯᠤᠭᠰᠠᠨ ᠴᠤ᠂ ᠪᠤᠷᠬᠠᠨ ᠤᠷᠤᠭᠤ ᠪᠠᠶᠠᠨ ᠪᠢᠰᠢ ᠬᠥᠮᠦᠨ ᠪᠣᠯ ᠡᠢᠮᠦ ᠪᠢᠯᠡ》 ᠭᠡᠪᠡ᠃
22 ᠢᠰᠦ᠋ᠰ ᠱᠠᠪᠢ ᠨᠠᠷ ᠲᠠᠭᠠᠨ᠄ 《ᠲᠡᠢᠮᠦ ᠡᠴᠡ ᠲᠠ ᠨᠠᠷ ᠲᠤ ᠬᠡᠯᠡᠶ᠎ᠡ᠄ ᠠᠮᠢ ᠶᠢᠨ ᠢᠶᠠᠨ ᠲᠥᠯᠥᠭᠡ 〈ᠶᠠᠭᠤ ᠢᠳᠡᠬᠦ ᠪᠢᠯᠡ︖〉 ᠭᠡᠵᠦ᠂ ᠪᠡᠶ᠎ᠡ ᠶᠢᠨ ᠢᠶᠠᠨ ᠲᠥᠯᠥᠭᠡ 〈ᠶᠠᠭᠤ ᠡᠮᠦᠰᠬᠦ ᠪᠢᠯᠡ︖〉 ᠭᠡᠵᠦ ᠪᠦᠦ ᠰᠠᠨᠠᠭ᠎ᠠ ᠵᠣᠪᠠ᠃ 23 ᠬᠦᠨᠡᠰᠦᠨ ᠡᠴᠡ ᠠᠮᠢ ᠴᠢᠬᠤᠯᠠ᠂ ᠬᠤᠪᠴᠠᠰᠤᠨ ᠠᠴᠠ ᠪᠡᠶ᠎ᠡ ᠴᠢᠬᠤᠯᠠ ᠶᠤᠮ᠃ 24 ᠬᠡᠷᠢᠶ᠎ᠡ ᠶᠢ ᠪᠣᠳᠣ᠂ ᠲᠡᠷᠡ ᠲᠠᠷᠢᠬᠤ ᠦᠭᠡᠢ᠂ ᠬᠤᠷᠢᠶᠠᠬᠤ ᠦᠭᠡᠢ ᠪᠥᠭᠡᠳ ᠬᠥᠮᠥᠷᠭᠡ ᠦᠭᠡᠢ᠂ ᠰᠠᠩ ᠦᠭᠡᠢ ᠪᠣᠯᠪᠠᠴᠤ ᠪᠤᠷᠬᠠᠨ ᠲᠡᠭᠦᠨ ᠢ ᠲᠡᠵᠢᠭᠡᠳᠡᠭ᠃ ᠲᠠ ᠨᠠᠷ ᠰᠢᠪᠠᠭᠤ ᠠᠴᠠ ᠬᠠᠪᠢ ᠦᠭᠡᠢ ᠢᠯᠡᠭᠦᠦ ᠡᠷᠬᠢᠮ ᠪᠤᠰᠤ ᠤᠤ︖ 25 ᠲᠠ ᠨᠠᠷ ᠤᠨ ᠬᠡᠨ ᠨᠢ ᠰᠠᠨᠠᠭ᠎ᠠ ᠵᠣᠪᠠᠭᠰᠠᠨ ᠢᠶᠠᠷ ᠢᠶᠠᠨ ᠨᠠᠰᠤᠨ ᠤ ᠲᠣᠭᠠᠨ ᠳᠠᠭᠠᠨ ᠨᠢᠭᠡ ᠮᠥᠴᠡ ᠶᠢ ᠨᠡᠮᠡᠵᠦ ᠴᠢᠳᠠᠬᠤ ᠪᠢᠯᠡ︖ 26 ᠲᠠ ᠨᠠᠷ ᠡᠢᠮᠦ ᠵᠢᠵᠢᠭ ᠶᠠᠭᠤᠮ᠎ᠠ ᠶᠢ ᠴᠤ ᠬᠢᠵᠦ ᠴᠢᠳᠠᠬᠤ ᠦᠭᠡᠢ ᠬᠢᠷᠢ ᠨᠢ ᠶᠠᠭᠤᠨ ᠳᠤ ᠪᠤᠰᠤᠳ ᠶᠠᠪᠤᠳᠠᠯ ᠤᠨ ᠲᠤᠬᠠᠢ ᠰᠠᠨᠠᠭ᠎ᠠ ᠵᠣᠪᠠᠳᠠᠭ ᠪᠤᠢ︖ 27 ᠰᠠᠷᠠᠨ᠎ᠠ ᠴᠡᠴᠡᠭ ᠬᠡᠷᠬᠢᠨ ᠤᠷᠭᠤᠳᠠᠭ ᠢ ᠦᠵᠡ︕ ᠲᠡᠳᠡ ᠵᠦᠳᠡᠷᠡᠳᠡᠭ ᠦᠭᠡᠢ᠂ ᠡᠭᠡᠷᠡᠳᠡᠭ ᠦᠭᠡᠢ᠃ ᠭᠡᠪᠡᠴᠦ ᠪᠢ ᠲᠠ ᠨᠠᠷ ᠲᠤ ᠬᠡᠯᠡᠶ᠎ᠡ᠂ ᠬᠠᠮᠤᠭ ᠰᠦᠷ ᠵᠢᠪᠬᠤᠯᠠᠩ ᠲᠠᠢ ᠰᠣᠯᠣᠮᠣᠨ 16 ᠴᠤ ᠡᠳᠡᠭᠡᠷ ᠴᠡᠴᠡᠭ ᠦᠨ ᠬᠢᠷᠢ ᠲᠠᠢ ᠬᠤᠪᠴᠠᠰᠤᠯᠠᠭᠰᠠᠨ ᠦᠭᠡᠢ ᠶᠤᠮ᠃ 28 ᠥᠨᠥᠳᠥᠷ ᠪᠠᠢᠭᠰᠠᠨ ᠢᠶᠠᠨ ᠮᠠᠷᠭᠠᠰᠢ ᠵᠤᠤᠬᠠᠨ ᠳᠤ ᠬᠠᠶᠠᠭᠳᠠᠬᠤ ᠬᠡᠭᠡᠷ᠎ᠡ ᠶᠢᠨ ᠡᠪᠡᠰᠦ ᠶᠢ ᠬᠦᠷᠲᠡᠯ᠎ᠡ ᠪᠤᠷᠬᠠᠨ ᠢᠩᠭᠢᠲᠡᠯ᠎ᠡ ᠪᠡᠨ ᠴᠢᠮᠡᠳᠡᠭ ᠪᠠᠢᠬᠤ ᠳᠤ᠂ ᠲᠠ ᠨᠠᠷ ᠢ ᠪᠦᠷ ᠢᠯᠡᠭᠦᠦ ᠬᠤᠪᠴᠠᠰᠤᠯᠠᠬᠤ ᠪᠢᠰᠢ ᠤᠤ︖ ᠢᠲᠡᠭᠡᠯ ᠪᠠᠭ᠎ᠠ ᠲᠠᠢ ᠬᠥᠮᠦᠰ ᠡ︕ 29 ᠲᠠ ᠨᠠᠷ ᠶᠠᠭᠤ ᠢᠳᠡᠵᠦ᠂ ᠶᠠᠭᠤ ᠤᠤᠭᠤᠬᠤ ᠪᠤᠢ︖ ᠭᠡᠵᠦ ᠪᠦᠦ ᠡᠷᠢ᠂ ᠪᠦᠦ ᠰᠠᠨᠠᠭ᠎ᠠ ᠵᠣᠪᠠ᠃ 30 ᠡᠨᠡ ᠪᠦᠬᠦᠨ ᠢ ᠶᠢᠷᠲᠢᠨᠴᠦ ᠶᠢᠨ ᠡᠭᠡᠯᠴᠦᠳ ᠡᠷᠢᠯᠬᠢᠯᠡᠳᠡᠭ᠃ ᠲᠡᠳᠡᠭᠡᠷ ᠨᠢ ᠲᠠ ᠨᠠᠷ ᠲᠤ ᠬᠡᠷᠡᠭ ᠲᠡᠢ ᠶᠢ ᠡᠴᠢᠭᠡ ᠲᠠᠨᠢ ᠮᠡᠳᠡᠨ᠎ᠡ᠃ 31 ᠡᠳᠡᠭᠡᠷ ᠦᠨ ᠣᠷᠣᠨ ᠳᠤ ᠲᠠ ᠨᠠᠷ ᠲᠡᠭᠦᠨ ᠦ ᠬᠠᠭᠠᠨᠴᠢᠯᠠᠯ ᠢ ᠬᠠᠢᠭᠲᠤᠨ᠂ ᠲᠡᠭᠡᠪᠡᠯ ᠲᠠ ᠨᠠᠷ ᠲᠤ ᠨᠡᠮᠡᠭᠳᠡᠬᠦ ᠪᠣᠯᠣᠨ᠎ᠠ᠃
32 ᠪᠦᠦ ᠠᠶᠤ᠂ ᠵᠢᠭᠠᠯ ᠤᠳ ᠡ︕ ᠡᠴᠢᠭᠡ ᠲᠠᠨᠢ ᠬᠠᠭᠠᠨᠴᠢᠯᠠᠯ ᠢᠶᠠᠨ ᠲᠠ ᠨᠠᠷ ᠲᠤ ᠪᠠᠶᠠᠷ ᠲᠠᠢ ᠪᠠᠷ ᠰᠣᠶᠣᠷᠬᠠᠬᠤ ᠪᠠᠷ ᠰᠢᠢᠳᠦᠭᠰᠡᠨ᠃ 33 ᠲᠠ ᠨᠠᠷ ᠡᠳ᠋ ᠬᠥᠷᠥᠩᠭᠡ ᠪᠡᠨ ᠬᠤᠳᠠᠯᠳᠤᠭᠠᠳ ᠥᠭᠯᠢᠭᠡ ᠥᠭ᠃ ᠬᠠᠭᠤᠴᠢᠷᠠᠰᠢ ᠦᠭᠡᠢ ᠵᠣᠭᠣᠰᠣᠨ ᠤ ᠤᠭᠤᠲᠠ᠂ ᠪᠠᠷᠠᠭᠳᠠᠰᠢ ᠦᠭᠡᠢ ᠡᠷᠳᠡᠨᠢ ᠶᠢ ᠲᠩᠷᠢ ᠳᠤ ᠪᠡᠯᠡᠳᠬᠡᠭᠡᠷᠡᠢ᠃ ᠲᠡᠨᠳᠡ ᠬᠤᠯᠠᠭᠠᠢ ᠣᠢᠷᠠᠲᠤᠬᠤ ᠦᠭᠡᠢ᠂ ᠬᠣᠷᠣᠬᠠᠢ ᠴᠤ ᠰᠦᠢᠳᠬᠡᠬᠦ ᠦᠭᠡᠢ᠃ 34 ᠡᠳ᠋ ᠡᠷᠳᠡᠨᠢᠰ ᠴᠢᠨᠢ ᠬᠠᠮᠢᠭ᠎ᠠ ᠪᠠᠢᠪᠠᠯ ᠰᠡᠳᠬᠢᠯ ᠴᠢᠨᠢ ᠴᠤ ᠲᠡᠨᠳᠡ ᠪᠠᠢᠨ᠎ᠠ᠃
ᠪᠡᠯᠡᠬᠡᠨ ᠪᠠᠢᠭᠲᠤᠨ
35 ᠲᠠ ᠨᠠᠷ ᠪᠦᠰᠡ ᠪᠡᠨ ᠪᠦᠰᠡᠯᠡᠵᠦ᠂ ᠪᠠᠰᠠ ᠳ᠋ᠧᠩ ᠢᠶᠠᠨ ᠠᠰᠠᠭᠠᠵᠤ ᠪᠡᠯᠡᠨ ᠪᠠᠢᠭᠲᠤᠨ᠃ 36 ᠬᠤᠷᠢᠮ ᠠᠴᠠ ᠪᠤᠴᠠᠵᠤ ᠢᠷᠡᠬᠦ ᠭᠡᠷ ᠦᠨ ᠡᠵᠡᠨ ᠦ ᠪᠠᠨ ᠡᠭᠦᠳᠡ ᠲᠣᠭᠰᠢᠬᠤ ᠳᠤᠨᠢ ᠳᠠᠷᠤᠢᠬᠠᠨ ᠨᠡᠭᠡᠭᠡᠵᠦ ᠥᠭᠬᠦ ᠭᠡᠵᠦ ᠬᠦᠯᠢᠶᠡᠵᠦ ᠪᠤᠢ ᠵᠠᠷᠤᠴᠠ ᠲᠠᠢ ᠠᠳᠠᠯᠢ ᠪᠠᠢᠬᠤ ᠬᠡᠷᠡᠭᠲᠡᠢ᠃ 37 ᠭᠡᠷ ᠦᠨ ᠡᠵᠡᠨ ᠢᠶᠡᠨ ᠢᠷᠡᠬᠦ ᠳᠦ᠂ ᠰᠡᠷᠭᠡᠭ ᠪᠠᠢᠭᠰᠠᠨ ᠵᠠᠷᠤᠴᠠ ᠨᠠᠷ ᠨᠢ ᠪᠤᠶᠠᠨ ᠲᠠᠢ᠂ ᠪᠢ ᠲᠠ ᠨᠠᠷ ᠲᠤ ᠪᠠᠲᠤᠲᠠᠢ ᠬᠡᠯᠡᠶ᠎ᠡ᠂ ᠲᠡᠷᠡ ᠪᠦᠰᠡ ᠪᠡᠨ ᠪᠦᠰᠡᠯᠡᠵᠦ᠂ ᠵᠠᠷᠤᠴᠠ ᠨᠠᠷ ᠢᠶᠠᠨ ᠰᠢᠷᠡᠭᠡᠨ ᠳᠦ ᠰᠠᠭᠤᠯᠭᠠᠭᠠᠳ ᠳᠥᠭᠥᠨ ᠢᠷᠡᠵᠦ ᠦᠢᠯᠡᠴᠢᠯᠡᠨ᠎ᠡ᠃ 38 ᠰᠥᠨᠢ ᠳᠤᠮᠳᠠ ᠪᠤᠶᠤ ᠦᠷ ᠴᠠᠢᠬᠤ ᠦᠶ᠎ᠡ ᠪᠡᠷ ᠡᠵᠡᠨ ᠨᠢ ᠢᠷᠡᠬᠦ ᠳᠦ ᠡᠢᠮᠦᠷᠬᠦ ᠪᠠᠢᠳᠠᠯ ᠢᠶᠠᠷ ᠦᠵᠡᠭᠳᠡᠭᠰᠡᠨ ᠵᠠᠷᠤᠴᠠ ᠨᠠᠷ ᠪᠤᠶᠠᠨ ᠲᠠᠢ᠃
39 ᠲᠠ ᠨᠠᠷ ᠡᠭᠦᠨ ᠢ ᠮᠡᠳᠡᠲᠦᠭᠡᠢ᠄ ᠬᠤᠯᠠᠭᠠᠢᠴᠢ ᠬᠡᠳᠦᠨ ᠴᠠᠭ ᠲᠤ ᠢᠷᠡᠬᠦ ᠶᠢ ᠭᠡᠷ ᠦᠨ ᠡᠵᠡᠨ ᠮᠡᠳᠡᠭᠰᠡᠨ ᠪᠣᠯ ᠭᠡᠷ ᠢᠶᠡᠨ ᠡᠪᠳᠡᠭᠦᠯᠬᠦ ᠦᠭᠡᠢ ᠶᠤᠮ᠃ 40 ᠲᠠ ᠨᠠᠷ ᠴᠤ ᠪᠡᠯᠡᠬᠡᠨ ᠪᠠᠢ᠃ ᠬᠥᠮᠦᠨ ᠦ ᠬᠦᠦ ᠲᠠ ᠨᠠᠷ ᠤᠨ ᠰᠠᠨᠠᠭᠠᠨ ᠳᠤ ᠦᠭᠡᠢ ᠴᠠᠭ ᠲᠤ ᠢᠷᠡᠨ᠎ᠡ》 ᠭᠡᠪᠡ᠃
41 ᠫᠧᠲ᠋ᠧᠷ᠄ 《ᠡᠵᠡᠨ ᠡ᠂ ᠲᠠ ᠡᠨᠡ ᠦᠯᠢᠭᠡᠷᠯᠡᠯ ᠢ ᠪᠢᠳᠡᠨ ᠳᠦ ᠬᠡᠯᠡᠵᠦ ᠪᠠᠢᠨ᠎ᠠ ᠤᠤ︖ ᠬᠥᠮᠦᠨ ᠪᠦᠬᠦᠨ ᠳᠦ ᠬᠡᠯᠡᠵᠦ ᠪᠠᠢᠨ᠎ᠠ ᠤᠤ︖》 ᠭᠡᠵᠦ ᠠᠰᠠᠭᠤᠭᠰᠠᠨ ᠳᠤ᠂ 42 ᠡᠵᠡᠨ᠄ 《ᠢᠲᠡᠭᠡᠮᠵᠢᠲᠦ᠂ ᠤᠬᠠᠭᠠᠨᠯᠢᠭ ᠨᠢᠷᠪᠠ ᠨᠢ ᠬᠡᠨ ᠪᠣᠯ᠂ ᠡᠵᠡᠨ ᠨᠢ ᠲᠡᠭᠦᠨ ᠢᠶᠡᠷ ᠵᠠᠷᠤᠴᠠ ᠨᠠᠷ ᠢᠶᠠᠨ ᠬᠠᠷᠢᠭᠤᠴᠠᠭᠤᠯᠵᠤ᠂ ᠲᠡᠳᠡᠨ ᠳᠡᠭᠡᠨ ᠴᠠᠭ ᠲᠤᠨᠢ ᠬᠦᠨᠡᠰᠦ ᠥᠭᠭᠥᠭᠦᠯᠦᠨᠡ᠃ ᠵᠠᠷᠤᠴᠠ ᠳᠤ ᠲᠡᠷᠡ ᠨᠠᠢᠳᠠᠨ᠎ᠠ᠂ 43 ᠡᠵᠡᠨ ᠨᠢ ᠢᠷᠡᠬᠦ ᠳᠦ᠂ ᠲᠡᠢᠨ ᠬᠦ ᠪᠡᠶᠡᠯᠡᠭᠦᠯᠵᠦ ᠪᠠᠢᠭ᠎ᠠ ᠪᠠᠨ ᠬᠠᠷᠠᠭᠤᠯᠬᠤ ᠵᠠᠷᠤᠴᠠ ᠪᠤᠶᠠᠨ ᠲᠠᠢ᠃ 44 ᠲᠠ ᠨᠠᠷ ᠲᠤ ᠦᠨᠡᠨ ᠢ ᠬᠡᠯᠡᠶ᠎ᠡ᠂ ᠡᠵᠡᠨ ᠨᠢ ᠪᠠᠢᠭ᠎ᠠ ᠪᠦᠬᠦᠨ ᠢᠶᠡᠨ ᠲᠡᠭᠦᠨ ᠢᠶᠡᠷ ᠬᠠᠷᠢᠭᠤᠴᠠᠭᠤᠯᠤᠨ᠎ᠠ᠃ 45 ᠬᠠᠷᠢᠨ ᠲᠡᠷᠡ ᠵᠠᠷᠤᠴᠠ᠄ 〈ᠡᠵᠡᠨ ᠢᠷᠡᠲᠡᠯ᠎ᠡ ᠤᠳᠠᠬᠤ ᠪᠠᠢᠬ᠎ᠠ ᠡ〉 ᠭᠡᠵᠦ ᠪᠣᠳᠣᠭᠠᠳ ᠵᠠᠷᠤᠴᠠ ᠪᠠ ᠰᠢᠪᠡᠭᠴᠢᠳ ᠢ ᠵᠣᠳᠣᠵᠤ᠂ ᠢᠳᠡᠵᠦ ᠤᠤᠭᠤᠨ ᠰᠣᠭᠲᠣᠵᠤ ᠡᠬᠢᠯᠡᠭᠰᠡᠨ ᠭᠡᠵᠦ ᠪᠣᠳᠣᠶ᠎ᠠ᠃ 46 ᠲᠡᠷᠡ ᠵᠠᠷᠤᠴᠠ ᠶᠢᠨ ᠡᠵᠡᠨ ᠰᠠᠨᠠᠭᠠᠨ ᠳᠤ ᠦᠭᠡᠢ ᠡᠳᠦᠷ᠂ ᠮᠡᠳᠡᠭᠰᠡᠨ ᠦᠭᠡᠢ ᠴᠠᠭ ᠲᠤᠨᠢ ᠢᠷᠡᠭᠡᠳ ᠲᠡᠭᠦᠨ ᠢ ᠨᠡᠪᠰᠢᠷᠡᠲᠡᠯ᠎ᠡ ᠵᠠᠨᠴᠢᠵᠤ᠂ ᠢᠲᠡᠭᠡᠯ ᠦᠭᠡᠢ ᠪᠠᠢᠭᠰᠠᠳ ᠲᠠᠢ ᠬᠠᠮᠲᠤ ᠪᠠᠢᠯᠭᠠᠨ᠎ᠠ᠃ 47 ᠡᠵᠡᠨ ᠦ ᠪᠠᠨ ᠰᠠᠨᠠᠭ᠎ᠠ ᠶᠢ ᠮᠡᠳᠡᠭᠰᠡᠨ ᠪᠣᠯᠪᠠᠴᠤ ᠰᠠᠨᠠᠭ᠎ᠠ ᠪᠠᠷ ᠨᠢ ᠪᠡᠯᠡᠳᠬᠡᠭᠰᠡᠨ ᠦᠭᠡᠢ᠂ ᠪᠡᠶᠡᠯᠡᠭᠦᠯᠦᠭᠰᠡᠨ ᠦᠭᠡᠢ ᠵᠠᠷᠤᠴᠠ ᠨᠢ ᠶᠡᠬᠡᠪᠡᠷ ᠲᠠᠰᠢᠭᠤᠷᠳᠠᠭᠤᠯᠵᠤ᠂ 48 ᠮᠡᠳᠡᠬᠦ ᠦᠭᠡᠢ ᠪᠠᠷ ᠰᠢᠳᠬᠡᠭᠳᠡᠬᠦ ᠶᠣᠰᠣᠲᠠᠢ ᠶᠠᠭᠤᠮ᠎ᠠ ᠬᠢᠭ᠍ᠴᠢ ᠨᠢ ᠴᠥᠭᠡᠨ ᠲᠠᠰᠢᠭᠤᠷᠳᠠᠭᠤᠯᠤᠨᠠ᠃ ᠶᠡᠬᠡ ᠶᠢ ᠣᠯᠭᠣᠭᠰᠠᠨ ᠬᠥᠮᠦᠨ ᠪᠦᠷᠢ ᠡᠴᠡ ᠪᠡᠨ ᠶᠡᠬᠡ ᠶᠢ ᠠᠪᠴᠤ᠂ ᠶᠡᠬᠡ ᠶᠢ ᠳᠠᠭᠠᠭᠠᠯᠠᠭᠠᠭᠰᠠᠨ ᠬᠥᠮᠦᠨ ᠡᠴᠡ ᠪᠡᠨ ᠢᠯᠡᠭᠦᠦ ᠶᠢ ᠱᠠᠭᠠᠷᠳᠠᠨ᠎ᠠ᠃
ᠾᠷᠢᠰᠲ᠋ᠣᠰ ᠠᠴᠠ ᠪᠣᠯᠵᠤ ᠬᠠᠭᠠᠷᠠᠨ᠎ᠠ
49 ᠪᠢ ᠭᠠᠵᠠᠷ ᠳᠡᠭᠡᠷ᠎ᠡ ᠭᠠᠯ ᠬᠠᠶᠠᠬᠤ ᠪᠠᠷ ᠢᠷᠡᠭᠰᠡᠨ᠂ ᠲᠡᠷᠡ ᠨᠢ ᠨᠣᠴᠣᠴᠢᠬᠠᠭᠰᠠᠨ ᠪᠣᠯ ᠪᠢ ᠶᠠᠭᠤ ᠶᠢ ᠢᠯᠡᠭᠦᠦ ᠬᠦᠰᠡᠬᠦ ᠪᠢᠯᠡ︖ 50 ᠮᠢᠨᠦ ᠬᠦᠷᠲᠡᠬᠦ ᠶᠣᠰᠣᠲᠠᠢ ᠤᠬᠢᠶᠠᠯ ᠪᠤᠢ᠂ ᠲᠡᠭᠦᠨ ᠢ ᠪᠡᠶᠡᠯᠡᠲᠡᠯᠡ ᠪᠢ ᠬᠡᠴᠢᠨᠡᠨ ᠳᠠᠪᠴᠢᠭᠤᠳᠬᠤ ᠪᠣᠯ ᠳᠠ︖ 51 ᠨᠠᠮᠠᠶᠢ ᠭᠠᠵᠠᠷ ᠳᠡᠭᠡᠷ᠎ᠡ ᠡᠩᠬᠡ ᠲᠠᠢᠪᠤᠩ ᠢ ᠰᠠᠴᠤᠬᠤ ᠪᠠᠷ ᠢᠷᠡᠭᠰᠡᠨ ᠭᠡᠵᠦ ᠪᠣᠳᠣᠵᠤ ᠪᠠᠢᠨ᠎ᠠ ᠤᠤ︖ ᠦᠭᠡᠢ᠂ ᠲᠠ ᠨᠠᠷ ᠲᠤ ᠬᠡᠯᠡᠶ᠎ᠡ᠂ ᠪᠢ ᠬᠠᠭᠠᠴᠠᠯ ᠢ ᠥᠭᠬᠦ ᠪᠡᠷ ᠢᠷᠡᠭᠰᠡᠨ ᠶᠤᠮ᠃ 52 ᠡᠭᠦᠨ ᠡᠴᠡ ᠬᠣᠢᠰᠢ᠂ ᠨᠢᠭᠡ ᠭᠡᠷ ᠦᠨ ᠲᠠᠪᠤᠨ ᠬᠥᠮᠦᠨ ᠦ ᠭᠤᠷᠪᠠ ᠨᠢ ᠬᠣᠶᠠᠷ ᠤᠨ ᠢᠶᠠᠨ ᠡᠰᠡᠷᠭᠦ᠂ ᠬᠣᠶᠠᠷ ᠨᠢ ᠭᠤᠷᠪᠠ ᠶᠢᠨ ᠢᠶᠠᠨ ᠡᠰᠡᠷᠭᠦ ᠪᠣᠯᠵᠤ ᠬᠠᠭᠠᠴᠠᠨ᠎ᠠ᠃ 53 ᠡᠴᠢᠭᠡ ᠨᠢ ᠬᠦᠦ ᠶᠢᠨ ᠢᠶᠠᠨ᠂ ᠬᠦᠦ ᠨᠢ ᠡᠴᠢᠭᠡ ᠶᠢᠨ ᠢᠶᠠᠨ᠂ ᠡᠬᠡ ᠨᠢ ᠥᠬᠢᠨ ᠤ ᠪᠠᠨ᠂ ᠥᠬᠢᠨ ᠨᠢ ᠡᠬᠡ ᠶᠢᠨ ᠢᠶᠠᠨ᠂ ᠬᠠᠳᠠᠮ ᠡᠬᠡ ᠨᠢ ᠪᠡᠷᠢ ᠶᠢᠨ ᠢᠶᠠᠨ᠂ ᠪᠡᠷᠢ ᠨᠢ ᠬᠠᠳᠠᠮ ᠡᠬᠡ ᠶᠢᠨ ᠢᠶᠠᠨ ᠡᠰᠡᠷᠭᠦ ᠪᠣᠯᠵᠤ ᠬᠠᠭᠠᠴᠠᠬᠤ ᠪᠣᠯᠣᠨ᠎ᠠ》 ᠭᠡᠪᠡ᠃
54 ᠢᠰᠦ᠋ᠰ ᠪᠠᠰᠠ ᠣᠯᠠᠨ ᠳᠤ᠄ 《ᠪᠠᠷᠠᠭᠤᠨ ᠵᠦᠭ ᠡᠴᠡ ᠡᠭᠦᠯᠡ ᠭᠠᠷᠬᠤ ᠶᠢ ᠬᠠᠷᠠᠩ᠋ᠭᠤᠲᠠ ᠲᠠ ᠨᠠᠷ᠄ 〈ᠪᠣᠷᠣᠭᠠᠨ ᠣᠷᠣᠬᠤ ᠨᠢ ᠡ〉 ᠭᠡᠯᠴᠡᠳᠡᠭ ᠪᠥᠭᠡᠳ ᠨᠡᠭᠡᠷᠡᠨ ᠴᠤ ᠲᠡᠢᠮᠦ ᠪᠣᠯᠳᠠᠭ᠃ 55 ᠪᠠᠰᠠ ᠡᠮᠦᠨ᠎ᠡ ᠵᠦᠭ ᠡᠴᠡ ᠰᠠᠯᠬᠢᠯᠠᠬᠤ ᠳᠤ ᠲᠠ ᠨᠠᠷ᠄ 〈ᠬᠠᠯᠠᠭᠤᠨ ᠪᠣᠯᠬᠤ ᠨᠢ ᠡ〉 ᠭᠡᠯᠴᠡᠳᠡᠭ ᠪᠥᠭᠡᠳ ᠨᠡᠭᠡᠷᠡᠨ ᠴᠤ ᠲᠡᠢᠮᠦ ᠪᠣᠯᠳᠠᠭ᠃ 56 ᠬᠣᠶᠠᠷ ᠨᠢᠭᠤᠷ ᠲᠠᠢ ᠬᠥᠮᠦᠰ ᠡ᠂ ᠲᠠ ᠨᠠᠷ ᠲᠩᠷᠢ ᠭᠠᠵᠠᠷ ᠤᠨ ᠪᠠᠢᠳᠠᠯ ᠢ ᠰᠢᠨᠵᠢᠯᠡᠵᠦ ᠮᠡᠳᠡᠳᠡᠭ ᠪᠠᠢᠲᠠᠯ᠎ᠠ ᠪᠠᠨ ᠶᠠᠭᠠᠬᠢᠭᠠᠳ ᠥᠨᠥ ᠴᠠᠭ ᠢ ᠰᠢᠨᠵᠢᠯᠡᠵᠦ ᠮᠡᠳᠡᠳᠡᠭ ᠦᠭᠡᠢ ᠶᠤᠮ ᠪᠤᠢ︖
57 ᠶᠠᠭᠤ ᠨᠢ ᠵᠥᠪ ᠪᠣᠯᠬᠤ ᠶᠢ ᠲᠠ ᠨᠠᠷ ᠶᠠᠭᠠᠬᠢᠭᠠᠳ ᠰᠠᠨᠠᠭᠠᠴᠢᠯᠠᠨ ᠰᠢᠭᠦᠳᠡᠭ ᠦᠭᠡᠢ ᠶᠤᠮ ᠪᠤᠢ︖ 58 ᠴᠢ ᠵᠠᠭᠠᠯᠳᠤᠭᠴᠢ ᠲᠠᠢ ᠪᠠᠨ ᠬᠠᠮᠲᠤ ᠰᠢᠭᠦᠭᠴᠢ ᠳᠤ ᠣᠴᠢᠬᠤ ᠵᠠᠮ ᠳᠠᠭᠠᠨ ᠡᠪᠰᠡᠬᠦ ᠪᠡᠷ ᠴᠢᠷᠮᠠᠢ︕ ᠲᠡᠭᠡᠬᠦ ᠦᠭᠡᠢ ᠪᠣᠯ ᠲᠡᠷᠡ ᠴᠢᠮᠠᠶᠢ ᠰᠢᠭᠦᠭᠴᠢ ᠳᠤ ᠴᠢᠷᠦᠨ ᠠᠪᠠᠴᠢᠵᠤ᠂ ᠰᠢᠭᠦᠭᠴᠢ ᠨᠢ ᠬᠤᠶᠠᠭ ᠲᠤ ᠲᠤᠰᠢᠶᠠᠭᠠᠳ ᠴᠢᠮᠠᠶᠢ ᠭᠢᠨᠳᠠᠨ ᠳᠤ ᠬᠠᠶᠠᠨ᠎ᠠ᠃ 59 ᠲᠠ ᠨᠠᠷ ᠲᠤ ᠬᠡᠯᠡᠶ᠎ᠡ᠂ ᠴᠢ ᠡᠴᠦᠰ ᠦᠨ ᠨᠢᠭᠡ ᠮᠥᠩᠭᠥ ᠶᠢ ᠲᠥᠯᠥᠬᠦ ᠡᠴᠡ ᠨᠠᠰᠢ ᠯᠠᠪ ᠲᠡᠨᠳᠡ ᠡᠴᠡ ᠭᠠᠷᠴᠤ ᠴᠢᠳᠠᠬᠤ ᠦᠭᠡᠢ》 ᠭᠡᠪᠡ᠃