ᠯᠦᠺ ᠳᠥᠷᠪᠡ
ᠢᠰᠦ᠋ᠰ ᠲᠡᠩᠰᠡᠭᠳᠡᠭᠰᠡᠨ ᠨᠢ
1 ᠢᠰᠦ᠋ᠰ ᠠᠷᠢᠭᠤᠨ ᠰᠦᠨᠡᠰᠦ ᠪᠡᠷ ᠳᠦᠭᠦᠷᠴᠦ᠂ ᠶᠣᠷᠳᠠᠨ ᠭᠣᠣᠯ ᠠᠴᠠ ᠪᠤᠴᠠᠵᠤ ᠴᠥᠯ ᠳᠤ ᠠᠷᠢᠭᠤᠨ ᠰᠦᠨᠡᠰᠦᠨ ᠳᠦ ᠬᠥᠲᠥᠯᠥᠭᠳᠡᠨ 2 ᠳᠥᠴᠢᠨ ᠬᠣᠨᠣᠭ ᠰᠠᠲ᠋ᠠᠨ ᠳᠤ ᠲᠡᠩᠰᠡᠭᠳᠡᠵᠡᠢ᠃ ᠲᠡᠷᠡ ᠦᠶ᠎ᠡ ᠳᠦ ᠶᠠᠭᠤ ᠴᠤ ᠢᠳᠡᠭᠰᠡᠨ ᠦᠭᠡᠢ ᠲᠤᠯᠠ ᠴᠠᠭ ᠨᠢ ᠭᠦᠢᠴᠡᠬᠦ ᠳᠦ ᠲᠡᠷᠡ ᠥᠯᠥᠰᠥᠭᠰᠡᠨ ᠪᠠᠢᠯ᠎ᠠ᠃ 3 ᠰᠠᠲ᠋ᠠᠨ ᠲᠡᠭᠦᠨ ᠳᠦ᠄ 《ᠴᠢ ᠪᠤᠷᠬᠠᠨ ᠤ ᠬᠦᠦ ᠮᠥᠨ ᠪᠣᠯ ᠡᠨᠡ ᠴᠢᠯᠠᠭᠤᠨ ᠳᠤ 〈ᠪᠣᠣᠪᠣ ᠪᠣᠯ〉 ᠭᠡᠵᠦ ᠬᠡᠯᠡ ᠳᠠ》 ᠭᠡᠬᠦ ᠳᠦ᠂ 4 ᠢᠰᠦ᠋ᠰ ᠬᠠᠷᠢᠭᠤ ᠳᠤᠨᠢ᠄ 《〈ᠬᠥᠮᠦᠨ ᠵᠥᠪᠬᠡᠨ ᠪᠣᠣᠪᠣ ᠪᠠᠷ ᠠᠮᠢᠳᠤᠷᠠᠬᠤ ᠪᠢᠰᠢ〉 ᠭᠡᠵᠦ ᠪᠢᠴᠢᠭᠳᠡᠭᠰᠡᠨ ᠪᠠᠢᠳᠠᠭ》 ᠭᠡᠯᠡ᠃
5 ᠰᠠᠲ᠋ᠠᠨ ᠪᠠᠰᠠ ᠢᠰᠦ᠋ᠰ ᠢ ᠥᠨᠳᠥᠷ ᠭᠠᠵᠠᠷ ᠲᠤ ᠠᠪᠠᠴᠢᠵᠤ᠂ ᠬᠣᠷᠣᠮᠬᠠᠨ ᠵᠠᠭᠤᠷ᠎ᠠ ᠳᠡᠯᠡᠬᠡᠢ ᠶᠢᠨ ᠬᠠᠮᠤᠭ ᠤᠯᠤᠰ ᠢ ᠦᠵᠡᠭᠦᠯᠦᠭᠡᠳ᠄ 6 《ᠡᠨᠡ ᠪᠦᠬᠦ ᠡᠷᠬᠡ ᠮᠡᠳᠡᠯ᠂ ᠲᠡᠳᠡᠨ ᠦ ᠰᠦᠷ ᠵᠢᠪᠬᠤᠯᠠᠩ ᠢ ᠪᠢ ᠴᠢᠮ᠎ᠠ ᠳᠤ ᠥᠭᠭᠥᠶ᠎ᠡ᠃ ᠡᠨᠡ ᠨᠢ ᠨᠠᠳᠠ ᠳᠤ ᠥᠭᠭᠥᠭᠳᠡᠭᠰᠡᠨ ᠲᠤᠯᠠ ᠪᠢ ᠳᠤᠷᠠᠲᠠᠢ ᠬᠥᠮᠦᠨ ᠳᠡᠭᠡᠨ ᠥᠭᠭᠥᠨ᠎ᠡ᠃ 7 ᠴᠢ ᠨᠠᠳᠠ ᠳᠤ ᠮᠥᠷᠭᠥᠪᠡᠯ ᠡᠨᠡ ᠪᠦᠭᠦᠳᠡ ᠴᠢᠨᠦᠬᠢ ᠪᠣᠯᠣᠨ᠎ᠠ》 ᠭᠡᠬᠦ ᠳᠦ᠂ 8 ᠢᠰᠦ᠋ᠰ ᠬᠠᠷᠢᠭᠤ ᠳᠤᠨᠢ᠄ 《〈ᠴᠢ ᠡᠵᠡᠨ ᠪᠤᠷᠬᠠᠨ ᠳᠠᠭᠠᠨ ᠮᠥᠷᠭᠥᠵᠦ᠂ ᠲᠡᠭᠦᠨ ᠳᠡᠭᠡᠨ ᠯᠠ ᠦᠢᠯᠡᠴᠢᠯᠡ〉 ᠭᠡᠵᠦ ᠪᠢᠴᠢᠭᠳᠡᠭᠰᠡᠨ ᠪᠠᠢᠳᠠᠭ》 ᠭᠡᠪᠡ᠃
9 ᠰᠠᠲ᠋ᠠᠨ ᠲᠡᠭᠦᠨ ᠢ ᠶᠧᠷᠦ᠋ᠰᠠᠯᠧᠮ ᠳᠤ ᠠᠪᠠᠴᠢᠵᠤ᠂ ᠠᠷᠢᠭᠤᠨ ᠣᠷᠳᠣᠨ ᠤ ᠣᠷᠣᠢ ᠳᠡᠭᠡᠷ᠎ᠡ ᠵᠣᠭᠰᠣᠭᠠᠭᠠᠳ ᠲᠡᠭᠦᠨ ᠳᠦ᠄ 《ᠴᠢ ᠪᠤᠷᠬᠠᠨ ᠤ ᠬᠦᠦ ᠮᠥᠨ ᠪᠣᠯ ᠡ᠊ᠨᠳᠡ ᠡᠴᠡ ᠳᠣᠭᠣᠭᠰᠢ ᠪᠠᠨ ᠦᠰᠦᠷ︕ 10 〈ᠤᠴᠢᠷ ᠨᠢ᠂ ᠲᠡᠷᠡ ᠲᠩᠷᠢ ᠡᠯᠴᠢᠳ ᠲᠡᠭᠡᠨ ᠴᠢᠨᠦ ᠲᠤᠬᠠᠢ ᠵᠠᠬᠢᠨ ᠴᠢᠮᠠᠶᠢ ᠬᠠᠮᠠᠭᠠᠯᠠᠨ᠎ᠠ᠂〉 11 ᠪᠠᠰᠠ 〈ᠴᠢᠨᠦ ᠬᠥᠯ ᠴᠢᠯᠠᠭᠤᠨ ᠳᠤ ᠤᠨᠤᠭᠤᠵᠠᠢ ᠭᠡᠵᠦ ᠲᠡᠳᠡ ᠴᠢᠮᠠᠶᠢ ᠭᠠᠷ ᠳᠡᠭᠡᠷ᠎ᠡ ᠪᠡᠨ ᠡᠷᠭᠦᠨ᠎ᠡ〉 ᠭᠡᠵᠦ ᠪᠢᠴᠢᠭᠳᠡᠭᠰᠡᠨ ᠪᠠᠢᠳᠠᠭ ᠰᠢᠦ ᠳᠠ》 ᠭᠡᠰᠡᠨ ᠳᠦ᠂ 12 ᠢᠰᠦ᠋ᠰ ᠬᠠᠷᠢᠭᠤ ᠳᠤᠨᠢ᠄ 《〈ᠴᠢ ᠡᠵᠡᠨ ᠪᠤᠷᠬᠠᠨ ᠢᠶᠠᠨ ᠪᠦᠦ ᠲᠡᠩᠰᠡ〉 ᠭᠡᠵᠦ ᠪᠠᠰᠠ ᠬᠡᠯᠡᠭᠰᠡᠨ ᠪᠠᠢᠳᠠᠭ》 ᠭᠡᠯᠡ᠃ 13 ᠰᠠᠲ᠋ᠠᠨ ᠪᠦᠬᠦ ᠲᠡᠩᠰᠡᠯᠲᠡ ᠪᠡᠨ ᠳᠠᠭᠤᠰᠬᠠᠭᠠᠳ ᠲᠦᠷ ᠴᠠᠭ ᠲᠡᠭᠦᠨ ᠡᠴᠡ ᠵᠠᠢᠯᠠᠪᠠ᠃
ᠢᠰᠦ᠋ᠰ ᠣᠯᠠᠨ ᠤ ᠲᠥᠯᠥᠭᠡ ᠠᠵᠢᠯᠯᠠᠵᠤ ᠡᠬᠢᠯᠡᠭᠰᠡᠨ ᠨᠢ
14 ᠢᠰᠦ᠋ᠰ ᠠᠷᠢᠭᠤᠨ ᠰᠦᠨᠡᠰᠦᠨ ᠦ ᠬᠦᠴᠦ ᠶᠢ ᠠᠪᠴᠤ ᠭᠠᠯᠢᠯᠠᠶ᠎ᠠ ᠳᠤ ᠪᠤᠴᠠᠭᠰᠠᠨ ᠳᠤ᠂ ᠲᠡᠭᠦᠨ ᠦ ᠲᠤᠬᠠᠢ ᠮᠡᠳᠡᠭᠡ ᠬᠠᠪᠢ ᠣᠢᠷ᠎ᠠ ᠶᠢᠨ ᠪᠦᠬᠦ ᠨᠤᠲᠤᠭ ᠢᠶᠠᠷ ᠲᠠᠷᠬᠠᠪᠠ᠃ 15 ᠲᠡᠷᠡ ᠬᠤᠷᠠᠯ ᠤᠨ ᠲᠠᠩᠬᠢᠮ ᠤᠳ ᠢᠶᠠᠷ ᠰᠤᠷᠭᠠᠯ ᠵᠢᠭᠠᠬᠤ ᠳᠤ᠂ ᠪᠦᠬᠦ ᠬᠥᠮᠦᠨ ᠲᠡᠭᠦᠨ ᠢ ᠮᠠᠭᠲᠠᠵᠤ ᠪᠠᠢᠯ᠎ᠠ᠃
16 ᠢᠰᠦ᠋ᠰ ᠥᠪᠡᠷ ᠦᠨ ᠥᠰᠥᠭᠰᠡᠨ ᠨᠤᠲᠤᠭ ᠨᠠᠽᠠᠷᠧᠲ ᠲᠠᠭᠠᠨ ᠣᠴᠢᠵᠠᠢ᠃ ᠠᠮᠠᠷᠠᠯ ᠤᠨ ᠡᠳᠦᠷ ᠵᠤᠷᠰᠢᠯ ᠶᠣᠰᠣᠭᠠᠷ ᠢᠶᠠᠨ ᠬᠤᠷᠠᠯ ᠤᠨ ᠲᠠᠩᠬᠢᠮ ᠳᠤ ᠣᠷᠣᠭᠠᠳ ᠠᠷᠢᠭᠤᠨ ᠨᠣᠮ ᠤᠩ᠋ᠰᠢᠬᠤ ᠪᠠᠷ ᠪᠣᠰᠣᠯ᠎ᠠ᠃ 17 ᠲᠡᠷᠡ ᠡᠰᠢ ᠦᠵᠡᠭᠦᠯᠦᠭᠴᠢ ᠢᠰᠠᠢᠶ᠎ᠠ ᠶᠢᠨ ᠨᠣᠮ ᠢ ᠬᠥᠮᠦᠨ ᠡᠴᠡ ᠠᠪᠴᠤ ᠳᠡᠯᠭᠡᠭᠡᠳ ᠨᠢᠭᠡ ᠬᠡᠰᠡᠭ ᠢ ᠣᠯᠬᠤ ᠳᠤ᠄
18 《ᠡᠵᠡᠨ ᠦ ᠰᠦᠨᠡᠰᠦ ᠨᠠᠳᠠ ᠳᠡᠭᠡᠷ᠎ᠡ ᠪᠠᠢᠨ᠎ᠠ ᠶᠠᠳᠠᠭᠤᠴᠤᠳ ᠲᠤ ᠪᠠᠶᠠᠷ ᠤᠨ ᠮᠡᠳᠡᠭᠡ ᠶᠢ ᠬᠦᠷᠭᠡᠭᠦᠯᠬᠦ ᠪᠡᠷ ᠲᠡᠷᠡ ᠨᠠᠮᠠᠶᠢ ᠲᠣᠰᠣᠯᠠᠭᠰᠠᠨ ᠶᠤᠮ ᠣᠯᠵᠠᠯᠠᠭᠳᠠᠭᠰᠠᠳ ᠲᠤ ᠡᠷᠬᠡ ᠴᠢᠯᠥᠭᠡ ᠲᠠᠢ ᠪᠣᠯᠬᠤ ᠶᠢ ᠰᠣᠬᠣᠷᠴᠤᠳ ᠲᠤ ᠬᠠᠷᠠᠭ᠎ᠠ ᠲᠠᠢ ᠪᠣᠯᠬᠤ ᠶᠢ ᠲᠤᠩ᠋ᠬᠠᠭᠯᠠᠭᠤᠯᠵᠤ ᠳᠠᠷᠤᠯᠠᠭᠳᠠᠭᠰᠠᠳ ᠢ ᠴᠢᠯᠥᠭᠡᠯᠡᠭᠦᠯᠦᠨ
19 ᠡᠵᠡᠨ ᠦ ᠢᠪᠡᠭᠡᠯ ᠦᠨ ᠵᠢᠯ ᠢ ᠲᠤᠩ᠋ᠬᠠᠭᠯᠠᠭᠤᠯᠬᠤ ᠪᠠᠷ ᠨᠠᠮᠠᠶᠢ ᠢᠯᠡᠭᠡᠵᠡᠢ》
ᠭᠡᠵᠦ ᠪᠢᠴᠢᠭᠳᠡᠭᠰᠡᠨ ᠪᠠᠢᠵᠠᠢ᠃ 20 ᠢᠰᠦ᠋ᠰ ᠨᠣᠮ ᠢ ᠬᠤᠢᠯᠠᠵᠤ᠂ ᠦᠢᠯᠡᠴᠢᠯᠡᠭᠴᠢ ᠳᠤ ᠪᠤᠴᠠᠭᠠᠨ ᠥᠭᠭᠥᠭᠡᠳ ᠰᠠᠭᠤᠬᠤ ᠳᠤ᠂ ᠬᠤᠷᠠᠯ ᠤᠨ ᠲᠠᠩᠬᠢᠮ ᠳᠠᠬᠢ ᠬᠥᠮᠦᠰ ᠪᠦᠭᠦᠳᠡᠭᠡᠷ ᠢᠶᠡᠨ ᠲᠡᠭᠦᠨ ᠤᠷᠤᠭᠤ ᠰᠢᠷᠲᠡᠵᠦ ᠪᠠᠢᠯ᠎ᠠ᠃ 21 ᠢᠰᠦ᠋ᠰ ᠲᠡᠳᠡᠨ ᠳᠦ᠄ 《ᠲᠠ ᠨᠠᠷ ᠤᠨ ᠰᠣᠨᠣᠰᠣᠭᠰᠠᠨ ᠡᠨᠡ ᠡᠰᠢᠯᠡᠯ ᠥᠨᠥᠳᠥᠷ ᠪᠡᠶᠡᠯᠡᠭᠲᠡᠯᠡ》 ᠭᠡᠪᠡ᠃ 22 ᠪᠦᠭᠦᠳᠡᠭᠡᠷ ᠲᠡᠭᠦᠨ ᠢ ᠮᠠᠭᠲᠠᠵᠤ ᠠᠮᠠᠨ ᠠᠴᠠ ᠨᠢ ᠭᠠᠷᠬᠤ ᠡᠨᠡᠷᠢᠩᠭᠦᠢ ᠦᠭᠡᠰ ᠢ ᠭᠠᠢᠬᠠᠨ᠄ 《ᠡᠨᠡ ᠴᠢᠨᠢ ᠶᠣᠰᠧᠹ ᠤᠨ ᠬᠦᠦ ᠪᠢᠰᠢ ᠤᠤ︖》 ᠭᠡᠵᠡᠭᠡᠵᠦ ᠪᠠᠢᠯ᠎ᠠ᠃ 23 ᠢᠰᠦ᠋ᠰ ᠲᠡᠳᠡᠨ ᠳᠦ᠄ 《〈ᠡᠮᠴᠢ ᠡ᠂ ᠥᠪᠡᠷ ᠢ ᠪᠠᠨ ᠡᠳᠡᠭᠡᠭᠡ〉 ᠭᠡᠰᠡᠨ ᠵᠦᠢᠷ ᠦᠭᠡ ᠪᠡᠷ ᠲᠠ ᠨᠠᠷ ᠡᠰᠢ ᠲᠠᠲᠠᠵᠤ᠂ ᠺᠠᠹᠠᠷᠨᠠᠦ᠋ᠮ ᠳᠤ ᠦᠢᠯᠡᠳᠦᠭᠰᠡᠨ ᠭᠡᠵᠦ ᠪᠢᠳᠡᠨ ᠦ ᠰᠣᠨᠣᠰᠣᠭᠰᠠᠨ ᠪᠦᠬᠦᠨ ᠢ ᠲᠥᠷᠥᠭᠰᠡᠨ ᠨᠤᠲᠤᠭ ᠡ᠊ᠨᠳᠡ ᠪᠡᠨ ᠴᠤ ᠦᠢᠯᠡᠳᠦᠭᠡᠴᠢ ᠭᠡᠵᠦ ᠨᠠᠳᠠ ᠳᠤ ᠯᠠᠪᠲᠠᠢ ᠬᠡᠯᠡᠬᠦ ᠶᠤᠮ》 ᠭᠡᠳ 24 《ᠬᠠᠷᠢᠨ ᠪᠢ ᠲᠠ ᠨᠠᠷ ᠲᠤ ᠪᠠᠲᠤᠲᠠᠢ ᠬᠡᠯᠡᠶ᠎ᠡ᠃ ᠡᠰᠢ ᠦᠵᠡᠭᠦᠯᠦᠭᠴᠢ ᠲᠥᠷᠥᠭᠰᠡᠨ ᠨᠤᠲᠤᠭ ᠲᠠᠭᠠᠨ ᠬᠦᠨᠳᠦᠯᠡᠭᠳᠡᠬᠦ ᠦᠭᠡᠢ᠃ 25 ᠪᠢ ᠲᠠ ᠨᠠᠷ ᠲᠤ ᠦᠨᠡᠨ ᠢ ᠬᠡᠯᠡᠶ᠎ᠡ᠃ ᠧᠯᠢᠶ᠎ᠠ ᠶᠢᠨ ᠦᠶ᠎ᠡ ᠳᠦ ᠭᠤᠷᠪᠠᠨ ᠵᠢᠯ ᠵᠢᠷᠭᠤᠭᠠᠨ ᠰᠠᠷ᠎ᠠ ᠶᠢᠨ ᠲᠤᠷᠰᠢ ᠲᠩᠷᠢ ᠬᠠᠭᠠᠭᠳᠠᠵᠤ ᠭᠠᠵᠠᠷ ᠳᠠᠶᠠᠭᠠᠷ ᠶᠡᠬᠡ ᠥᠯᠥᠰᠬᠥᠯᠡᠩ ᠭᠠᠴᠢᠭ ᠪᠣᠯᠬᠤ ᠳᠤ᠂ ᠢᠰᠷᠧᠯ ᠳᠤ ᠣᠯᠠᠨ ᠪᠡᠯᠪᠡᠰᠦᠨ ᠡᠮᠡᠭᠲᠡᠢ ᠪᠠᠢᠭᠰᠠᠨ ᠪᠣᠯᠪᠠᠴᠤ 26 ᠧᠯᠢᠶ᠎ᠠ ᠲᠡᠳᠡᠨ ᠦ ᠠᠯᠢᠨ ᠤ ᠳᠤᠨᠢ ᠴᠤ ᠪᠢᠰᠢ᠂ ᠬᠠᠷᠢᠨ ᠰᠢᠢᠳᠣᠨ ᠨᠤᠲᠤᠭ ᠤᠨ ᠽᠠᠷᠧᠹᠠᠲ ᠤᠨ ᠨᠢᠭᠡᠨ ᠪᠡᠯᠪᠡᠰᠦᠨ ᠡᠮᠡᠭᠲᠡᠢ ᠶᠢᠨ ᠳᠤ ᠢᠯᠡᠭᠡᠭᠳᠡᠭᠰᠡᠨ ᠪᠢᠯᠡ᠃ 27 ᠪᠠᠰᠠ ᠡᠰᠢ ᠦᠵᠡᠭᠦᠯᠦᠭᠴᠢ ᠧᠯᠢᠱᠠ ᠶᠢᠨ ᠦᠶ᠎ᠡ ᠳᠦ ᠢᠰᠷᠧᠯ ᠳᠤ ᠣᠯᠠᠨ ᠤᠶᠠᠮᠠᠨ 5 ᠡᠪᠡᠳᠴᠢᠲᠡᠨ ᠪᠠᠢᠭᠰᠠᠨ ᠪᠣᠯᠪᠠᠴᠤ ᠰᠢᠷᠢᠶ᠎ᠠ ᠬᠥᠮᠦᠨ ᠨᠠᠭᠠᠮᠠᠨ ᠠᠴᠠ ᠥᠭᠡᠷ᠎ᠡ ᠬᠡᠨ ᠴᠤ ᠴᠡᠪᠡᠷᠰᠢᠭᠳᠡᠭᠰᠡᠨ ᠦᠭᠡᠢ ᠶᠤᠮ》 ᠭᠡᠵᠦ ᠶᠠᠷᠢᠪᠠ᠃ 28 ᠬᠤᠷᠠᠯ ᠤᠨ ᠲᠠᠩᠬᠢᠮ ᠳᠤ ᠪᠠᠢᠭᠰᠠᠨ ᠪᠦᠭᠦᠳᠡ ᠡᠭᠦᠨ ᠢ ᠰᠣᠨᠣᠰᠣᠭᠠᠳ ᠶᠡᠬᠡᠳᠡ ᠬᠢᠯᠢᠩᠨᠡᠵᠡᠢ᠃ 29 ᠲᠡᠳᠡ ᠪᠣᠰᠴᠤ ᠢᠰᠦ᠋ᠰ ᠢ ᠲᠣᠰᠬᠣᠨ ᠠᠴᠠ ᠪᠠᠨ ᠬᠥᠭᠡᠭᠡᠨ ᠭᠠᠷᠭᠠᠵᠤ᠂ ᠠᠭᠤᠯᠠ ᠶᠢᠨ ᠣᠷᠣᠢ ᠳᠤ ᠠᠪᠠᠴᠢᠪᠠ᠃ ᠲᠡᠳᠡᠨ ᠦ ᠲᠣᠰᠬᠣᠨ ᠠᠭᠤᠯᠠᠨ ᠳᠡᠭᠡᠷ᠎ᠡ ᠪᠠᠢᠭᠤᠯᠤᠭᠳᠠᠭᠰᠠᠨ ᠠᠵᠢ᠃ ᠲᠡᠳᠡ ᠲᠡᠭᠦᠨ ᠢ ᠠᠭᠤᠯᠠ ᠶᠢᠨ ᠣᠷᠣᠢ ᠠᠴᠠ ᠲᠦᠯᠬᠢᠨ ᠤᠨᠠᠭᠠᠬᠤ ᠭᠡᠵᠦ ᠪᠠᠢᠲᠠᠯ᠎ᠠ 30 ᠢᠰᠦ᠋ᠰ ᠲᠡᠳᠡᠨ ᠦ ᠳᠤᠮᠳᠠᠭᠤᠷ ᠥᠩᠭᠡᠷᠡᠨ ᠴᠠᠰᠢ ᠣᠳᠣᠯ᠎ᠠ᠃
31 ᠢᠰᠦ᠋ᠰ ᠭᠠᠯᠢᠯᠠᠶ᠎ᠠ ᠶᠢᠨ ᠺᠠᠹᠠᠷᠨᠠᠦ᠋ᠮ ᠲᠣᠰᠬᠣᠨ ᠳᠤ ᠣᠴᠢᠭᠠᠳ ᠠᠮᠠᠷᠠᠯ ᠤᠨ ᠡᠳᠦᠷ ᠰᠤᠷᠭᠠᠵᠤ ᠪᠠᠢᠬᠤ ᠳᠤ᠂ 32 ᠬᠥᠮᠦᠰ ᠲᠡᠭᠦᠨ ᠦ ᠰᠤᠷᠭᠠᠯ ᠢ ᠱᠠᠭᠰᠢᠵᠤ ᠪᠠᠢᠯ᠎ᠠ᠃ ᠶᠠᠭᠠᠬᠢᠭᠠᠳ ᠭᠡᠪᠡᠯ᠂ ᠲᠡᠭᠦᠨ ᠦ ᠦᠭᠡ ᠡᠷᠬᠡ ᠮᠡᠳᠡᠯ ᠲᠡᠢ ᠪᠠᠢᠭᠰᠠᠨ ᠶᠤᠮ᠃ 33 ᠪᠤᠵᠠᠷ ᠴᠢᠳᠬᠥᠷ ᠣᠷᠣᠰᠢᠭᠰᠠᠨ ᠨᠢᠭᠡᠨ ᠬᠥᠮᠦᠨ ᠲᠡᠷᠡ ᠬᠤᠷᠠᠯ ᠤᠨ ᠲᠠᠩᠬᠢᠮ ᠳᠤ ᠪᠠᠢᠵᠠᠢ᠃ ᠲᠡᠷᠡ ᠴᠢᠩᠭ᠍᠎ᠠ ᠳᠠᠭᠤ ᠪᠠᠷ ᠬᠠᠰᠬᠢᠷᠴᠤ᠄ 34 《ᠲᠠ ᠪᠢᠳᠡᠨ ᠲᠡᠢ ᠶᠠᠮᠠᠷ ᠬᠠᠮᠢᠶ᠎ᠠ ᠲᠠᠢ ᠶᠤᠮ ᠪᠤᠢ︖ ᠨᠠᠽᠠᠷᠧᠲ ᠤᠨ ᠢᠰᠦ᠋ᠰ ᠡ︕ ᠲᠠ ᠪᠢᠳᠡᠨ ᠢ ᠰᠥᠨᠥᠭᠡᠬᠦ ᠪᠡᠷ ᠢᠷᠡᠭᠰᠡᠨ ᠤᠤ︖ ᠪᠢ ᠲᠠᠨ ᠤ ᠬᠡᠨ ᠪᠣᠯᠬᠤ ᠶᠢ ᠮᠡᠳᠡᠨ᠎ᠡ᠂ ᠪᠤᠷᠬᠠᠨ ᠤ ᠠᠷᠢᠭᠤᠨ ᠨᠢᠭᠡᠨ ᠮᠥᠨ》 ᠭᠡᠬᠦ ᠳᠦ᠂ 35 ᠢᠰᠦ᠋ᠰ ᠴᠢᠳᠬᠥᠷ ᠢ ᠵᠢᠮᠡᠯᠡᠵᠦ᠄ 《ᠳᠠᠭᠤ ᠦᠭᠡᠢ ᠪᠠᠢ᠂ ᠲᠡᠭᠦᠨ ᠡᠴᠡ ᠭᠠᠷ︕》 ᠭᠡᠰᠡᠨ ᠳᠦ᠂ ᠴᠢᠳᠬᠥᠷ ᠲᠡᠭᠦᠨ ᠢ ᠣᠯᠠᠨ ᠤ ᠳᠤᠮᠳᠠ ᠤᠨᠠᠭᠠᠭᠠᠳ ᠰᠢᠷᠬᠠᠲᠤᠭᠤᠯᠤᠯ ᠦᠭᠡᠢ ᠪᠠᠷ ᠭᠠᠷᠴᠤ ᠣᠳᠪᠠ᠃ 36 ᠬᠥᠮᠦᠨ ᠪᠦᠬᠦᠨ ᠭᠠᠢᠬᠠᠵᠤ ᠪᠡᠶ᠎ᠡ ᠪᠡᠶ᠎ᠡ ᠳᠡᠭᠡᠨ᠄ 《ᠡᠨᠡ ᠴᠢᠨᠢ ᠶᠠᠭᠤ ᠪᠣᠯᠵᠤ ᠪᠠᠢᠨ᠎ᠠ ᠪᠤᠢ︖ ᠲᠡᠷᠡ ᠡᠷᠬᠡ ᠮᠡᠳᠡᠯ ᠪᠣᠯᠣᠨ ᠬᠦᠴᠦ ᠪᠡᠷ ᠢᠶᠠᠨ ᠪᠤᠵᠠᠷ ᠴᠢᠳᠬᠥᠷ ᠢ ᠵᠠᠷᠯᠢᠭᠳᠠᠬᠤ ᠳᠤ᠂ ᠲᠡᠳᠡ ᠭᠠᠷᠴᠠᠭᠠᠪᠠ》 ᠭᠡᠵᠦ ᠶᠠᠷᠢᠵᠤ ᠪᠠᠢᠯ᠎ᠠ᠃ 37 ᠢᠰᠦ᠋ᠰ ᠤᠨ ᠲᠤᠬᠠᠢ ᠴᠤᠤ ᠴᠢᠮᠡᠭᠡ ᠣᠢᠷ᠎ᠠ ᠬᠠᠪᠢ ᠶᠢᠨ ᠭᠠᠵᠠᠷ ᠢᠶᠠᠷ ᠲᠠᠷᠬᠠᠵᠠᠢ᠃
ᠣᠯᠠᠨ ᠢ ᠡᠳᠡᠭᠡᠭᠡᠭᠰᠡᠨ ᠨᠢ
38 ᠢᠰᠦ᠋ᠰ ᠬᠤᠷᠠᠯ ᠤᠨ ᠲᠠᠩᠬᠢᠮ ᠠᠴᠠ ᠭᠠᠷᠤᠭᠠᠳ ᠰᠢᠮᠣᠨ ᠤ ᠭᠡᠷ ᠲᠦ ᠣᠷᠣᠬᠤ ᠳᠤ᠂ ᠬᠠᠳᠠᠮ ᠡᠬᠡ ᠨᠢ ᠬᠦᠨᠳᠦ ᠬᠠᠯᠠᠭᠤᠨ ᠬᠢᠵᠢᠭ ᠢᠶᠠᠷ ᠵᠣᠪᠠᠵᠤ ᠪᠠᠢᠯ᠎ᠠ᠃ ᠬᠥᠮᠦᠰ ᠲᠡᠭᠦᠨ ᠦ ᠲᠥᠯᠥᠭᠡ ᠢᠰᠦ᠋ᠰ ᠡᠴᠡ ᠭᠤᠶᠤᠪᠠ᠃ 39 ᠢᠰᠦ᠋ᠰ ᠲᠡᠭᠦᠨ ᠦ ᠳᠡᠷᠭᠡᠳᠡ ᠵᠣᠭᠰᠣᠨ ᠬᠠᠯᠠᠭᠤᠨ ᠢ ᠵᠢᠮᠡᠯᠡᠬᠦ ᠳᠦ᠂ ᠬᠠᠯᠠᠭᠤᠨ ᠨᠢ ᠠᠷᠢᠯᠵᠤ ᠲᠡᠷᠡ ᠡᠮᠡᠭᠲᠡᠢ ᠳᠠᠷᠤᠢᠬᠠᠨ ᠪᠣᠰᠣᠭᠠᠳ ᠲᠡᠳᠡᠨ ᠢ ᠵᠣᠴᠢᠯᠠᠵᠤ ᠡᠬᠢᠯᠡᠪᠡ᠃
40 ᠨᠠᠷᠠ ᠵᠢᠷᠭᠠᠬᠤ ᠳᠤ᠂ ᠠᠢᠯ ᠪᠣᠯᠭᠠᠨ ᠶᠠᠩᠵᠤ ᠶᠢᠨ ᠡᠪᠡᠳᠴᠢᠲᠡᠨ ᠢᠶᠡᠨ ᠠᠪᠴᠢᠷᠠᠭᠰᠠᠨ ᠳᠤ᠂ ᠢᠰᠦ᠋ᠰ ᠡᠪᠡᠳᠴᠢᠲᠡᠨ ᠪᠣᠯᠭᠠᠨ ᠤ ᠳᠡᠭᠡᠷ᠎ᠡ ᠮᠤᠲᠤᠷ ᠢᠶᠠᠨ ᠲᠠᠯᠪᠢᠨ ᠡᠳᠡᠭᠡᠭᠡᠵᠦ ᠪᠠᠢᠯ᠎ᠠ᠃ 41 ᠴᠢᠳᠬᠥᠷ ᠤᠳ ᠴᠤ᠄ 《ᠲᠠ ᠪᠣᠯ ᠪᠤᠷᠬᠠᠨ ᠤ ᠬᠦᠦ ᠮᠥᠨ》 ᠭᠡᠵᠦ ᠬᠠᠰᠬᠢᠷᠤᠨ ᠬᠥᠮᠦᠰ ᠦᠨ ᠪᠡᠶ᠎ᠡ ᠡᠴᠡ ᠭᠠᠷᠴᠤ ᠪᠠᠢᠯ᠎ᠠ᠃ ᠢᠰᠦ᠋ᠰ ᠴᠢᠳᠬᠥᠷ ᠤᠳ ᠢ ᠵᠢᠮᠡᠯᠡᠵᠦ᠂ ᠳᠤᠤᠭᠠᠷᠬᠤ ᠶᠢ ᠨᠢ ᠵᠥᠪᠰᠢᠶᠡᠷᠡᠭᠰᠡᠨ ᠦᠭᠡᠢ᠂ ᠴᠢᠳᠬᠥᠷ ᠤᠳ ᠲᠡᠭᠦᠨ ᠢ ᠾᠷᠢᠰᠲ᠋ᠣᠰ ᠮᠥᠨ ᠭᠡᠵᠦ ᠮᠡᠳᠡᠭᠰᠡᠨ ᠪᠠᠢᠵᠠᠢ᠃
42 ᠦᠷ ᠴᠠᠢᠬᠤ ᠳᠤ᠂ ᠢᠰᠦ᠋ᠰ ᠲᠡᠨᠳᠡ ᠡᠴᠡ ᠭᠠᠷᠴᠤ ᠡᠵᠡᠭᠦᠢ ᠭᠠᠵᠠᠷ ᠲᠤ ᠣᠴᠢᠪᠡ᠃ ᠠᠷᠠᠳ ᠣᠯᠠᠨ ᠲᠡᠭᠦᠨ ᠢ ᠡᠷᠢᠵᠦ ᠣᠯᠣᠭᠠᠳ ᠶᠠᠪᠤᠭᠤᠯᠬᠤ ᠦᠭᠡᠢ ᠭᠡᠵᠦ ᠪᠠᠢᠯ᠎ᠠ᠃ 43 ᠢᠰᠦ᠋ᠰ ᠲᠡᠳᠡᠨ ᠳᠦ᠄ 《ᠪᠢ ᠥᠭᠡᠷ᠎ᠡ ᠲᠣᠰᠬᠣᠨ ᠳᠤ ᠴᠤ ᠪᠤᠷᠬᠠᠨ ᠤ ᠬᠠᠭᠠᠨᠴᠢᠯᠠᠯ ᠤᠨ ᠪᠠᠶᠠᠷ ᠤᠨ ᠮᠡᠳᠡᠭᠡ ᠶᠢ ᠲᠤᠩ᠋ᠬᠠᠭᠯᠠᠬᠤ ᠬᠡᠷᠡᠭᠲᠡᠢ᠃ ᠪᠢ ᠡᠭᠦᠨ ᠦ ᠲᠥᠯᠥᠭᠡ ᠢᠯᠡᠭᠡᠭᠳᠡᠭᠰᠡᠨ ᠶᠤᠮ》 ᠭᠡᠵᠦ ᠬᠡᠯᠡᠭᠡᠳ 44 ᠶᠦᠳᠠᠢ ᠶᠢᠨ ᠬᠤᠷᠠᠯ ᠤᠨ ᠲᠠᠩᠬᠢᠮ ᠤᠳ ᠢᠶᠠᠷ ᠶᠠᠪᠤᠵᠤ ᠰᠤᠷᠭᠠᠯ ᠳᠡᠯᠭᠡᠷᠡᠭᠦᠯᠦᠭᠰᠡᠭᠡᠷ ᠪᠠᠢᠯ᠎ᠠ᠃