1 2 3 4 5 6 7 8 9 10 11 12 13 14 15 16 17 18 19 20 21 22 23 24


ᠯᠦᠺ ᠠᠷᠪᠠᠨ ᠳᠣᠯᠣᠭ᠎ᠠ
 ᠰᠤᠷᠭᠠᠯ ᠤᠳ (ᠠᠭᠤᠴᠢᠯᠠᠯ᠂ ᠢᠲᠡᠭᠡᠯ᠂ ᠵᠠᠷᠤᠴᠠ ᠶᠢᠨ ᠡᠭᠦᠷᠭᠡ)

1 ᠢᠰᠦ᠋ᠰ ᠱᠠᠪᠢ ᠨᠠᠷ ᠲᠠᠭᠠᠨ᠄ 《ᠪᠦᠳᠦᠷᠢᠯ ᠵᠠᠢᠯᠠᠰᠢ ᠦᠭᠡᠢ ᠲᠣᠬᠢᠶᠠᠯᠳᠤᠨ᠎ᠠ᠃ ᠬᠠᠷᠢᠨ ᠪᠦᠳᠦᠷᠢᠯ ᠤᠴᠠᠷᠠᠭᠤᠯᠤᠭᠴᠢ ᠳᠤ ᠭᠠᠢ ᠪᠣᠯᠣᠨ᠎ᠠ᠃ 2 ᠵᠢᠭᠠᠯ ᠤᠳ ᠤᠨ ᠨᠢᠭᠡᠨ ᠢ ᠪᠦᠳᠦᠷᠢᠭᠦᠯᠬᠦ ᠡᠴᠡ ᠲᠡᠭᠡᠷᠮ᠎ᠡ ᠶᠢᠨ ᠴᠢᠯᠠᠭᠤ ᠶᠢ ᠬᠦᠵᠦᠭᠦᠨ ᠳᠡᠭᠡᠨ ᠳᠡᠭᠦᠵᠢᠯᠡᠵᠦ᠂ ᠳᠠᠯᠠᠢ ᠳᠤ ᠬᠠᠶᠠᠭᠳᠠᠬᠤ ᠨᠢ ᠳᠡᠭᠡᠷ᠎ᠡ᠃ 3 ᠲᠠ ᠨᠠᠷ ᠪᠣᠯᠭᠣᠮᠵᠢᠯᠠᠭᠲᠤᠨ᠃ ᠬᠡᠷᠪᠡ ᠠᠬ᠎ᠠ ᠳᠡᠭᠦᠦ ᠨᠠᠷ ᠴᠢᠨᠢ ᠭᠡᠮ ᠨᠢᠭᠦᠯ ᠬᠢᠪᠡᠯ ᠲᠡᠭᠦᠨ ᠢ ᠵᠢᠮᠡᠯᠡ᠂ ᠭᠡᠮᠰᠢᠪᠡᠯ ᠠᠭᠤᠴᠢᠯᠠ᠃ 4 ᠡᠳᠦᠷ ᠲᠦ ᠳᠣᠯᠣᠭ᠎ᠠ ᠤᠳᠠᠭ᠎ᠠ ᠴᠢᠮ᠎ᠠ ᠳᠤ ᠤᠰᠤᠯᠳᠤᠵᠤ᠂ ᠳᠣᠯᠣᠭ᠎ᠠ ᠤᠳᠠᠭ᠎ᠠ ᠡᠷᠭᠢᠵᠦ ᠢᠷᠡᠨ᠄ 〈ᠪᠢ ᠭᠡᠮᠰᠢᠵᠦ ᠪᠠᠢᠨ᠎ᠠ〉 ᠭᠡᠪᠡᠯ ᠲᠡᠭᠦᠨ ᠢ ᠠᠭᠤᠴᠢᠯᠠ》 ᠭᠡᠪᠡ᠃

5 ᠰᠢᠳᠠᠷ ᠱᠠᠪᠢ ᠨᠠᠷ ᠨᠢ ᠡᠵᠡᠨ ᠳᠦ᠄ 《ᠪᠢᠳᠡᠨ ᠳᠦ ᠢᠲᠡᠭᠡᠯ ᠨᠡᠮᠡᠵᠦ ᠥᠭᠭᠥᠭᠡᠴᠢ》 ᠭᠡᠰᠡᠨ ᠳᠦ᠂ 6 ᠡᠵᠡᠨ᠄ 《ᠲᠠ ᠨᠠᠷ ᠲᠤ ᠭᠠᠢᠮᠤ ᠶᠢᠨ ᠦᠷ᠎ᠡ ᠶᠢᠨ ᠲᠡᠳᠦᠢ ᠢᠲᠡᠭᠡᠯ ᠲᠡᠢ ᠪᠠᠢᠪᠠᠯ ᠡᠨᠡ ᠢᠯᠠᠮ᠎ᠠ ᠶᠢᠨ ᠮᠣᠳᠣᠨ ᠳᠤ᠄ 〈ᠴᠢ ᠦᠨᠳᠦᠰᠦ ᠪᠡᠷ ᠢᠶᠠᠨ ᠰᠤᠭᠤᠷᠠᠵᠤ᠂ ᠳᠠᠯᠠᠢ ᠳᠤ ᠲᠠᠷᠢᠭᠳᠠ〉 ᠭᠡᠰᠡᠨ ᠴᠤ ᠲᠡᠷᠡ ᠳᠠᠭᠠᠬᠤ ᠪᠣᠯᠣᠨ᠎ᠠ᠃

7 ᠲᠠ ᠨᠠᠷ ᠤᠨ ᠬᠡᠨ ᠨᠢᠭᠡᠨ ᠳᠦᠨᠢ ᠭᠠᠵᠠᠷ ᠬᠠᠭᠠᠯᠪᠤᠷᠢᠯᠠᠳᠠᠭ ᠪᠤᠶᠤ ᠬᠣᠨᠢ ᠬᠠᠷᠢᠭᠤᠯᠳᠠᠭ ᠵᠠᠷᠤᠴᠠ ᠪᠠᠢᠨ᠎ᠠ ᠭᠡᠵᠦ ᠪᠣᠳᠣᠶ᠎ᠠ᠃ ᠲᠡᠭᠦᠨ ᠢ ᠬᠡᠭᠡᠷ᠎ᠡ ᠡᠴᠡ ᠢᠷᠡᠬᠦ ᠳᠦ᠄ 〈ᠬᠤᠷᠳᠤᠬᠠᠨ ᠣᠷᠣᠵᠤ ᠰᠢᠷᠡᠭᠡᠨ ᠳᠦ ᠰᠠᠭᠤ〉 ᠭᠡᠵᠦ ᠬᠡᠯᠡᠬᠦ ᠤᠤ︖ 8 ᠬᠠᠷᠢᠨ ᠲᠡᠭᠦᠨ ᠳᠦ᠄ 〈ᠬᠣᠭᠣᠯᠠ ᠪᠡᠯᠡᠳᠬᠡ᠂ ᠴᠢ ᠪᠦᠰᠡ ᠪᠡᠨ ᠪᠦᠰᠡᠯᠡᠵᠦ᠂ ᠢᠳᠡᠵᠦ ᠤᠤᠭᠤᠵᠤ ᠳᠠᠭᠤᠰᠲᠠᠯ᠎ᠠ ᠮᠢᠨᠢ ᠨᠠᠳᠠ ᠳᠤ ᠦᠢᠯᠡᠴᠢᠯᠡ᠂ ᠳᠠᠷᠠᠭ᠎ᠠ ᠨᠢ ᠴᠢ ᠢᠳᠡᠵᠦ ᠤᠤᠭᠤᠵᠤ ᠪᠣᠯᠣᠨ᠎ᠠ〉 ᠭᠡᠵᠦ ᠬᠡᠯᠡᠳᠡᠭ ᠪᠢᠰᠢ ᠤᠤ︖ 9 ᠵᠠᠬᠢᠭᠰᠠᠨ ᠶᠣᠰᠣᠭᠠᠷ ᠬᠢᠵᠦ ᠭᠦᠢᠴᠡᠳᠬᠡᠯ᠎ᠡ ᠭᠡᠳ ᠡᠵᠡᠨ ᠨᠢ ᠵᠠᠷᠤᠴᠠ ᠳᠠᠭᠠᠨ ᠲᠠᠯᠠᠷᠬᠠᠯ ᠡᠷᠭᠦᠬᠦ ᠤᠤ︖ 10 ᠡᠨᠡ ᠮᠡᠲᠦ ᠪᠡᠷ ᠲᠠ ᠨᠠᠷ ᠴᠤ ᠵᠠᠬᠢᠭᠰᠠᠨ ᠪᠦᠬᠦᠨ ᠢ ᠬᠢᠵᠦ ᠳᠠᠭᠤᠰᠬᠠᠭᠠᠳ᠄ 〈ᠪᠢᠳᠡ ᠪᠣᠯ ᠲᠤᠰᠠ ᠦᠭᠡᠢ ᠵᠠᠷᠤᠴᠠ ᠶᠤᠮ᠂ ᠬᠢᠬᠦ ᠶᠣᠰᠣᠲᠠᠢ ᠪᠠᠨ ᠯᠠ ᠬᠢᠭᠰᠡᠨ〉 ᠭᠡᠵᠦ ᠬᠡᠯᠡ》 ᠭᠡᠯ᠎ᠡ᠃
 ᠴᠡᠪᠡᠷᠰᠢᠭᠰᠡᠨ ᠠᠷᠪᠠ᠂ ᠲᠠᠯᠠᠷᠬᠠᠭᠰᠠᠨ ᠨᠢᠭᠡ

11 ᠢᠰᠦ᠋ᠰ ᠶᠧᠷᠦ᠋ᠰᠠᠯᠧᠮ ᠥᠭᠡᠳᠡ ᠶᠠᠪᠤᠬᠤ ᠳᠠᠭᠠᠨ ᠰᠠᠮᠠᠷᠢᠶ᠎ᠠ ᠪᠠ ᠭᠠᠯᠢᠯᠠᠶ᠎ᠠ ᠶᠢᠨ ᠳᠤᠮᠳᠠᠭᠤᠷ ᠥᠩᠭᠡᠷᠡᠵᠦ ᠪᠠᠢᠪᠠ᠃ 12 ᠨᠢᠭᠡᠨ ᠲᠣᠰᠬᠣᠨ ᠳᠤ ᠣᠷᠣᠬᠤ ᠳᠤᠨᠢ ᠤᠶᠠᠮᠠᠨ ᠡᠪᠡᠳᠴᠢᠨ ᠲᠡᠢ ᠠᠷᠪᠠᠨ ᠬᠥᠮᠦᠨ ᠣᠢᠷᠠᠲᠤᠨ ᠢᠷᠡᠵᠡᠢ᠃ ᠲᠡᠳᠡ ᠬᠣᠯᠠᠬᠠᠨ ᠵᠣᠭᠰᠣᠵᠤ᠂ 13 ᠴᠢᠩᠭ᠍᠎ᠠ ᠳᠠᠭᠤ ᠪᠠᠷ᠄ 《ᠢᠰᠦ᠋ᠰ ᠪᠠᠭᠰᠢ ᠡ᠂ ᠪᠢᠳᠡᠨ ᠢ ᠡᠨᠡᠷᠢᠭᠡᠴᠢ》 ᠭᠡᠰᠡᠨ ᠳᠦ᠂ 14 ᠢᠰᠦ᠋ᠰ ᠲᠡᠳᠡᠨ ᠢ ᠬᠠᠷᠠᠩ᠋ᠭᠤᠲᠠ᠄ 《ᠲᠠᠬᠢᠯᠴᠢᠳ ᠲᠤ ᠣᠴᠢᠭᠠᠳ ᠪᠡᠶ᠎ᠡ ᠪᠡᠨ ᠦᠵᠡᠭᠦᠯ》 ᠭᠡᠪᠡ᠃ ᠲᠡᠳᠡ ᠶᠠᠪᠤᠬᠤ ᠵᠠᠭᠤᠷ᠎ᠠ ᠪᠠᠨ ᠴᠡᠪᠡᠷᠰᠢᠵᠡᠢ᠃ 15 ᠲᠡᠳᠡᠨ ᠦ ᠳᠤᠮᠳᠠᠬᠢ ᠨᠢᠭᠡ ᠨᠢ ᠥᠪᠡᠷ ᠦᠨ ᠢᠶᠠᠨ ᠡᠳᠡᠭᠡᠷᠡᠭᠰᠡᠨ ᠢ ᠦᠵᠡᠭᠡᠳ ᠴᠢᠩᠭ᠍᠎ᠠ ᠳᠠᠭᠤ ᠪᠠᠷ ᠪᠤᠷᠬᠠᠨ ᠢ ᠠᠯᠳᠠᠷᠰᠢᠭᠤᠯᠤᠭᠠᠳ ᠪᠤᠴᠠᠨ ᠢᠷᠡᠵᠦ᠂ 16 ᠢᠰᠦ᠋ᠰ ᠤᠨ ᠬᠥᠯ ᠦᠨ ᠡᠮᠦᠨ᠎ᠡ ᠨᠢᠭᠤᠷ ᠢᠶᠠᠷ ᠢᠶᠠᠨ ᠬᠥᠰᠡᠷ ᠤᠨᠠᠵᠤ ᠲᠡᠭᠦᠨ ᠳᠦ ᠲᠠᠯᠠᠷᠬᠠᠯ᠎ᠠ᠃ ᠲᠡᠷᠡ ᠨᠢ ᠰᠠᠮᠠᠷᠢᠶ᠎ᠠ ᠬᠥᠮᠦᠨ ᠪᠠᠢᠵᠠᠢ᠃ 17 ᠢᠰᠦ᠋ᠰ᠄ 《ᠠᠷᠪᠠᠨ ᠬᠥᠮᠦᠨ ᠴᠡᠪᠡᠷᠰᠢᠭᠰᠡᠨ ᠪᠢᠰᠢ ᠤᠤ︖ ᠨᠥᠭᠥᠭᠡ ᠶᠢᠰᠦ ᠨᠢ ᠬᠠᠮᠢᠭ᠎ᠠ ᠪᠠᠢᠨ᠎ᠠ︖ 18 ᠡᠨᠡ ᠬᠠᠷᠢ ᠬᠥᠮᠦᠨ ᠡᠴᠡ ᠥᠭᠡᠷ᠎ᠡ ᠪᠤᠷᠬᠠᠨ ᠢᠶᠠᠨ ᠠᠯᠳᠠᠷᠰᠢᠭᠤᠯᠬᠤ ᠪᠠᠷ ᠪᠤᠴᠠᠵᠤ ᠢᠷᠡᠭᠰᠡᠨ ᠬᠥᠮᠦᠨ ᠦᠭᠡᠢ ᠤᠤ︖》 ᠭᠡᠳ 19 ᠲᠡᠭᠦᠨ ᠳᠦ᠄ 《ᠪᠣᠰᠣᠭᠠᠳ ᠶᠠᠪᠤ᠂ ᠢᠲᠡᠭᠡᠯ ᠴᠢᠨᠢ ᠴᠢᠮᠠᠶᠢ ᠠᠪᠤᠷᠠᠯ᠎ᠠ》 ᠭᠡᠪᠡ᠃

20 ᠹᠠᠷᠢᠰᠠᠢᠴᠤᠳ᠄ 《ᠪᠤᠷᠬᠠᠨ ᠤ ᠬᠠᠭᠠᠨᠴᠢᠯᠠᠯ ᠬᠡᠵᠢᠶ᠎ᠡ ᠢᠷᠡᠬᠦ ᠪᠤᠢ︖》 ᠭᠡᠵᠦ ᠠᠰᠠᠭᠤᠬᠤ ᠳᠤ᠂ ᠢᠰᠦ᠋ᠰ ᠬᠠᠷᠢᠭᠤ ᠳᠤᠨᠢ᠄ 《ᠪᠤᠷᠬᠠᠨ ᠤ ᠬᠠᠭᠠᠨᠴᠢᠯᠠᠯ ᠨᠢᠳᠦᠨ ᠳᠦ ᠦᠵᠡᠭᠳᠡᠬᠦ ᠦᠭᠡᠢ ᠪᠠᠷ ᠢᠷᠡᠨ᠎ᠡ᠃ 21 ᠪᠠᠰᠠ᠄ 〈ᠬᠠᠷᠠᠭᠲᠤᠨ᠂ ᠡ᠊ᠨᠳᠡ ᠪᠠᠢᠨ᠎ᠠ᠂ ᠲᠡᠨᠳᠡ ᠪᠠᠢᠨ᠎ᠠ〉 ᠭᠡᠵᠦ ᠪᠣᠯᠬᠤ ᠦᠭᠡᠢ᠃ ᠠᠩ᠋ᠬᠠᠷᠤᠭᠲᠤᠨ︕ ᠪᠤᠷᠬᠠᠨ ᠤ ᠬᠠᠭᠠᠨᠴᠢᠯᠠᠯ ᠲᠠ ᠨᠠᠷ ᠤᠨ ᠳᠤᠮᠳᠠ 20 ᠪᠠᠢᠨ᠎ᠠ》 ᠭᠡᠵᠡᠢ᠃
 ᠬᠠᠭᠠᠨᠴᠢᠯᠠᠯ ᠢᠷᠡᠬᠦ ᠦᠶᠡᠰ

22 ᠲᠡᠷᠡ ᠱᠠᠪᠢ ᠨᠠᠷ ᠲᠠᠭᠠᠨ᠄ 《ᠬᠥᠮᠦᠨ ᠦ ᠬᠦᠦ ᠶᠢᠨ ᠡᠳᠦᠷ ᠤᠳ ᠠᠴᠠ ᠭᠠᠭᠴᠠᠬᠠᠨ ᠢ ᠨᠢ ᠬᠠᠷᠠᠬᠤ ᠪᠠᠷ ᠲᠡᠮᠡᠦᠯᠪᠡᠴᠦ ᠲᠡᠭᠡᠵᠦ ᠴᠢᠳᠠᠬᠤ ᠦᠭᠡᠢ ᠴᠠᠭ ᠢᠷᠡᠬᠦ ᠪᠣᠯᠣᠨ᠎ᠠ᠃ 23 ᠬᠥᠮᠦᠰ ᠲᠠ ᠨᠠᠷ ᠲᠤ᠄ 〈ᠬᠠᠷᠠ᠂ ᠡ᠊ᠨᠳᠡ ᠪᠠᠢᠨ᠎ᠠ〉᠂ ᠡᠰᠡᠪᠡᠯ 〈ᠬᠠᠷᠠ᠂ ᠲᠡᠨᠳᠡ ᠪᠠᠢᠨ᠎ᠠ〉 ᠭᠡᠬᠦ ᠪᠣᠯᠣᠨ᠎ᠠ᠃ ᠬᠠᠷᠢᠨ ᠲᠠ ᠨᠠᠷ ᠪᠦᠦ ᠣᠴᠢ᠂ ᠲᠡᠳᠡᠨ ᠢ ᠪᠦᠦ ᠳᠠᠭ᠎ᠠ᠃ 24 ᠲᠩᠷᠢ ᠶᠢᠨ ᠨᠢᠭᠡ ᠬᠢᠵᠠᠭᠠᠷ ᠠᠴᠠ ᠨᠥᠭᠥᠭᠡ ᠬᠢᠵᠠᠭᠠᠷ ᠬᠦᠷᠲᠡᠯ᠎ᠡ ᠭᠢᠯᠠᠰᠬᠢᠨ ᠴᠠᠬᠢᠯᠳᠠᠭ ᠭᠢᠯᠪᠠᠭ᠎ᠠ ᠮᠡᠲᠦ ᠬᠥᠮᠦᠨ ᠦ ᠬᠦᠦ ᠥᠪᠡᠷ ᠦᠨ ᠢᠶᠠᠨ ᠡᠳᠦᠷ ᠲᠦ ᠲᠡᠢᠮᠦᠷᠬᠦ ᠪᠠᠢᠬᠤ ᠪᠣᠯᠣᠨ᠎ᠠ᠃ 25 ᠲᠡᠷᠡ ᠤᠷᠢᠳᠠᠪᠠᠷ ᠣᠯᠠᠨ ᠵᠣᠪᠠᠯᠠᠩ ᠡᠳ᠋ᠯᠡᠵᠦ ᠡᠨᠡ ᠦᠶ᠎ᠡ ᠶᠢᠨ ᠬᠢᠨ ᠳᠤ ᠭᠠᠳᠠᠭᠤᠷᠴᠢᠯᠠᠭᠳᠠᠬᠤ ᠶᠣᠰᠣᠲᠠᠢ᠃ 26 ᠨᠣᠶᠠ ᠶᠢᠨ ᠡᠳᠦᠷ ᠤᠳ ᠲᠤ ᠶᠠᠮᠠᠷ ᠪᠠᠢᠭᠰᠠᠨ ᠪᠣᠯ᠂ ᠬᠥᠮᠦᠨ ᠦ ᠬᠦᠦ ᠶᠢᠨ ᠡᠳᠦᠷ ᠤᠳ ᠲᠤ ᠴᠤ ᠲᠡᠢᠮᠦ ᠪᠠᠢᠬᠤ ᠪᠣᠯᠣᠨ᠎ᠠ᠃ 27 ᠬᠥᠮᠦᠰ ᠢᠳᠡᠵᠦ ᠤᠤᠭᠤᠨ᠂ ᠡᠬᠡᠨᠡᠷ ᠠᠪᠴᠤ᠂ ᠬᠠᠷᠢ ᠳᠤ ᠮᠣᠷᠳᠠᠭᠰᠠᠭᠠᠷ ᠪᠠᠢᠲᠠᠯ᠎ᠠ ᠨᠣᠶᠠ ᠶᠢᠨ ᠣᠩ᠋ᠭᠣᠴᠠᠨ ᠳᠤ ᠣᠷᠣᠬᠤ ᠡᠳᠦᠷ ᠢᠷᠡᠭᠡᠳ ᠦᠶᠡᠷ ᠪᠣᠯᠵᠤ᠂ ᠲᠡᠳᠡᠨ ᠢ ᠪᠦᠭᠦᠳᠡ ᠶᠢ ᠨᠢ ᠰᠥᠨᠥᠭᠡᠪᠡ᠃ 28 ᠯᠣᠲ ᠤᠨ ᠡᠳᠦᠷ ᠤᠳ ᠲᠤ ᠴᠤ ᠲᠡᠢᠮᠦ ᠪᠠᠢᠭᠰᠠᠨ᠃ ᠬᠥᠮᠦᠰ ᠢᠳᠡᠵᠦ ᠤᠤᠭᠤᠨ᠂ ᠬᠤᠳᠠᠯᠳᠤᠭ᠎ᠠ ᠮᠠᠢᠮᠠᠢ ᠬᠢᠵᠦ᠂ ᠲᠠᠷᠢᠶᠠᠯᠠᠵᠤ᠂ ᠪᠠᠷᠢᠯᠭ᠎ᠠ ᠪᠠᠢᠭᠤᠯᠵᠤ ᠪᠠᠢᠪᠠ᠃ 29 ᠯᠣᠲ ᠰᠣᠳᠣᠮ ᠠᠴᠠ ᠭᠠᠷᠬᠤ ᠡᠳᠦᠷ ᠲᠩᠷᠢ ᠭᠠᠯ ᠪᠠ ᠬᠦᠬᠦᠷ ᠢᠶᠡᠷ ᠪᠣᠷᠣᠭᠠᠯᠠᠵᠤ᠂ ᠲᠡᠳᠡᠨ ᠢ ᠪᠦᠭᠦᠳᠡ ᠶᠢ ᠨᠢ ᠰᠥᠨᠥᠭᠡᠭᠰᠡᠨ ᠪᠠᠢᠳᠠᠭ᠃ 30 ᠬᠥᠮᠦᠨ ᠦ ᠬᠦᠦ ᠶᠢᠨ ᠢᠯᠡᠷᠡᠬᠦ ᠡᠳᠦᠷ ᠴᠤ ᠲᠡᠢᠮᠦ ᠪᠣᠯᠣᠨ᠎ᠠ᠃ 31 ᠲᠡᠷᠡ ᠡᠳᠦᠷ ᠳᠡᠭᠡᠪᠦᠷ ᠳᠡᠭᠡᠷ᠎ᠡ ᠪᠡᠨ ᠪᠠᠢᠪᠠᠯ᠂ ᠬᠣᠭᠰᠢᠯ ᠴᠢᠨᠢ ᠭᠡᠷ ᠳᠣᠲᠣᠷ᠎ᠠ ᠪᠠᠢᠭᠰᠠᠨ ᠴᠤ ᠠᠪᠬᠤ ᠪᠠᠷ ᠪᠢᠲᠡᠭᠡᠢ ᠪᠠᠭᠤ᠃ ᠡᠭᠦᠨ ᠲᠡᠢ ᠠᠳᠠᠯᠢ ᠪᠠᠷ ᠲᠠᠷᠢᠶᠠᠨ ᠳᠡᠭᠡᠷ᠎ᠡ ᠪᠠᠢᠪᠠᠯ᠂ ᠭᠡᠷ ᠲᠡᠭᠡᠨ ᠪᠢᠲᠡᠭᠡᠢ ᠬᠠᠷᠢ᠃ 32 ᠯᠣᠲ ᠤᠨ ᠡᠬᠡᠨᠡᠷ ᠢ ᠰᠠᠨᠠᠭᠲᠤᠨ᠃ 33 ᠠᠮᠢ ᠪᠠᠨ ᠬᠠᠮᠠᠭᠠᠯᠠᠭᠴᠢ ᠨᠢ ᠠᠮᠢ ᠪᠠᠨ ᠠᠯᠳᠠᠨ᠎ᠠ᠂ ᠠᠮᠢ ᠪᠠᠨ ᠠᠯᠳᠠᠭᠴᠢ ᠨᠢ ᠠᠮᠢ ᠪᠠᠨ ᠦᠯᠡᠳᠡᠭᠡᠨ᠎ᠡ᠃ 34 ᠲᠠ ᠨᠠᠷ ᠲᠤ ᠬᠡᠯᠡᠶ᠎ᠡ᠃ ᠲᠡᠷᠡ ᠰᠥᠨᠢ ᠬᠣᠶᠠᠷ ᠬᠥᠮᠦᠨ ᠨᠢᠭᠡ ᠣᠷᠣ ᠳᠡᠭᠡᠷ᠎ᠡ ᠪᠠᠢᠬᠤ ᠳᠤ ᠨᠢᠭᠡ ᠨᠢ ᠠᠪᠠᠴᠢᠭᠳᠠᠵᠤ᠂ ᠨᠥᠭᠥᠭᠡ ᠨᠢ ᠣᠷᠬᠢᠭᠳᠠᠨ᠎ᠠ᠃ 35 ᠬᠣᠶᠠᠷ ᠡᠮᠡᠭᠲᠡᠢ ᠳᠡᠭᠡᠷᠡᠮᠳᠡᠵᠦ ᠪᠠᠢᠬᠤ ᠳᠤ ᠨᠢᠭᠡ ᠨᠢ ᠠᠪᠠᠴᠢᠭᠳᠠᠵᠤ᠂ ᠨᠥᠭᠥᠭᠡ ᠨᠢ ᠣᠷᠬᠢᠭᠳᠠᠨ᠎ᠠ》 ᠭᠡᠯ᠎ᠡ᠃ 36 21 37 ᠱᠠᠪᠢ ᠨᠠᠷ ᠨᠢ᠄ 《ᠡᠵᠡᠨ ᠡ᠂ ᠲᠡᠷᠡ ᠨᠢ ᠬᠠᠮᠢᠭ᠎ᠠ ᠪᠣᠯᠬᠤ ᠶᠤᠮ ᠪᠤᠢ︖》 ᠭᠡᠰᠡᠨ ᠳᠦ᠂ ᠢᠰᠦ᠋ᠰ᠄ 《ᠦᠬᠦᠳᠡᠯ ᠪᠠᠢᠭ᠎ᠠ ᠭᠠᠵᠠᠷ ᠲᠤ ᠪᠦᠷᠭᠦᠳ ᠴᠤᠭᠯᠠᠷᠠᠨ᠎ᠠ》 ᠭᠡᠪᠡ᠃