ᠯᠦᠺ ᠨᠠᠢ᠌ᠮᠠ
ᠦᠢᠯᠡᠴᠢᠯᠡᠭᠴᠢ ᠡᠮᠡᠭᠲᠡᠢᠴᠦᠳ
1 ᠲᠡᠭᠦᠨ ᠡᠴᠡ ᠬᠣᠢᠰᠢ᠂ ᠢᠰᠦ᠋ᠰ ᠬᠣᠲᠠ ᠲᠣᠰᠬᠣᠨ ᠨᠤᠭᠤᠳ ᠢᠶᠠᠷ ᠠᠶᠠᠯᠠᠵᠤ᠂ ᠪᠤᠷᠬᠠᠨ ᠤ ᠬᠠᠭᠠᠨᠴᠢᠯᠠᠯ ᠤᠨ ᠪᠠᠶᠠᠷ ᠤᠨ ᠮᠡᠳᠡᠭᠡ ᠶᠢ ᠲᠤᠩ᠋ᠬᠠᠭᠯᠠᠨ ᠳᠡᠯᠭᠡᠷᠡᠭᠦᠯᠵᠦ ᠪᠠᠢᠪᠠ᠃ ᠡᠭᠦᠨ ᠳᠦ ᠠᠷᠪᠠᠨ ᠬᠣᠶᠠᠷ ᠱᠠᠪᠢ ᠨᠢ᠂ 2 ᠮᠠᠭᠤ ᠴᠢᠳᠬᠥᠷ ᠤᠳ ᠪᠠ ᠡᠪᠡᠳᠴᠢᠨ ᠡᠴᠡ ᠰᠠᠯᠵᠤ ᠡᠳᠡᠭᠡᠷᠡᠭᠰᠡᠨ ᠬᠡᠳᠦᠨ ᠡᠮᠡᠭᠲᠡᠢ᠂ ᠲᠤᠬᠠᠢᠯᠠᠪᠠᠯ ᠥᠪᠡᠷ ᠲᠤᠨᠢ ᠣᠷᠣᠰᠢᠭᠰᠠᠨ ᠳᠣᠯᠣᠭᠠᠨ ᠴᠢᠳᠬᠥᠷ ᠡᠴᠡ ᠰᠠᠯᠤᠭᠰᠠᠨ ᠮᠠᠭᠳᠠᠯ ᠤᠨ ᠬᠢ ᠭᠡᠭᠳᠡᠳᠡᠭ ᠮᠠᠷᠢᠶ᠎ᠠ᠂ 3 ᠾᠧᠷᠣᠳ᠋ ᠤᠨ ᠨᠢᠷᠪᠠ ᠾᠦᠽᠠ ᠶᠢᠨ ᠡᠬᠡᠨᠡᠷ ᠶᠣᠸᠠᠨᠨᠠ᠂ ᠰᠦᠰᠠᠨᠨᠠ ᠬᠢᠭᠡᠳ ᠪᠤᠰᠤᠳ ᠣᠯᠠᠨ ᠡᠮᠡᠭᠲᠡᠢ ᠬᠠᠮᠲᠤ ᠶᠠᠪᠤᠵᠠᠢ᠃ ᠡᠮᠡᠭᠲᠡᠢᠴᠦᠳ ᠪᠠᠢᠭ᠎ᠠ ᠪᠠᠷ ᠢᠶᠠᠨ ᠢᠰᠦ᠋ᠰ ᠪᠣᠯᠣᠨ ᠱᠠᠪᠢ ᠨᠠᠷ ᠢ ᠳᠡᠮᠵᠢᠳᠡᠭ ᠪᠠᠢᠪᠠ᠃
ᠦᠷ᠎ᠡ ᠰᠠᠴᠤᠭᠴᠢ ᠶᠢᠨ ᠦᠯᠢᠭᠡᠷᠯᠡᠯ
4 ᠦᠯᠡᠮᠵᠢ ᠣᠯᠠᠨ ᠬᠥᠮᠦᠨ ᠲᠣᠰᠬᠣᠨ ᠨᠤᠭᠤᠳ ᠠᠴᠠ ᠢᠰᠦ᠋ᠰ ᠤᠷᠤᠭᠤ ᠬᠤᠷᠠᠨ ᠴᠤᠭᠯᠠᠷᠠᠬᠤ ᠳᠤ᠂ ᠲᠡᠷᠡ ᠦᠯᠢᠭᠡᠷᠯᠡᠯ ᠢᠶᠡᠷ᠄ 5 《ᠲᠠᠷᠢᠶᠠᠴᠢᠨ ᠦᠷ᠎ᠡ ᠰᠠᠴᠤᠬᠤ ᠪᠠᠷ ᠭᠠᠷᠴᠤ ᠦᠷ᠎ᠡ ᠪᠡᠨ ᠰᠠᠴᠤᠬᠤ ᠳᠤ᠂ ᠵᠠᠷᠢᠮ ᠨᠢ ᠵᠠᠮ ᠢᠶᠠᠷ ᠤᠨᠠᠵᠤ ᠬᠥᠮᠦᠰ ᠦᠨ ᠬᠥᠯ ᠳᠤ ᠭᠢᠰᠬᠢᠭᠳᠡᠨ᠂ ᠣᠭᠲᠠᠷᠭᠤᠢ ᠶᠢᠨ ᠰᠢᠪᠠᠭᠤᠳ ᠲᠤ ᠢᠳᠡᠭᠳᠡᠵᠡᠢ᠃ 6 ᠵᠠᠷᠢᠮ ᠦᠷ᠎ᠡ ᠨᠢ ᠬᠠᠳᠠᠨ ᠳᠡᠭᠡᠷ᠎ᠡ ᠤᠨᠠᠵᠤ᠂ ᠰᠣᠶᠣᠭᠠᠯᠠᠭᠰᠠᠨ ᠪᠣᠯᠪᠠᠴᠤ ᠴᠢᠭᠢᠭ ᠦᠭᠡᠢ ᠲᠤᠯᠠ ᠬᠠᠲᠠᠴᠢᠬᠠᠪᠠ᠃ 7 ᠵᠠᠷᠢᠮ ᠨᠢ ᠥᠷᠭᠡᠰᠦᠲᠦ ᠪᠤᠲᠠ ᠶᠢᠨ ᠳᠤᠮᠳᠠ ᠤᠨᠠᠵᠤ᠂ ᠪᠤᠲᠠ ᠨᠢ ᠬᠠᠮᠲᠤ ᠤᠷᠭᠤᠨ ᠲᠡᠭᠦᠨ ᠢ ᠳᠠᠷᠤᠴᠢᠬᠠᠵᠠᠢ᠃ 8 ᠵᠠᠷᠢᠮ ᠨᠢ ᠰᠠᠢᠨ ᠬᠥᠷᠥᠰᠥᠨ ᠳᠤ ᠤᠨᠠᠵᠤ ᠤᠷᠭᠤᠭᠠᠳ ᠵᠠᠭᠤ ᠳᠠᠬᠢᠨ ᠢᠯᠡᠭᠦᠦ ᠦᠷ᠎ᠡ ᠵᠢᠮᠢᠰ ᠭᠠᠷᠭᠠᠵᠠᠢ》 ᠭᠡᠵᠦ ᠬᠡᠯᠡᠭᠡᠳ ᠴᠢᠩᠭ᠍᠎ᠠ ᠳᠠᠭᠤ ᠪᠠᠷ᠄ 《ᠰᠣᠨᠣᠰᠬᠤ ᠴᠢᠬᠢ ᠲᠠᠢ ᠨᠢ ᠰᠣᠨᠣᠰᠣᠭᠲᠤᠨ︕》 ᠭᠡᠪᠡ᠃
9 ᠱᠠᠪᠢ ᠨᠠᠷ ᠨᠢ ᠡᠨᠡ ᠦᠯᠢᠭᠡᠷᠯᠡᠯ ᠦᠨ ᠤᠳᠬ᠎ᠠ ᠶᠢ ᠠᠰᠠᠭᠤᠬᠤ ᠳᠤ᠂ 10 ᠲᠡᠷᠡ᠄ 《ᠪᠤᠷᠬᠠᠨ ᠤ ᠬᠠᠭᠠᠨᠴᠢᠯᠠᠯ ᠤᠨ ᠨᠢᠭᠤᠴᠠ ᠶᠢ ᠮᠡᠳᠡᠬᠦ ᠶᠢ ᠲᠠ ᠨᠠᠷ ᠲᠤ ᠵᠥᠪᠰᠢᠶᠡᠷᠡᠭᠰᠡᠨ ᠪᠣᠯᠪᠠᠴᠤ ᠬᠠᠷᠢᠨ ᠪᠤᠰᠤᠳ ᠲᠤᠨᠢ ᠦᠯᠢᠭᠡᠷᠯᠡᠯ ᠢ ᠯᠠ ᠥᠭᠭᠥᠭᠰᠡᠨ ᠶᠤᠮ᠂ ᠡᠢᠨ ᠬᠦ 〈ᠲᠡᠳᠡ ᠬᠠᠷᠠᠨ ᠬᠠᠷᠠᠪᠠᠴᠤ ᠦᠵᠡᠬᠦ ᠦᠭᠡᠢ᠂ ᠰᠣᠨᠣᠰᠣᠨ ᠰᠣᠨᠣᠰᠪᠠᠴᠤ ᠣᠢᠯᠠᠭᠠᠬᠤ ᠦᠭᠡᠢ᠃〉
11 ᠵᠠ᠂ ᠡᠨᠡ ᠦᠯᠢᠭᠡᠷᠯᠡᠯ ᠦᠨ ᠤᠳᠬ᠎ᠠ ᠶᠢ ᠬᠡᠯᠡᠶ᠎ᠡ᠄ 〈ᠦᠷ᠎ᠡ ᠭᠡᠳᠡᠭ ᠨᠢ ᠪᠤᠷᠬᠠᠨ ᠤ ᠦᠭᠡ ᠶᠤᠮ᠂ 12 ᠵᠠᠮ ᠢᠶᠠᠷ ᠤᠨᠠᠭᠰᠠᠨ ᠨᠢ ᠦᠭᠡ ᠶᠢ ᠰᠣᠨᠣᠰᠣᠭᠰᠠᠨ ᠪᠣᠯᠪᠠᠴᠤ ᠰᠠᠲ᠋ᠠᠨ ᠢᠷᠡᠵᠦ ᠰᠡᠳᠬᠢᠯ ᠡᠴᠡ ᠨᠢ ᠲᠡᠷᠡ ᠦᠭᠡ ᠶᠢ ᠪᠤᠯᠢᠶᠠᠳᠠᠭ ᠲᠤᠯᠠ ᠦᠯᠦ ᠢᠲᠡᠭᠡᠵᠦ ᠠᠪᠤᠷᠠᠭᠳᠠᠬᠤ ᠦᠭᠡᠢ ᠬᠥᠮᠦᠰ ᠪᠢᠯᠡ᠃ 13 ᠬᠠᠳᠠᠨ ᠳᠡᠭᠡᠷᠡᠬᠢ ᠨᠢ᠂ ᠦᠭᠡ ᠶᠢ ᠰᠣᠨᠣᠰᠬᠤ ᠳᠠᠭᠠᠨ ᠪᠠᠶᠠᠷ ᠲᠠᠢ ᠬᠦᠯᠢᠶᠡᠵᠦ ᠠᠪᠳᠠᠭ ᠪᠣᠯᠪᠠᠴᠤ ᠦᠨᠳᠦᠰᠦ ᠦᠭᠡᠢ ᠲᠤᠯᠠ ᠲᠦᠷ ᠵᠠᠭᠤᠷ᠎ᠠ ᠢᠲᠡᠭᠡᠭᠡᠳ ᠰᠣᠷᠢᠯᠲᠠ ᠶᠢᠨ ᠦᠶ᠎ᠡ ᠳᠦ ᠵᠠᠢᠯᠠᠳᠠᠭ ᠬᠥᠮᠦᠰ ᠶᠤᠮ᠃ 14 ᠥᠷᠭᠡᠰᠦᠲᠦ ᠪᠤᠲᠠ ᠶᠢᠨ ᠳᠤᠮᠳᠠ ᠤᠨᠠᠭᠰᠠᠨ ᠨᠢ᠂ ᠦᠭᠡ ᠶᠢ ᠰᠣᠨᠣᠰᠣᠭᠰᠠᠨ ᠪᠣᠯᠪᠠᠴᠤ ᠴᠢᠨᠠᠭᠰᠢᠳᠠ ᠠᠮᠢᠳᠤᠷᠠᠯ ᠤᠨ ᠵᠣᠪᠠᠨᠢᠯ᠂ ᠡᠳ᠋ ᠪᠠᠶᠠᠯᠢᠭ᠂ ᠪᠠᠶᠠᠷ ᠴᠡᠩᠭᠡᠯ ᠳᠦ ᠳᠠᠷᠤᠭᠳᠠᠭᠠᠳ ᠪᠣᠯᠪᠠᠰᠤᠷᠠᠳᠠᠭ ᠦᠭᠡᠢ ᠬᠥᠮᠦᠰ᠂ 15 ᠰᠠᠢᠨ ᠬᠥᠷᠥᠰᠥᠨ ᠳᠠᠬᠢ ᠨᠢ᠂ ᠰᠠᠢᠨ ᠰᠠᠢᠬᠠᠨ ᠰᠡᠳᠬᠢᠯ ᠢᠶᠠᠷ ᠦᠭᠡ ᠶᠢ ᠰᠣᠨᠣᠰᠣᠭᠠᠳ ᠬᠠᠳᠠᠭᠠᠯᠠᠵᠤ ᠲᠡᠪᠴᠢᠶᠡᠷᠢ ᠲᠠᠢ ᠪᠠᠷ ᠦᠷ᠎ᠡ ᠵᠢᠮᠢᠰ ᠢᠶᠠᠨ ᠭᠠᠷᠭᠠᠳᠠᠭ ᠬᠥᠮᠦᠰ ᠶᠤᠮ᠃
ᠳ᠋ᠧᠩ ᠤᠨ ᠦᠯᠢᠭᠡᠷᠯᠡᠯ
16 ᠬᠡᠨ ᠴᠤ ᠭᠡᠰᠡᠨ ᠳ᠋ᠧᠩ ᠠᠰᠠᠭᠠᠭᠠᠳ ᠰᠠᠪᠠ ᠪᠠᠷ ᠬᠥᠮᠥᠷᠢᠬᠦ ᠦᠭᠡᠢ᠂ ᠪᠠᠰᠠ ᠣᠷᠣ ᠶᠢᠨ ᠳᠣᠣᠷ᠎ᠠ ᠴᠤ ᠲᠠᠯᠪᠢᠬᠤ ᠦᠭᠡᠢ᠃ ᠬᠠᠷᠢᠨ ᠣᠷᠣᠵᠤ ᠢᠷᠡᠭᠰᠡᠳ ᠲᠦ ᠭᠡᠷᠡᠯ ᠦᠵᠡᠭᠦᠯᠬᠦ ᠶᠢᠨ ᠲᠤᠯᠠᠳᠠ ᠲᠠᠯᠪᠢᠭᠤᠷ ᠳᠡᠭᠡᠷ᠎ᠡ ᠲᠠᠯᠪᠢᠳᠠᠭ᠃ 17 ᠢᠯᠡᠴᠢᠯᠡᠭᠳᠡᠰᠢ ᠦᠭᠡᠢ ᠨᠢᠭᠤᠴᠠ ᠭᠡᠵᠦ ᠦᠭᠡᠢ᠂ ᠲᠣᠳᠣᠷᠠᠰᠢ ᠦᠭᠡᠢ ᠳᠠᠯᠳᠠ ᠵᠦᠢᠯ ᠴᠤ ᠦᠭᠡᠢ᠃ 18 ᠡᠢᠮᠦ ᠡᠴᠡ ᠲᠠ ᠨᠠᠷ ᠬᠡᠷᠬᠢᠵᠦ ᠰᠣᠨᠣᠰᠬᠤ ᠪᠠᠨ ᠠᠩ᠋ᠬᠠᠷᠤᠭᠲᠤᠨ᠂ ᠬᠡᠨ ᠳᠦ ᠪᠠᠢᠪᠠᠯ ᠲᠡᠭᠦᠨ ᠳᠦ ᠥᠭᠭᠥᠭᠳᠡᠨ᠎ᠡ᠃ ᠬᠡᠨ ᠳᠦ ᠪᠠᠢᠬᠤ ᠦᠭᠡᠢ ᠪᠣᠯ ᠲᠡᠭᠦᠨ ᠳᠦ ᠪᠠᠢᠨ᠎ᠠ ᠭᠡᠵᠦ ᠪᠣᠳᠣᠭᠰᠠᠨ ᠨᠢ ᠴᠤ ᠪᠤᠯᠢᠶᠠᠭᠳᠠᠨ᠎ᠠ》 ᠭᠡᠵᠡᠢ᠃
19 ᠢᠰᠦ᠋ᠰ ᠤᠷᠤᠭᠤ ᠡᠵᠢ ᠪᠣᠯᠣᠨ ᠳᠡᠭᠦᠦ ᠨᠠᠷ ᠨᠢ ᠢᠷᠡᠭᠰᠡᠨ ᠪᠣᠯᠪᠠᠴᠤ ᠬᠥᠮᠦᠨ ᠣᠯᠠᠨ ᠤ ᠬᠠᠷᠠᠭ᠎ᠠ ᠪᠠᠷ ᠲᠡᠭᠦᠨ ᠲᠡᠢ ᠠᠭᠤᠯᠵᠠᠵᠤ ᠴᠢᠳᠠᠭᠰᠠᠨ ᠦᠭᠡᠢ᠃ 20 ᠨᠢᠭᠡ ᠬᠥᠮᠦᠨ ᠲᠡᠭᠦᠨ ᠳᠦ᠄ 《ᠡᠵᠢ᠂ ᠳᠡᠭᠦᠦ ᠨᠠᠷ ᠴᠢᠨᠢ ᠲᠠᠨ ᠲᠠᠢ ᠠᠭᠤᠯᠵᠠᠬᠤ ᠭᠡᠵᠦ ᠭᠠᠳᠠᠨ᠎ᠠ ᠵᠣᠭᠰᠣᠵᠤ ᠪᠠᠢᠨ᠎ᠠ》 ᠭᠡᠵᠦ ᠳᠤᠭᠤᠯᠭᠠᠭᠰᠠᠨ ᠳᠤ᠂ 21 ᠢᠰᠦ᠋ᠰ ᠬᠠᠷᠢᠭᠤ ᠳᠤᠨᠢ᠄ 《ᠮᠢᠨᠦ ᠡᠵᠢ᠂ ᠮᠢᠨᠦ ᠳᠡᠭᠦᠦ ᠨᠠᠷ ᠪᠣᠯ ᠪᠤᠷᠬᠠᠨ ᠤ ᠦᠭᠡ ᠶᠢ ᠰᠣᠨᠣᠰᠴᠤ ᠪᠡᠶᠡᠯᠡᠭᠦᠯᠳᠡᠭ ᠡᠳᠡᠭᠡᠷ ᠬᠥᠮᠦᠨ ᠪᠣᠯᠣᠨ᠎ᠠ》 ᠭᠡᠵᠡᠢ᠃
ᠨᠠᠭᠤᠷ ᠢ ᠨᠠᠮᠳᠠᠭᠠᠭᠰᠠᠨ ᠨᠢ
22 ᠨᠢᠭᠡᠨ ᠡᠳᠦᠷ ᠢᠰᠦ᠋ᠰ ᠱᠠᠪᠢ ᠨᠠᠷ ᠲᠠᠢ ᠪᠠᠨ ᠣᠩ᠋ᠭᠣᠴᠠᠨ ᠳᠤ ᠰᠠᠭᠤᠭᠠᠳ᠄ 《ᠨᠠᠭᠤᠷ ᠤᠨ ᠨᠥᠭᠥᠭᠡ ᠲᠠᠯ᠎ᠠ ᠳᠤ ᠣᠴᠢᠵᠠᠭᠠᠶ᠎ᠠ》 ᠭᠡᠰᠡᠨ ᠳᠦ᠂ ᠲᠡᠳᠡ ᠭᠠᠷᠪᠠ᠃ 23 ᠰᠡᠯᠢᠵᠦ ᠶᠠᠪᠤᠬᠤ ᠵᠠᠭᠤᠷ᠎ᠠ ᠢᠰᠦ᠋ᠰ ᠤᠨᠲᠠᠴᠢᠬᠠᠵᠠᠢ᠃ ᠲᠡᠭᠡᠲᠡᠯ᠎ᠡ ᠨᠠᠭᠤᠷ ᠲᠤ ᠳᠣᠭᠰᠢᠨ ᠰᠠᠯᠬᠢ ᠰᠢᠭᠤᠷᠴᠤ᠂ ᠣᠩ᠋ᠭᠣᠴᠠᠨ ᠳᠤ ᠤᠰᠤ ᠳᠦᠭᠦᠷᠴᠦ ᠠᠶᠤᠯ ᠲᠠᠢ ᠪᠣᠯᠪᠠ᠃ 24 ᠱᠠᠪᠢ ᠨᠠᠷ ᠨᠢ ᠢᠷᠡᠵᠦ ᠲᠡᠭᠦᠨ ᠢ ᠰᠡᠷᠢᠭᠡᠨ᠄ 《ᠪᠠᠭᠰᠢ ᠡ᠂ ᠪᠠᠭᠰᠢ ᠡ᠂ ᠪᠢᠳᠡ ᠦᠬᠦᠯ᠎ᠡ︕》 ᠭᠡᠪᠡ᠃ ᠲᠡᠷᠡ ᠪᠣᠰᠴᠤ ᠰᠠᠯᠬᠢ ᠳᠠᠪᠠᠯᠭᠠᠨ ᠢ ᠵᠢᠮᠡᠯᠡᠬᠦ ᠳᠦ᠂ ᠰᠠᠯᠬᠢ ᠵᠣᠭᠰᠣᠵᠤ ᠨᠠᠮ ᠭᠦᠮ ᠪᠣᠯᠪᠠ᠃ 25 ᠲᠡᠷᠡ ᠱᠠᠪᠢ ᠨᠠᠷ ᠠᠴᠠ ᠪᠠᠨ᠄ 《ᠢᠲᠡᠭᠡᠯ ᠴᠢᠨᠢ ᠬᠠᠮᠢᠭ᠎ᠠ ᠪᠠᠢᠨ᠎ᠠ︖》 ᠭᠡᠵᠦ ᠠᠰᠠᠭᠤᠬᠤ ᠳᠤ᠂ ᠲᠡᠳᠡ ᠡᠮᠢᠶᠡᠵᠦ ᠭᠠᠢᠬᠠᠨ᠄ 《ᠡᠨᠡ ᠬᠡᠨ ᠪᠣᠯᠴᠢᠬᠠᠪᠠ︖ ᠰᠠᠯᠬᠢ ᠪᠣᠯᠣᠨ ᠤᠰᠤ ᠶᠢ ᠬᠦᠷᠲᠡᠯ᠎ᠡ ᠵᠠᠷᠯᠢᠭᠳᠠᠵᠤ ᠦᠭᠡᠨ ᠳᠡᠭᠡᠨ ᠣᠷᠣᠭᠤᠯᠵᠤ ᠪᠠᠢᠳᠠᠭ》 ᠭᠡᠯᠴᠡᠵᠡᠢ᠃
ᠴᠢᠳᠬᠥᠷ ᠱᠦᠭᠯᠡᠭᠰᠡᠨ ᠬᠥᠮᠦᠨ
26 ᠲᠡᠳᠡ ᠭᠠᠯᠢᠯᠠᠶ᠎ᠠ ᠨᠠᠭᠤᠷ ᠤᠨ ᠴᠠᠭᠠᠨᠠᠬᠢ ᠭᠧᠷᠠᠰᠴᠤᠳ ᠤᠨ ᠨᠤᠲᠤᠭ ᠲᠤ ᠬᠦᠷᠪᠡ᠃ 27 ᠢᠰᠦ᠋ᠰ ᠬᠥᠪᠡᠭᠡᠨ ᠳᠦ ᠭᠠᠷᠬᠤ ᠳᠤ᠂ ᠡᠨᠡ ᠲᠣᠰᠬᠣᠨ ᠤ ᠨᠢᠭᠡᠨ ᠬᠥᠮᠦᠨ ᠲᠡᠭᠦᠨ ᠲᠡᠢ ᠤᠴᠠᠷᠠᠪᠠ᠃ ᠡᠨᠡ ᠬᠥᠮᠦᠨ ᠳᠦ ᠴᠢᠳᠬᠥᠷ ᠣᠷᠣᠰᠢᠭᠰᠠᠨ ᠪᠥᠭᠡᠳ ᠲᠡᠷᠡ ᠤᠳᠠᠭᠠᠨ ᠬᠤᠭᠤᠴᠠᠭ᠎ᠠ ᠪᠠᠷ ᠬᠤᠪᠴᠠᠰᠤ ᠡᠮᠦᠰᠦᠭᠡ ᠦᠭᠡᠢ᠂ ᠭᠡᠷ ᠲᠦ ᠰᠠᠭᠤᠭ᠎ᠠ ᠦᠭᠡᠢ᠂ ᠬᠠᠷᠢᠨ ᠪᠤᠯᠠᠰᠢᠨ ᠤ ᠭᠠᠵᠠᠷ ᠲᠤ ᠰᠠᠭᠤᠳᠠᠭ ᠪᠠᠢᠵᠠᠢ᠃ 28 ᠲᠡᠷᠡ ᠢᠰᠦ᠋ᠰ ᠢ ᠬᠠᠷᠠᠭᠠᠳ ᠬᠠᠰᠬᠢᠷᠤᠭᠰᠠᠨ ᠤ ᠳᠠᠷᠠᠭ᠎ᠠ᠂ ᠡᠮᠦᠨ᠎ᠡ ᠨᠢ ᠰᠥᠭᠥᠳᠥᠭᠡᠳ ᠶᠡᠬᠡ ᠳᠠᠭᠤᠨ ᠢᠶᠠᠷ᠄ 《ᠲᠠ ᠨᠠᠳᠠ ᠲᠠᠢ ᠶᠠᠮᠠᠷ ᠬᠠᠮᠢᠶ᠎ᠠ ᠲᠠᠢ ᠪᠤᠢ︖ ᠳᠡᠭᠡᠳᠦ ᠶᠢᠨ ᠳᠡᠭᠡᠳᠦ ᠪᠤᠷᠬᠠᠨ ᠤ ᠬᠦᠦ ᠢᠰᠦ᠋ᠰ ᠡ᠂ ᠨᠠᠮᠠᠶᠢ ᠪᠦᠦ ᠲᠠᠷᠴᠢᠯᠠᠭᠠ︕》 ᠭᠡᠪᠡ᠃ 29 ᠤᠤᠯ ᠨᠢ ᠢᠰᠦ᠋ᠰ ᠪᠤᠵᠠᠷ ᠴᠢᠳᠬᠥᠷ ᠢ ᠲᠡᠷᠡ ᠬᠥᠮᠦᠨ ᠡᠴᠡ ᠭᠠᠷ ᠭᠡᠵᠦ ᠵᠠᠷᠯᠢᠭᠳᠠᠭᠰᠠᠨ ᠪᠠᠢᠵᠠᠢ᠃ ᠴᠢᠳᠬᠥᠷ ᠨᠥᠭᠥᠭᠡ ᠬᠥᠮᠦᠨ ᠢ ᠣᠯᠠᠨ ᠤᠳᠠᠭ᠎ᠠ ᠡᠵᠡᠮᠳᠡᠭᠰᠡᠨ ᠪᠣᠯᠬᠣᠷ ᠡᠨᠡ ᠬᠥᠮᠦᠨ ᠭᠠᠪᠠ ᠳᠥᠩᠭᠡ ᠲᠠᠢ ᠰᠠᠬᠢᠭᠳᠠᠵᠤ ᠪᠠᠢᠪᠠ᠃ ᠬᠠᠷᠢᠨ ᠲᠡᠷᠡ ᠬᠦᠯᠢᠶᠡᠰᠦ ᠶᠢ ᠲᠠᠰᠤᠳᠠᠵᠤ ᠬᠠᠶᠠᠭᠠᠳ ᠴᠢᠳᠬᠥᠷ ᠲᠦ ᠬᠥᠲᠥᠯᠥᠭᠳᠡᠨ ᠴᠥᠯ ᠤᠷᠤᠭᠤ ᠶᠠᠪᠤᠳᠠᠭ ᠪᠠᠢᠯ᠎ᠠ᠃ 30 ᠢᠰᠦ᠋ᠰ᠄ 《ᠨᠡᠷ᠎ᠡ ᠴᠢᠨᠢ ᠬᠡᠨ ᠪᠤᠢ︖》 ᠭᠡᠵᠦ ᠠᠰᠠᠭᠤᠬᠤ ᠳᠤ᠂ ᠲᠡᠷᠡ᠄ 《ᠯᠧᠭᠢᠶᠣᠨ》 11 ᠭᠡᠪᠡ᠃ ᠤᠴᠢᠷ ᠨᠢ ᠡᠨᠡ ᠬᠥᠮᠦᠨ ᠳᠦ ᠣᠯᠠᠨ ᠴᠢᠳᠬᠥᠷ ᠣᠷᠣᠰᠢᠭᠰᠠᠨ ᠪᠠᠢᠵᠠᠢ᠃ 31 ᠴᠢᠳᠬᠥᠷ ᠤᠳ ᠥᠪᠡᠷᠰᠡᠳ ᠢ ᠨᠢ ᠢᠷᠤᠭᠠᠷ ᠦᠭᠡᠢ ᠨᠦᠬᠡᠨ ᠳᠦ ᠣᠷᠣ ᠭᠡᠵᠦ ᠪᠦᠦ ᠵᠠᠷᠯᠢᠭᠳᠠᠭᠠᠴᠢ ᠬᠡᠮᠡᠨ ᠢᠰᠦ᠋ᠰ ᠡᠴᠡ ᠭᠤᠶᠤᠭᠰᠠᠭᠠᠷ ᠪᠠᠢᠯ᠎ᠠ᠃
32 ᠶᠠᠭ ᠲᠡᠷᠡ ᠦᠶ᠎ᠡ ᠳᠦ᠂ ᠠᠭᠤᠯᠠᠨ ᠳᠤ ᠰᠦᠷᠦᠭ ᠭᠠᠬᠠᠢ ᠢᠳᠡᠰᠢᠯᠡᠵᠦ ᠪᠠᠢᠵᠠᠢ᠃ ᠴᠢᠳᠬᠥᠷ ᠤᠳ ᠭᠠᠬᠠᠢ ᠶᠢᠨ ᠰᠦᠷᠦᠭ ᠲᠦ ᠣᠷᠣᠬᠤ ᠵᠥᠪᠰᠢᠶᠡᠷᠡᠯ ᠭᠤᠶᠤᠭᠰᠠᠨ ᠳᠤ᠂ ᠢᠰᠦ᠋ᠰ ᠵᠥᠪᠰᠢᠶᠡᠷᠡᠪᠡ᠃ 33 ᠴᠢᠳᠬᠥᠷ ᠤᠳ ᠲᠡᠷᠡ ᠬᠥᠮᠦᠨ ᠡᠴᠡ ᠭᠠᠷᠴᠤ ᠭᠠᠬᠠᠢ ᠤᠷᠤᠭᠤ ᠣᠷᠣᠵᠠᠢ᠃ ᠰᠦᠷᠦᠭ ᠭᠠᠬᠠᠢ ᠤᠷᠤᠭᠤᠳᠤᠨ ᠭᠦᠶᠦᠯᠳᠦᠭᠰᠡᠭᠡᠷ ᠨᠠᠭᠤᠷ ᠲᠤ ᠤᠨᠠᠨ ᠵᠢᠪᠴᠡᠢ᠃
34 ᠭᠠᠬᠠᠢᠴᠢᠳ ᠶᠠᠭᠤ ᠪᠣᠯᠣᠭᠰᠠᠨ ᠢ ᠬᠠᠷᠠᠭᠠᠳ ᠳᠤᠲᠠᠭᠠᠵᠤ᠂ ᠡᠭᠦᠨ ᠢ ᠭᠠᠴᠠᠭ᠎ᠠ ᠲᠣᠰᠬᠣᠨ ᠢᠶᠠᠷ ᠳᠤᠭᠤᠯᠭᠠᠪᠠ᠃ 35 ᠬᠥᠮᠦᠰ ᠡᠨᠡ ᠶᠠᠪᠤᠳᠠᠯ ᠢ ᠦᠵᠡᠬᠦ ᠪᠡᠷ ᠢᠰᠦ᠋ᠰ ᠤᠷᠤᠭᠤ ᠢᠷᠡᠭᠡᠳ ᠴᠢᠳᠬᠥᠷ ᠡᠴᠡ ᠪᠡᠨ ᠰᠠᠯᠤᠭᠰᠠᠨ ᠥᠨᠥᠬᠢ ᠬᠥᠮᠦᠨ ᠦ ᠬᠤᠪᠴᠠᠰᠤ ᠲᠠᠢ᠂ ᠡᠷᠡᠭᠦᠯ ᠰᠠᠷᠠᠭᠤᠯ ᠪᠣᠯᠵᠤ ᠢᠰᠦ᠋ᠰ ᠤᠨ ᠬᠥᠯ ᠦᠨ ᠬᠠᠵᠠᠭᠤ ᠳᠤ ᠰᠠᠭᠤᠵᠤ ᠪᠠᠢᠭ᠎ᠠ ᠶᠢ ᠣᠯᠵᠤ ᠦᠵᠡᠭᠡᠳ ᠠᠶᠤᠵᠠᠭᠠᠪᠠ᠃ 36 ᠡᠨᠡ ᠶᠠᠪᠤᠳᠠᠯ ᠢ ᠦᠵᠡᠭᠰᠡᠨ ᠬᠥᠮᠦᠰ ᠴᠢᠳᠬᠥᠷ ᠣᠷᠣᠰᠢᠭᠰᠠᠨ ᠬᠥᠮᠦᠨ ᠦ ᠶᠠᠭᠠᠬᠢᠵᠤ ᠠᠪᠤᠷᠠᠭᠳᠠᠭᠰᠠᠨ ᠢ ᠣᠯᠠᠨ ᠳᠤ ᠳᠤᠭᠤᠯᠭᠠᠪᠠ᠃ 37 ᠭᠧᠷᠠᠰᠴᠤᠳ ᠤᠨ ᠨᠤᠲᠤᠭ ᠤᠨ ᠣᠢᠷ᠎ᠠ ᠣᠷᠴᠢᠮ ᠤᠨ ᠬᠢᠨ ᠪᠦᠭᠦᠳᠡᠭᠡᠷ ᠶᠡᠬᠡᠳᠡ ᠠᠶᠤᠵᠤ᠂ ᠲᠡᠨᠳᠡ ᠡᠴᠡ ᠵᠠᠢᠯᠠᠬᠤ ᠶᠢ ᠨᠢ ᠢᠰᠦ᠋ᠰ ᠡᠴᠡ ᠭᠤᠶᠤᠭᠰᠠᠨ ᠳᠤ᠂ ᠲᠡᠷᠡ ᠣᠩ᠋ᠭᠣᠴᠠᠨ ᠳᠡᠭᠡᠷ᠎ᠡ ᠪᠡᠨ ᠭᠠᠷᠴᠤ ᠪᠤᠴᠠᠬᠤ ᠪᠠᠷ ᠪᠣᠯᠪᠠ᠃ 38 ᠴᠢᠳᠬᠥᠷ ᠡᠴᠡ ᠰᠠᠯᠤᠭᠰᠠᠨ ᠲᠡᠷᠡ ᠬᠥᠮᠦᠨ ᠢᠰᠦ᠋ᠰ ᠲᠠᠢ ᠬᠠᠮᠲᠤ ᠪᠠᠢᠬᠤ ᠶᠢ ᠬᠦᠰᠡᠭᠰᠡᠨ ᠪᠣᠯᠪᠠᠴᠤ ᠢᠰᠦ᠋ᠰ᠄ 39 《ᠭᠡᠷ ᠲᠡᠭᠡᠨ ᠬᠠᠷᠢ᠂ ᠪᠤᠷᠬᠠᠨ ᠴᠢᠮ᠎ᠠ ᠳᠤ ᠬᠡᠷᠬᠢᠨ ᠬᠠᠨᠳᠤᠭᠰᠠᠨ ᠢ ᠶᠠᠷᠢ》 ᠭᠡᠳ ᠲᠡᠭᠦᠨ ᠢ ᠶᠠᠪᠤᠭᠤᠯᠵᠠᠢ᠃ ᠡᠢᠨ ᠬᠦ ᠲᠡᠷᠡ ᠶᠠᠪᠤᠭᠠᠳ ᠢᠰᠦ᠋ᠰ ᠥᠪᠡᠷ ᠲᠤᠨᠢ ᠬᠡᠷᠬᠢᠨ ᠬᠠᠨᠳᠤᠭᠰᠠᠨ ᠢ ᠲᠣᠰᠬᠣᠨ ᠳᠠᠶᠠᠭᠠᠷ ᠲᠤ ᠲᠤᠩ᠋ᠬᠠᠭᠯᠠᠵᠤ ᠪᠠᠢᠯ᠎ᠠ᠃
ᠭᠠᠢᠬᠠᠮᠰᠢᠭᠲᠤ ᠡᠳᠡᠭᠡᠷᠡᠭᠦᠯᠦᠯᠲᠡ
40 ᠢᠰᠦ᠋ᠰ ᠪᠤᠴᠠᠵᠤ ᠢᠷᠡᠬᠦ ᠳᠦ᠂ ᠣᠯᠠᠨ ᠬᠥᠮᠦᠨ ᠤᠭᠳᠤᠵᠤ ᠠᠪᠴᠠᠢ᠃ ᠲᠡᠳᠡ ᠪᠦᠭᠦᠳᠡᠭᠡᠷ ᠲᠡᠭᠦᠨ ᠢ ᠬᠦᠯᠢᠶᠡᠵᠦ ᠪᠠᠢᠭᠰᠠᠨ ᠶᠤᠮ᠃ 41 ᠬᠤᠷᠠᠯ ᠤᠨ ᠲᠠᠩᠬᠢᠮ ᠤᠨ ᠠᠬᠠᠯᠠᠭᠴᠢ ᠶᠠᠢᠷ ᠭᠡᠭᠴᠢ ᠬᠥᠮᠦᠨ ᠢᠷᠡᠭᠡᠳ ᠢᠰᠦ᠋ᠰ ᠤᠨ ᠬᠥᠯ ᠦᠨ ᠡᠮᠦᠨ᠎ᠡ ᠰᠥᠭᠥᠳᠴᠦ ᠭᠡᠷ ᠲᠤᠨᠢ ᠣᠴᠢᠬᠤ ᠶᠢ ᠭᠤᠶᠤᠪᠠ᠃ 42 ᠤᠴᠢᠷ ᠨᠢ᠂ ᠠᠷᠪᠠᠨ ᠬᠣᠶᠠᠷ ᠣᠷᠴᠢᠮ ᠨᠠᠰᠤᠲᠠᠢ ᠭᠠᠭᠴᠠ ᠥᠬᠢᠨ ᠨᠢ ᠦᠬᠦᠬᠦ ᠶᠢᠨ ᠳᠠᠪᠠᠭᠠᠨ ᠳᠡᠭᠡᠷ᠎ᠡ ᠪᠠᠢᠵᠠᠢ᠃ ᠢᠰᠦ᠋ᠰ ᠶᠠᠪᠤᠬᠤ ᠳᠤ᠂ ᠴᠤᠭᠯᠠᠷᠠᠭᠰᠠᠨ ᠣᠯᠠᠨ ᠲᠡᠭᠦᠨ ᠢ ᠬᠡᠢ ᠵᠠᠢ ᠦᠭᠡᠢ ᠰᠢᠬᠠᠵᠤ ᠪᠠᠢᠯ᠎ᠠ᠃ 43 ᠲᠡᠳᠡᠨ ᠦ ᠳᠤᠮᠳᠠ ᠠᠷᠪᠠᠨ ᠬᠣᠶᠠᠷ ᠵᠢᠯ ᠤᠨ ᠲᠤᠷᠰᠢ ᠴᠢᠰᠤ ᠪᠠᠭᠤᠯᠭᠠᠬᠤ ᠡᠪᠡᠳᠴᠢᠨ ᠲᠡᠢ ᠪᠠᠢᠭᠰᠠᠨ ᠨᠢᠭᠡᠨ ᠪᠦᠰᠡᠭᠦᠢ ᠪᠠᠢᠵᠠᠢ᠃ ᠲᠡᠷᠡ ᠠᠯᠢ ᠪᠠᠢᠳᠠᠭ ᠢᠶᠠᠨ ᠵᠠᠷᠤᠴᠠᠭᠤᠯᠵᠤ ᠡᠮᠴᠢᠯᠡᠭᠦᠯᠥᠭᠰᠡᠨ ᠪᠣᠯᠪᠠᠴᠤ ᠬᠡᠨ ᠴᠤ ᠲᠡᠭᠦᠨ ᠢ ᠡᠳᠡᠭᠡᠭᠡᠵᠦ ᠴᠢᠳᠠᠭᠰᠠᠨ ᠦᠭᠡᠢ᠃ 44 ᠲᠡᠷᠡ ᠪᠦᠰᠡᠭᠦᠢ ᠢᠰᠦ᠋ᠰ ᠤᠨ ᠠᠷᠤ ᠳᠤ ᠣᠢᠷᠠᠲᠤᠵᠤ ᠬᠤᠪᠴᠠᠰᠤᠨ ᠤ ᠬᠢᠨᠢ ᠬᠣᠷᠮᠣᠢ ᠳᠤ ᠭᠠᠷ ᠢᠶᠠᠨ ᠬᠦᠷᠭᠡᠲᠡᠯᠡ ᠴᠢᠰᠤ ᠪᠠᠭᠤᠬᠤ ᠨᠢ ᠲᠡᠷᠡ ᠳᠠᠷᠤᠢ ᠵᠣᠭᠰᠣᠪᠠ᠃ 45 ᠢᠰᠦ᠋ᠰ᠄ 《ᠬᠡᠨ ᠨᠠᠳᠠ ᠳᠤ ᠭᠠᠷ ᠢᠶᠠᠨ ᠬᠦᠷᠭᠡᠪᠡ︖》 ᠭᠡᠵᠦ ᠠᠰᠠᠭᠤᠭᠰᠠᠨ ᠳᠤ᠂ ᠪᠦᠭᠦᠳᠡᠭᠡᠷ᠄ 《ᠪᠢ ᠪᠢᠰᠢ》 ᠭᠡᠵᠡᠭᠡᠪᠡ᠃ ᠫᠧᠲ᠋ᠧᠷ ᠲᠡᠭᠦᠨ ᠳᠦ᠄ 《ᠪᠠᠭᠰᠢ ᠡ᠂ ᠡᠨᠡ ᠣᠯᠠᠨ ᠬᠥᠮᠦᠨ ᠲᠠᠨ ᠢ ᠪᠦᠴᠢᠨ ᠰᠢᠬᠠᠵᠤ ᠪᠠᠢᠨ᠎ᠠ ᠰᠢᠦ ᠳᠠ》 ᠭᠡᠬᠦ ᠳᠦ᠂ 46 ᠢᠰᠦ᠋ᠰ᠄ 《ᠬᠡᠨ ᠨᠢᠭᠡ ᠨᠢ ᠨᠠᠳᠠ ᠳᠤ ᠭᠠᠷ ᠢᠶᠠᠨ ᠬᠦᠷᠭᠡᠵᠡᠢ᠃ ᠨᠠᠳᠠ ᠠᠴᠠ ᠬᠦᠴᠦ ᠭᠠᠷᠤᠭᠰᠠᠨ ᠨᠢ ᠮᠡᠳᠡᠷᠡᠭᠳᠡᠯ᠎ᠡ》 ᠭᠡᠪᠡ᠃ 47 ᠲᠡᠷᠡ ᠡᠮᠡᠭᠲᠡᠢ ᠨᠢᠭᠤᠵᠤ ᠪᠣᠯᠬᠤ ᠦᠭᠡᠢ ᠪᠡᠨ ᠮᠡᠳᠡᠭᠡᠳ ᠴᠡᠴᠡᠷᠡᠭᠰᠡᠭᠡᠷ ᠢᠷᠡᠵᠦ ᠢᠰᠦ᠋ᠰ ᠤᠨ ᠡᠮᠦᠨ᠎ᠡ ᠰᠥᠭᠥᠳᠥᠨ᠂ ᠭᠠᠷ ᠢᠶᠠᠨ ᠬᠦᠷᠭᠡᠭᠰᠡᠨ ᠰᠢᠯᠲᠠᠭᠠᠨ ᠪᠠ ᠳᠠᠷᠤᠢᠬᠠᠨ ᠡᠳᠡᠭᠡᠷᠡᠭᠰᠡᠨ ᠢᠶᠡᠨ ᠬᠠᠮᠤᠭ ᠣᠯᠠᠨ ᠤ ᠡᠮᠦᠨ᠎ᠡ ᠶᠠᠷᠢᠯ᠎ᠠ᠃ 48 ᠢᠰᠦ᠋ᠰ ᠲᠡᠭᠦᠨ ᠳᠦ᠄ 《ᠥᠬᠢᠨ ᠮᠢᠨᠢ᠂ ᠢᠲᠡᠭᠡᠯ ᠴᠢᠨᠢ ᠴᠢᠮᠠᠶᠢ ᠠᠪᠤᠷᠠᠯ᠎ᠠ᠃ ᠠᠮᠤᠷ ᠲᠠᠢᠪᠤᠩ ᠶᠠᠪᠤᠭᠠᠷᠠᠢ》 ᠭᠡᠵᠡᠢ᠃
49 ᠲᠡᠷᠡ ᠡᠢᠨ ᠬᠦ ᠶᠠᠷᠢᠵᠤ ᠪᠠᠢᠲᠠᠯ᠎ᠠ ᠬᠤᠷᠠᠯ ᠤᠨ ᠲᠠᠩᠬᠢᠮ ᠤᠨ ᠠᠬᠠᠯᠠᠭᠴᠢ ᠶᠢᠨ ᠭᠡᠷ ᠡᠴᠡ ᠬᠥᠮᠦᠨ ᠢᠷᠡᠵᠦ᠄ 《ᠲᠠᠨ ᠤ ᠥᠬᠢᠨ ᠠᠮᠢ ᠲᠠᠯᠪᠢᠯ᠎ᠠ᠃ ᠪᠠᠭᠰᠢ ᠳᠤ ᠪᠢᠲᠡᠭᠡᠢ ᠲᠦᠪᠡᠭ ᠪᠣᠯᠣᠭᠠᠷᠠᠢ》 ᠭᠡᠪᠡ᠃ 50 ᠢᠰᠦ᠋ᠰ ᠡᠭᠦᠨ ᠢ ᠰᠣᠨᠣᠰᠣᠭᠠᠳ᠂ ᠶᠠᠢᠷ ᠲᠤ᠄ 《ᠪᠦᠦ ᠠᠶᠤ᠂ ᠵᠥᠪᠬᠡᠨ ᠢᠲᠡᠭᠡ᠂ ᠲᠡᠭᠡᠪᠡᠯ ᠥᠬᠢᠨ ᠴᠢᠨᠢ ᠡᠳᠡᠭᠡᠨ᠎ᠡ》 ᠭᠡᠯᠡ᠃ 51 ᠲᠡᠷᠡ ᠭᠡᠷ ᠲᠤᠨᠢ ᠬᠦᠷᠦᠭᠡᠳ ᠫᠧᠲ᠋ᠧᠷ᠂ ᠶᠣᠬᠠᠨ᠂ ᠶᠠᠺᠣᠪ ᠪᠣᠯᠣᠨ ᠥᠬᠢᠨ ᠤ ᠡᠴᠢᠭᠡ ᠡᠬᠡ ᠡᠴᠡ ᠥᠭᠡᠷ᠎ᠡ ᠬᠡᠨ ᠦ ᠴᠤ ᠣᠷᠣᠬᠤ ᠶᠢ ᠵᠥᠪᠰᠢᠶᠡᠷᠡᠭᠰᠡᠨ ᠦᠭᠡᠢ᠃ 52 ᠬᠥᠮᠦᠰ ᠴᠥᠮ ᠢᠶᠡᠷ ᠢᠶᠠᠨ ᠥᠬᠢᠨ ᠤ ᠬᠣᠢᠨ᠎ᠠ ᠠᠴᠠ ᠭᠠᠰᠢᠭᠤᠳᠠᠨ ᠤᠬᠢᠯᠠᠬᠤ ᠳᠤ᠂ ᠢᠰᠦ᠋ᠰ᠄ 《ᠪᠦᠦ ᠤᠬᠢᠯᠠ᠂ ᠲᠡᠷᠡ ᠦᠬᠦᠭᠡ ᠦᠭᠡᠢ᠂ ᠬᠠᠷᠢᠨ ᠤᠨᠲᠠᠵᠤ ᠪᠠᠢᠨ᠎ᠠ》 ᠭᠡᠵᠡᠢ᠃ 53 ᠲᠡᠳᠡ ᠥᠬᠢᠨ ᠤ ᠦᠬᠦᠭᠰᠡᠨ ᠢ ᠮᠡᠳᠡᠵᠦ ᠪᠠᠢᠭᠰᠠᠨ ᠲᠤᠯᠠ ᠢᠰᠦ᠋ᠰ ᠢ ᠡᠯᠡᠭᠯᠡᠪᠡ᠃ 54 ᠢᠰᠦ᠋ᠰ ᠥᠬᠢᠨ ᠤ ᠭᠠᠷ ᠠᠴᠠ ᠪᠠᠷᠢᠵᠤ᠄ 《ᠥᠬᠢᠨ ᠮᠢᠨᠢ᠂ ᠪᠣᠰ︕》 ᠭᠡᠵᠦ ᠳᠠᠭᠤᠳᠠᠭᠰᠠᠨ ᠳᠤ᠂ 55 ᠰᠦᠨᠡᠰᠦ ᠨᠢ ᠪᠤᠴᠠᠨ ᠢᠷᠡᠵᠦ ᠥᠬᠢᠨ ᠳᠣᠣᠷ᠎ᠠ ᠪᠠᠨ ᠪᠣᠰᠪᠠ᠃ ᠢᠰᠦ᠋ᠰ ᠥᠬᠢᠨ ᠳᠤ ᠢᠳᠡᠬᠦ ᠶᠠᠭᠤᠮ᠎ᠠ ᠥᠭᠬᠦ ᠶᠢ ᠵᠠᠬᠢᠪᠠ᠃ 56 ᠥᠬᠢᠨ ᠤ ᠡᠴᠢᠭᠡ ᠡᠬᠡ ᠪᠢᠰᠢᠷᠡᠪᠡ᠃ ᠡᠨᠡ ᠶᠠᠪᠤᠳᠠᠯ ᠤᠨ ᠲᠤᠬᠠᠢ ᠬᠡᠨ ᠳᠦ ᠴᠤ ᠶᠠᠷᠢᠵᠤ ᠪᠣᠯᠬᠤ ᠦᠭᠡᠢ ᠭᠡᠵᠦ ᠢᠰᠦ᠋ᠰ ᠲᠡᠳᠡᠨ ᠳᠦ ᠵᠠᠬᠢᠯ᠎ᠠ᠃