ᠵᠦᠢᠷ ᠮᠡᠷᠭᠡᠨ ᠦᠭᠡᠰ ᠵᠢᠷᠭᠤᠭ᠎ᠠ
ᠮᠤᠩ᠋ᠬᠠᠭᠯᠠᠯ ᠠᠴᠠ ᠵᠠᠢᠯᠠ
1 ᠬᠦᠦ ᠮᠢᠨᠢ ᠴᠢ ᠬᠡᠷᠪᠡ ᠠᠨᠳᠠ ᠪᠠᠨ ᠪᠠᠲᠤᠯᠠᠨ ᠳᠠᠭᠠᠭᠠᠭᠰᠠᠨ ᠪᠣᠯ ᠭᠠᠳᠠᠨ᠎ᠠ ᠶᠢᠨ ᠬᠥᠮᠦᠨ ᠦ ᠲᠥᠯᠥᠭᠡ ᠭᠠᠷ ᠪᠠᠷᠢᠵᠤ ᠠᠮᠠᠯᠠᠭᠰᠠᠨ ᠪᠣᠯ
2 ᠠᠮᠠ ᠠᠯᠳᠠᠭᠰᠠᠨ ᠦᠭᠡᠨ ᠳᠡᠭᠡᠨ ᠤᠷᠢᠶᠠᠴᠠᠯᠳᠤᠵᠤ ᠠᠮᠠᠨ ᠠᠴᠠ ᠪᠠᠨ ᠪᠣᠯᠵᠤ ᠥᠪᠡᠷ ᠢ ᠪᠠᠨ ᠣᠯᠵᠠᠯᠠᠭᠤᠯᠤᠭᠰᠠᠨ ᠬᠡᠷᠡᠭ᠃
3 ᠬᠦᠦ ᠮᠢᠨᠢ ᠴᠢ ᠡᠢᠨ ᠬᠦ ᠠᠨᠳᠠ ᠶᠢᠨ ᠢᠶᠠᠨ ᠭᠠᠷ ᠲᠤ ᠣᠷᠣᠭᠰᠠᠨ ᠲᠤᠯᠠ ᠳᠠᠷᠠᠭᠠᠬᠢ ᠶᠣᠰᠣᠭᠠᠷ ᠶᠠᠪᠤᠵᠤ ᠥᠪᠡᠷ ᠢ ᠪᠠᠨ ᠴᠢᠯᠥᠭᠡᠯᠡ ᠳᠠᠷᠤᠤᠬᠠᠨ ᠭᠤᠶᠤᠵᠤ ᠠᠨᠳᠠ ᠪᠠᠨ ᠱᠠᠯᠠ
4 ᠨᠢᠳᠦ ᠪᠡᠨ ᠨᠣᠢᠷ ᠲᠤ ᠠᠯᠳᠠᠯ ᠦᠭᠡᠢ ᠵᠣᠪᠬᠢ ᠪᠠᠨ ᠵᠡᠭᠦᠷᠮᠡᠭᠯᠡᠯ ᠳᠦ ᠠᠪᠲᠠᠭᠤᠯᠤᠯ ᠦᠭᠡᠢ
5 ᠠᠪᠠ ᠠᠴᠠ ᠴᠣᠢᠯᠤᠭᠰᠠᠨ ᠭᠥᠷᠥᠭᠡᠰᠦ ᠰᠢᠭ ᠠᠩᠴᠢᠨ ᠠᠴᠠ ᠵᠠᠢᠯᠠᠭᠰᠠᠨ ᠰᠢᠪᠠᠭᠤ ᠰᠢᠭ᠋ ᠠᠮᠢ ᠪᠠᠨ ᠠᠪᠴᠤ ᠭᠠᠷ᠃
6 ᠠᠯᠬᠠᠭ 6 ᠴᠢ ᠰᠢᠷᠭᠤᠯᠵᠢ ᠤᠷᠤᠭᠤ ᠶᠠᠪᠤ ᠠᠵᠢᠯ ᠢ ᠨᠢ ᠠᠵᠢᠵᠤ ᠮᠡᠷᠭᠡᠨ ᠪᠣᠯ᠂
7 ᠳᠠᠷᠤᠭ᠎ᠠ᠂ ᠳᠠᠭᠠᠭᠠᠮᠠᠯ᠂ ᠳᠠᠭᠠᠭᠤᠯᠬᠤ ᠵᠠᠬᠢᠷᠤᠭᠴᠢ ᠦᠭᠡᠢ ᠴᠤ ᠲᠡᠷᠡ
8 ᠵᠤᠨ ᠢᠶᠠᠷ ᠬᠣᠭᠣᠯᠠ ᠪᠠᠨ ᠪᠠᠵᠠᠭᠠᠨ᠎ᠠ ᠬᠤᠷᠢᠶᠠᠯᠲᠠ ᠪᠠᠷ ᠬᠦᠨᠡᠰᠦ ᠪᠡᠨ ᠬᠤᠷᠢᠶᠠᠨ᠎ᠠ᠃
9 ᠬᠡᠳᠦᠢ ᠬᠦᠷᠲᠡᠯ᠎ᠡ ᠬᠡᠪᠲᠡᠬᠦ ᠪᠤᠢ︖ ᠬᠣᠢᠷᠭᠣ ᠮᠢᠨᠢ ᠬᠡᠵᠢᠶ᠎ᠡ ᠨᠣᠢᠷ ᠠᠴᠠ ᠪᠠᠨ ᠰᠡᠷᠢᠬᠦ ᠶᠤᠮ ᠪᠤᠢ︖
10 《ᠲᠦᠷ ᠵᠠᠭᠤᠷ᠎ᠠ ᠤᠨᠲᠠᠭᠠᠲᠠᠬᠠᠶᠠ᠂ ᠲᠦᠷ ᠵᠠᠭᠤᠷ᠎ᠠ ᠳᠤᠭ ᠬᠢᠭᠡᠳᠡᠭᠡᠶᠡ ᠲᠦᠷ ᠭᠠᠷ ᠬᠤᠮᠬᠢᠵᠤ ᠬᠡᠪᠲᠡᠭᠡᠳᠡᠬᠡᠶᠡ》
11 ᠶᠠᠳᠠᠭᠤᠷᠠᠯ ᠨᠢ ᠲᠡᠨᠦᠭᠦᠯᠴᠢᠨ ᠰᠢᠭ ᠦᠭᠡᠶᠢᠷᠡᠯ ᠨᠢ ᠵᠡᠪᠰᠡᠭᠲᠡᠨ ᠰᠢᠭ ᠢᠷᠡᠨ᠎ᠡ ᠪᠤᠢ᠃
12 ᠪᠦᠲᠦᠯ ᠦᠭᠡᠢ ᠬᠥᠮᠦᠨ᠂ ᠭᠡᠮ ᠲᠡᠢ ᠡᠷ᠎ᠡ ᠭᠡᠪᠡᠰᠦ ᠪᠤᠯᠠᠢ ᠮᠠᠭᠤ ᠶᠢ ᠠᠮᠠᠯᠠᠨ ᠶᠠᠪᠤᠵᠤ
13 ᠨᠢᠳᠦ ᠪᠡᠨ ᠢᠷᠮᠡᠵᠦ᠂ ᠬᠥᠯ ᠢᠶᠡᠷ ᠢᠶᠠᠨ ᠳᠣᠬᠢᠵᠤ᠂ ᠬᠤᠷᠤᠭᠤ ᠪᠠᠷ ᠢᠶᠠᠨ ᠵᠢᠭᠠᠵᠤ
14 ᠭᠠᠵᠢᠭᠤ ᠰᠠᠨᠠᠭ᠎ᠠ ᠪᠠᠷ ᠬᠡᠵᠢᠶᠡᠳᠡ ᠮᠠᠭᠤ ᠶᠢ ᠰᠡᠳᠦᠭᠰᠡᠭᠡᠷ ᠬᠡᠷᠡᠭᠦᠯ ᠮᠠᠷᠭᠤᠭᠠᠨ ᠳᠡᠭᠳᠡᠭᠡᠭᠰᠡᠭᠡᠷ ᠪᠠᠢᠬᠤ ᠳᠤ᠂
15 ᠭᠠᠢ ᠭᠠᠮᠰᠢᠭ ᠭᠡᠨᠡᠳᠲᠡ ᠲᠡᠭᠦᠨ ᠳᠦ ᠢᠷᠡᠨ᠎ᠡ ᠭᠱᠠᠨ ᠵᠠᠭᠤᠷ᠎ᠠ ᠨᠤᠷᠠᠵᠤ᠂ ᠰᠡᠷᠭᠦᠬᠦ ᠦᠭᠡᠢ᠃
16 ᠡᠳᠡᠭᠡᠷ ᠵᠢᠷᠭᠤᠭ᠎ᠠ ᠶᠢ ᠶᠣᠬᠣᠸᠠ ᠦᠵᠡᠨ ᠶᠠᠳᠠᠵᠤ ᠡᠨᠡ ᠬᠦ ᠳᠣᠯᠣᠭ᠎ᠠ ᠶᠢ ᠰᠡᠳᠬᠢᠯ ᠳᠡᠭᠡᠨ ᠵᠢᠭ᠍ᠰᠢᠳᠡᠭ᠄
17 ᠳᠡᠭᠡᠭᠦᠷ ᠬᠠᠷᠠᠴᠠ ᠬᠤᠳᠠᠯᠴᠢ ᠬᠡᠯᠡ ᠭᠡᠮ ᠦᠭᠡᠢ ᠴᠢᠰᠤ ᠶᠢ ᠤᠷᠤᠰᠬᠠᠭᠴᠢ ᠭᠠᠷ
18 ᠬᠣᠷᠣᠨ ᠮᠠᠭᠤ ᠪᠣᠳᠣᠯ ᠢ ᠰᠡᠳᠦᠭᠴᠢ ᠵᠢᠷᠦᠬᠡ ᠬᠣᠣᠷ ᠲᠠᠢ ᠮᠠᠭᠤ ᠤᠷᠤᠭᠤ ᠬᠤᠷᠳᠤᠨ ᠭᠦᠶᠦᠭᠴᠢ ᠬᠥᠯ
19 ᠬᠤᠳᠠᠯ ᠢ ᠦᠯᠢᠶᠡᠬᠦ ᠬᠠᠭᠤᠷᠮᠠᠴᠢ ᠭᠡᠷᠡᠴᠢ ᠠᠬ᠎ᠠ ᠳᠡᠭᠦᠦ ᠶᠢᠨ ᠳᠤᠮᠳᠠ ᠮᠠᠷᠭᠤᠭᠠᠨ ᠲᠠᠷᠢᠭᠴᠢ᠃
20 ᠬᠦᠦ ᠮᠢᠨᠢ᠂ ᠡᠴᠢᠭᠡ ᠶᠢᠨ ᠢᠶᠠᠨ ᠲᠤᠰᠢᠶᠠᠯ ᠢ ᠰᠠᠬᠢ ᠡᠬᠡ ᠶᠢᠨ ᠢᠶᠠᠨ ᠰᠤᠷᠭᠠᠯ ᠢ ᠪᠦᠦ ᠣᠷᠬᠢ
21 ᠡᠭᠦᠨ ᠢ ᠵᠢᠷᠦᠬᠡᠨ ᠳᠡᠭᠡᠨ ᠦᠷᠭᠦᠯᠵᠢ ᠵᠠᠩᠬᠢᠯᠠ ᠥᠪᠡᠷ ᠦᠨ ᠢᠶᠠᠨ ᠬᠦᠵᠦᠭᠦᠨ ᠳᠦ ᠵᠠᠩᠭᠢᠳ
22 ᠬᠡᠰᠦᠬᠦ ᠳᠦ ᠴᠢᠨᠢ ᠴᠢᠮᠠᠶᠢ ᠤᠳᠤᠷᠢᠳᠤᠨ᠎ᠠ ᠬᠡᠪᠲᠡᠬᠦ ᠳᠦ ᠴᠢᠨᠢ ᠴᠢᠮᠠᠶᠢ ᠬᠠᠷᠠᠭᠤᠯᠳᠠᠨ᠎ᠠ ᠰᠡᠷᠢᠬᠦ ᠳᠦ ᠴᠢᠨᠢ ᠴᠢᠮ᠎ᠠ ᠲᠠᠢ ᠶᠠᠷᠢᠯᠴᠠᠨ᠎ᠠ᠂
23 ᠲᠡᠷᠡ ᠲᠤᠰᠢᠶᠠᠯ ᠪᠣᠯ ᠳ᠋ᠧᠩ ᠡᠨᠡ ᠬᠠᠤᠯᠢ ᠪᠣᠯ ᠭᠡᠷᠡᠯ ᠵᠢᠭᠠᠪᠤᠷᠢ᠂ ᠵᠢᠮᠡᠯᠡᠯ ᠨᠢ ᠠᠮᠢ ᠶᠢᠨ ᠵᠠᠮ ᠪᠢᠯᠡ᠂
24 ᠬᠠᠷ᠎ᠠ ᠮᠠᠭᠤ ᠡᠮ᠎ᠡ ᠡᠴᠡ ᠬᠠᠷᠢ ᠡᠮ᠎ᠡ ᠶᠢᠨ ᠤᠷᠠᠨ ᠬᠡᠯᠡᠨ ᠡᠴᠡ ᠬᠠᠮᠠᠭᠠᠯᠠᠬᠤ ᠪᠣᠯᠣᠨ᠎ᠠ᠂ ᠴᠢᠮᠠᠶᠢ᠂
25 ᠵᠢᠷᠦᠬᠡᠨ ᠳᠡᠭᠡᠨ ᠦᠵᠡᠰᠬᠦᠯᠡᠩ ᠢ ᠨᠢ ᠪᠦᠦ ᠬᠦᠰᠡ ᠵᠣᠪᠬᠢᠨ ᠳᠦᠨᠢ ᠥᠪᠡᠷ ᠢ ᠪᠠᠨ ᠪᠦᠦ ᠡᠵᠡᠮᠳᠡᠭᠦᠯ᠂
26 ᠶᠠᠩ᠋ᠬᠠᠨ ᠡᠮ᠎ᠡ ᠡᠴᠡ ᠪᠣᠯᠵᠤ ᠴᠢ ᠵᠦᠰᠦᠮ ᠲᠠᠯᠬ᠎ᠠ ᠰᠢᠭ᠋ ᠪᠣᠯᠣᠨ᠎ᠠ ᠪᠤᠰᠤᠳ ᠤᠨ ᠡᠮ᠎ᠡ ᠴᠢᠨᠦ ᠠᠯᠲᠠᠨ ᠠᠮᠢ ᠶᠢ ᠠᠪᠠᠯᠠᠨ᠎ᠠ᠂
27 ᠭᠠᠯ ᠡᠪᠦᠷᠯᠡᠭᠰᠡᠨ ᠬᠥᠮᠦᠨ ᠳᠡᠪᠡᠯ ᠢᠶᠡᠨ ᠰᠢᠲᠠᠭᠠᠬᠤ ᠦᠭᠡᠢ ᠭᠡᠵᠦ ᠪᠠᠢᠨ᠎ᠠ ᠤᠤ︖
28 ᠬᠠᠯᠠᠭᠤᠨ ᠨᠤᠷᠮ᠎ᠠ ᠳᠣᠭᠣᠴᠠᠭᠰᠠᠨ ᠬᠥᠮᠦᠨ ᠬᠥᠯ ᠢᠶᠡᠨ ᠲᠦᠯᠡᠬᠦ ᠦᠭᠡᠢ ᠭᠡᠵᠦ ᠪᠠᠢᠨ᠎ᠠ ᠤᠤ︖
29 ᠬᠥᠷᠰᠢ ᠶᠢᠨ ᠢᠶᠠᠨ ᠡᠬᠡᠨᠡᠷ ᠲᠦ ᠣᠷᠣᠭᠰᠠᠨ ᠬᠥᠮᠦᠨ ᠡᠭᠦᠨ ᠯᠦᠭᠡ ᠠᠳᠠᠯᠢ ᠪᠣᠯᠣᠨ᠎ᠠ ᠲᠡᠭᠦᠨ ᠳᠦᠨᠢ ᠬᠦᠷᠦᠭᠰᠡᠨ ᠬᠡᠨ ᠴᠤ ᠭᠡᠮ ᠦᠭᠡᠢ ᠳᠦ ᠡᠰᠡ ᠲᠣᠭᠠᠴᠠᠭᠳᠠᠨ᠎ᠠ᠂
30 ᠥᠯ ᠢᠶᠡᠨ ᠳᠠᠷᠤᠬᠤ ᠭᠡᠵᠦ ᠬᠤᠯᠠᠭᠠᠢᠯᠠᠭᠰᠠᠨ ᠬᠤᠯᠠᠭᠠᠢᠴᠢ ᠶᠢ ᠬᠥᠮᠦᠰ ᠪᠠᠰᠤᠮᠵᠢᠯᠠᠬᠤ ᠦᠭᠡᠢ᠂
31 ᠪᠠᠷᠢᠭᠳᠠᠬᠤ ᠶᠢᠨ ᠴᠠᠭ ᠲᠠᠭᠠᠨ ᠲᠡᠷᠡ ᠳᠣᠯᠣᠭ᠎ᠠ ᠨᠤᠭᠤᠯᠤᠨ ᠲᠥᠯᠥᠵᠦ ᠭᠡᠷ ᠦᠨ ᠢᠶᠠᠨ ᠪᠠᠢᠳᠠᠭ ᠬᠥᠷᠥᠩᠭᠡ ᠶᠢ ᠥᠭᠬᠦ ᠳᠦ ᠬᠦᠷᠦᠨ᠎ᠡ
32 ᠡᠢᠨ ᠬᠦ ᠡᠮ᠎ᠡ ᠲᠠᠢ ᠵᠠᠪᠬᠠᠢᠷᠠᠭᠴᠢ ᠨᠢ ᠤᠬᠠᠭᠠᠨ ᠳᠤᠲᠠᠭᠤ ᠢᠩᠭᠢᠭᠰᠡᠨ ᠢᠶᠡᠷ ᠢᠶᠠᠨ ᠲᠡᠷᠡ ᠠᠮᠢ ᠪᠠᠨ ᠪᠠᠯᠠᠯᠤᠨ᠎ᠠ᠂
33 ᠰᠢᠷᠬᠠᠲᠤᠵᠤ ᠰᠢᠪᠰᠢᠭ ᠪᠣᠯᠣᠨ᠎ᠠ ᠢᠴᠢᠭᠦᠷᠢ ᠨᠢ ᠠᠷᠢᠯᠬᠤ ᠦᠭᠡᠢ ᠪᠣᠯᠣᠨ᠎ᠠ᠂
34 ᠤᠴᠢᠷ ᠨᠢ ᠬᠠᠷᠠᠳᠠᠯᠭ᠎ᠠ ᠪᠠᠷ ᠡᠷ᠎ᠡ ᠬᠥᠮᠦᠨ ᠠᠭᠤᠷᠯᠠᠨ᠎ᠠ ᠥᠰᠢᠶ᠎ᠡ ᠠᠪᠬᠤ ᠡᠳᠦᠷ ᠢᠶᠡᠨ ᠥᠷᠥᠰᠢᠶᠡᠨ᠎ᠡ ᠭᠡᠵᠦ ᠦᠭᠡᠢ᠂
35 ᠲᠡᠷᠡ ᠲᠥᠯᠥᠭᠡᠰᠦ ᠴᠤ ᠠᠪᠬᠤ ᠦᠭᠡᠢ ᠲᠦᠮᠡᠨ ᠪᠡᠯᠡᠭ ᠢ ᠴᠤ ᠲᠠᠭᠠᠯᠠᠬᠤ ᠦᠭᠡᠢ᠃