ᠵᠦᠢᠷ ᠮᠡᠷᠭᠡᠨ ᠦᠭᠡᠰ ᠬᠣᠷᠢᠨ ᠨᠢᠭᠡ
1 ᠶᠣᠬᠣᠸᠠ ᠶᠢᠨ ᠮᠤᠲᠤᠷ ᠲᠤ ᠬᠠᠭᠠᠨ ᠤ ᠵᠢᠷᠦᠬᠡ ᠤᠰᠤᠨ ᠤ ᠤᠷᠤᠰᠬᠠᠯ ᠲᠡᠷᠡ ᠲᠡᠭᠦᠨ ᠢ ᠲᠠᠭᠠᠯᠠᠭᠰᠠᠨ ᠵᠦᠭ ᠲᠡᠭᠡᠨ ᠴᠢᠭᠯᠡᠭᠦᠯᠦᠨ᠎ᠡ᠃
2 ᠬᠥᠮᠦᠨ ᠦ ᠵᠠᠮ ᠪᠣᠯᠭᠠᠨ ᠥᠪᠡᠷ ᠦᠨ ᠬᠢᠨᠢ ᠨᠢᠳᠦᠨ ᠳᠦ ᠴᠢᠭ᠍ᠴᠢ ᠭᠡᠪᠡᠴᠦ ᠵᠢᠷᠦᠬᠡ ᠶᠢ ᠰᠢᠯᠭᠠᠭᠴᠢ ᠨᠢ ᠶᠣᠬᠣᠸᠠ᠃
3 ᠵᠥᠪ ᠪᠠ ᠰᠢᠳᠤᠷᠭᠤ ᠦᠢᠯᠡ ᠨᠢ ᠲᠠᠬᠢᠯ ᠠᠴᠠ ᠴᠤ ᠢᠯᠡᠭᠦᠦ ᠪᠡᠷ ᠶᠣᠬᠣᠸᠠ ᠳᠤ ᠲᠠᠭᠠᠯᠠᠮᠵᠢᠲᠠᠢ᠃
4 ᠶᠡᠬᠡᠮᠰᠦᠭ ᠬᠠᠷᠠᠴᠠ᠂ ᠪᠠᠷᠳᠠᠮ ᠵᠢᠷᠦᠬᠡ᠂ ᠪᠤᠷᠤᠭᠤᠲᠠᠨ ᠤ ᠳ᠋ᠧᠩ ᠨᠢ ᠨᠢᠭᠦᠯ᠃
5 ᠠᠵᠢᠯᠰᠠᠭ ᠤᠨ ᠲᠥᠯᠥᠪᠯᠡᠭᠡ ᠯᠠᠪᠲᠠᠢ ᠡᠯᠪᠡᠭ 22 ᠢ ᠠᠪᠴᠢᠷᠠᠨ᠎ᠠ᠂ ᠶᠠᠭᠠᠷᠠᠭᠴᠢ ᠪᠣᠯᠭᠠᠨ ᠯᠠᠪᠲᠠᠢ ᠶᠠᠳᠠᠭᠤᠷᠠᠯ ᠳᠤ ᠬᠦᠷᠦᠨ᠎ᠡ᠃
6 ᠵᠠᠯᠢᠲᠤ ᠬᠡᠯᠡ ᠪᠡᠷ ᠬᠥᠷᠥᠩᠭᠡ ᠬᠤᠷᠢᠶᠠᠬᠤ ᠨᠢ ᠵᠠᠮᠬᠠᠷᠠᠬᠤ ᠮᠠᠨᠠᠨ᠂ ᠦᠬᠦᠯ ᠦᠨ ᠤᠷᠠᠬ᠎ᠠ᠃
7 ᠵᠥᠪ ᠢ ᠦᠢᠯᠡᠳᠬᠦ ᠳᠤᠷ᠎ᠠ ᠦᠭᠡᠢ ᠪᠤᠷᠤᠭᠤᠲᠠᠨ ᠬᠦᠴᠦᠷᠬᠡᠭᠯᠡᠯ ᠳᠡᠭᠡᠨ ᠰᠥᠨᠥᠨ᠎ᠡ᠃
8 ᠭᠡᠮᠲᠦ ᠬᠥᠮᠦᠨ ᠦ ᠵᠠᠮ ᠬᠠᠵᠠᠭᠠᠢ ᠭᠡᠮ ᠦᠭᠡᠢ ᠶᠢᠨ ᠦᠢᠯᠡᠰ ᠴᠢᠭ᠍ᠴᠢ᠃
9 ᠬᠡᠷᠡᠭᠦᠯᠴᠢ ᠡᠬᠡᠨᠡᠷ ᠲᠡᠢ ᠨᠢᠭᠡ ᠭᠡᠷ ᠲᠦ ᠰᠠᠭᠤᠬᠤ ᠠᠴᠠ ᠳᠡᠭᠡᠪᠦᠷ ᠦᠨ ᠪᠤᠯᠤᠩ ᠳᠤ ᠠᠮᠢᠳᠤᠷᠠᠭᠰᠠᠨ ᠨᠢ ᠳᠡᠭᠡᠷ᠎ᠡ᠃
10 ᠪᠤᠷᠤᠭᠤᠲᠠᠨ ᠮᠠᠭᠤ ᠶᠢ ᠬᠦᠰᠡᠳᠡᠭ ᠬᠥᠷᠰᠢ ᠨᠢ ᠲᠡᠭᠦᠨ ᠦ ᠨᠢᠳᠦᠨ ᠳᠦ ᠲᠠᠭᠠᠯᠠᠭᠳᠠᠬᠤ ᠦᠭᠡᠢ᠃
11 ᠪᠠᠰᠤᠮᠵᠢᠯᠠᠭᠴᠢ ᠭᠡᠰᠬᠡᠭᠳᠡᠬᠦ ᠳᠦ᠂ ᠭᠡᠨᠡᠨ ᠬᠥᠮᠦᠨ ᠮᠡᠷᠭᠡᠨ ᠪᠣᠯᠣᠨ᠎ᠠ ᠮᠡᠷᠭᠡᠨ ᠨᠢ ᠰᠤᠷᠭᠠᠬᠤ ᠳᠠᠭᠠᠨ ᠮᠡᠳᠡᠯᠭᠡ ᠶᠢ ᠣᠯᠣᠨ᠎ᠠ᠃
12 ᠵᠥᠪᠲᠦ ᠨᠢᠭᠡᠨ ᠨᠢ ᠪᠤᠷᠤᠭᠤᠲᠠᠳ ᠤᠨ ᠭᠡᠷ ᠢ ᠠᠩ᠋ᠬᠠᠷᠤᠭᠰᠠᠨ ᠢᠶᠠᠨ ᠪᠤᠷᠤᠭᠤᠲᠠᠳ ᠢ ᠰᠦᠢᠷᠡᠯ ᠤᠷᠤᠭᠤ ᠬᠠᠶᠠᠨ᠎ᠠ᠃
13 ᠶᠠᠳᠠᠭᠤ ᠶᠢᠨ ᠬᠠᠰᠬᠢᠷᠤᠭᠠᠨ ᠳᠤ ᠴᠢᠬᠢ ᠪᠠᠨ ᠲᠠᠭᠯᠠᠭᠴᠢ ᠨᠢ ᠥᠪᠡᠷ ᠢᠶᠡᠨ ᠬᠠᠰᠬᠢᠷᠪᠠᠴᠤ ᠬᠠᠷᠢᠭᠤ ᠣᠯᠬᠤ ᠦᠭᠡᠢ᠃
14 ᠨᠢᠭᠤᠴᠠ ᠪᠡᠯᠡᠭ ᠠᠭᠤᠷ ᠢ ᠳᠠᠷᠤᠵᠤ ᠬᠠᠨᠴᠤᠢ ᠶᠢᠨ ᠬᠠᠬᠤᠤᠯᠢ ᠬᠢᠯᠢᠩ ᠢ ᠨᠠᠮᠳᠠᠭᠠᠨ᠎ᠠ᠃
15 ᠰᠢᠳᠤᠷᠭᠤ ᠶᠢ ᠪᠡᠶᠡᠯᠡᠭᠦᠯᠬᠦ ᠨᠢ ᠵᠥᠪᠲᠡᠨ ᠦ ᠵᠢᠷᠭᠠᠯ ᠬᠠᠭᠤᠷᠮᠠᠭ ᠢ ᠬᠢᠭ᠍ᠴᠢᠳ ᠲᠤ ᠲᠦᠭᠰᠢᠭᠦᠷᠢ᠃
16 ᠤᠬᠠᠭᠠᠷᠠᠯ ᠤᠨ ᠵᠠᠮ ᠠᠴᠠ ᠭᠠᠵᠢᠭᠴᠢ ᠬᠥᠮᠦᠨ ᠦᠬᠦᠭᠡᠷ ᠦᠨ ᠴᠤᠭᠯᠠᠷᠠᠯ ᠳᠤ ᠪᠠᠢᠬᠤ ᠪᠣᠯᠣᠨ᠎ᠠ᠃
17 ᠵᠤᠭ᠎ᠠ ᠴᠡᠩᠭᠡᠯ ᠢ ᠬᠠᠢᠷᠠᠯᠠᠭᠴᠢ ᠶᠠᠳᠠᠭᠤᠷᠠᠨ ᠲᠣᠰᠣ ᠳᠠᠷᠠᠰᠤ ᠶᠢ ᠬᠠᠢᠷᠠᠯᠠᠭᠴᠢ ᠪᠠᠶᠠᠵᠢᠬᠤ ᠦᠭᠡᠢ᠃
18 ᠪᠤᠷᠤᠭᠤᠲᠠᠨ ᠨᠢ ᠵᠥᠪᠲᠡᠨ ᠦ᠂ ᠵᠠᠯᠢᠬᠠᠢ ᠨᠢ ᠰᠢᠳᠤᠷᠭᠤ ᠶᠢᠨ ᠵᠣᠯᠢᠶᠠᠰᠤ᠃
19 ᠤᠴᠠᠭᠠᠷ ᠲᠠᠢ᠂ ᠬᠡᠷᠡᠭᠦᠯᠴᠢ ᠡᠮ᠎ᠡ ᠲᠠᠢ ᠴᠤᠭ ᠪᠠᠢᠬᠤ ᠠᠴᠠ ᠴᠥᠯ ᠭᠠᠵᠠᠷ ᠲᠤ ᠰᠠᠭᠤᠬᠤ ᠨᠢ ᠳᠡᠭᠡᠷ᠎ᠡ᠃
20 ᠮᠡᠷᠭᠡᠨ ᠦ ᠰᠠᠭᠤᠴᠠᠨ ᠳᠤ ᠦᠨᠡᠲᠦ ᠡᠷᠳᠡᠨᠢᠰ ᠪᠣᠯᠣᠨ ᠲᠣᠰᠣ ᠪᠠᠢᠪᠠᠴᠤ ᠮᠤᠩ᠋ᠬᠠᠭ ᠬᠥᠮᠦᠨ ᠲᠡᠳᠡᠭᠡᠷ ᠢ ᠴᠥᠯᠪᠡᠨᠡ᠃
21 ᠵᠥᠪᠲᠦ ᠶᠣᠰᠣ ᠪᠠ ᠬᠠᠢᠷ᠎ᠠ ᠡᠨᠡᠷᠢᠯ ᠢ ᠬᠥᠭᠡᠭᠡᠴᠡᠯᠳᠦᠭᠴᠢ ᠠᠮᠢ᠂ ᠠᠮᠵᠢᠯᠲᠠ 23 ᠂ ᠠᠯᠳᠠᠷ ᠢ ᠣᠯᠣᠨ᠎ᠠ᠃
22 ᠮᠡᠷᠭᠡᠨ ᠬᠥᠮᠦᠨ ᠬᠦᠴᠦᠲᠡᠨ ᠦ ᠬᠣᠲᠠ ᠶᠢ ᠳᠠᠪᠠᠨ ᠢᠲᠡᠭᠡᠮᠵᠢᠲᠦ ᠴᠠᠢᠵᠠ ᠶᠢ ᠨᠤᠷᠠᠭᠠᠳᠠᠭ᠃
23 ᠠᠮᠠ ᠬᠡᠯᠡ ᠪᠡᠨ ᠬᠠᠮᠠᠭᠠᠯᠠᠭᠴᠢ ᠠᠮᠢ ᠪᠠᠨ ᠠᠶᠤᠯ ᠠᠴᠠ ᠬᠠᠮᠠᠭᠠᠯᠠᠨ᠎ᠠ᠃
24 ᠪᠠᠷᠳᠠᠮ᠂ ᠶᠡᠬᠡᠮᠰᠦᠭ᠂ ᠬᠡᠲᠦᠷᠬᠡᠢ ᠪᠠᠷᠳᠠᠮ ᠢᠶᠠᠷ ᠦᠢᠯᠡᠳᠦᠭᠴᠢ ᠶᠢ 《ᠪᠠᠰᠤᠮᠵᠢᠯᠠᠭᠴᠢ》 ᠭᠡᠵᠦ ᠨᠡᠷᠡᠯᠡᠳᠡᠭ᠃
25 ᠭᠠᠷ ᠢᠶᠠᠨ ᠬᠥᠳᠡᠯᠭᠡᠬᠦ ᠳᠤᠷ᠎ᠠ ᠦᠭᠡᠢ ᠵᠠᠯᠬᠠᠭᠤ ᠬᠦᠰᠡᠭᠰᠡᠭᠡᠷ ᠪᠠᠢᠵᠤ ᠦᠬᠦᠨ᠎ᠡ
26 ᠡᠳᠦᠷᠵᠢᠨ ᠲᠡᠷᠡ ᠰᠢᠨᠤᠭᠰᠠᠭᠠᠷ ᠪᠠᠢᠳᠠᠭ ᠪᠣᠯ ᠵᠥᠪᠲᠡᠨ ᠬᠠᠷᠢᠨ ᠥᠭᠭᠥᠭᠰᠡᠭᠡᠷ ᠪᠠᠢᠳᠠᠭ᠃
27 ᠪᠤᠷᠤᠭᠤᠲᠠᠨ ᠤ ᠲᠠᠬᠢᠯ ᠵᠢᠭᠰᠢᠭᠦᠷᠢ ᠬᠣᠷᠣᠨ ᠰᠠᠨᠠᠭ᠎ᠠ ᠪᠠᠷ ᠠᠪᠴᠢᠷᠠᠪᠠᠯ ᠪᠦᠷ ᠢᠯᠡᠭᠦᠦ ᠵᠢᠭᠰᠢᠭᠦᠷᠢ᠃
28 ᠵᠠᠯᠢᠬᠠᠢ ᠭᠡᠷᠡᠴᠢ ᠮᠥᠬᠥᠭ ᠬᠠᠷᠢᠨ ᠰᠣᠨᠣᠰᠣᠭᠰᠠᠨ ᠬᠥᠮᠦᠨ ᠲᠠᠰᠤᠷᠠᠯᠲᠠ ᠦᠭᠡᠢ ᠶᠠᠷᠢᠭ᠃
29 ᠪᠤᠷᠤᠭᠤᠲᠤ ᠬᠥᠮᠦᠨ ᠨᠢᠭᠤᠷ ᠢᠶᠠᠨ ᠰᠢᠷᠢᠯᠡᠬᠦ ᠳᠦ ᠴᠢᠭ᠍ᠴᠢ ᠬᠥᠮᠦᠨ ᠵᠠᠮ ᠢᠶᠠᠨ ᠰᠢᠨᠵᠢᠨ᠎ᠡ᠃
30 ᠶᠣᠬᠣᠸᠠ ᠲᠠᠢ ᠡᠩ ᠵᠡᠷᠭᠡᠴᠡᠬᠦ ᠮᠡᠷᠭᠡᠨ ᠤᠬᠠᠭᠠᠨ ᠭᠡᠵᠦ ᠠᠯᠠᠭ᠎ᠠ᠂ ᠣᠶᠤᠨ ᠪᠢᠯᠢᠭ ᠭᠡᠵᠦ ᠠᠯᠠᠭ᠎ᠠ᠂ ᠵᠥᠪᠯᠡᠯᠭᠡ ᠭᠡᠵᠦ ᠠᠯᠠᠭ᠎ᠠ᠃
31 ᠪᠠᠢᠯᠳᠤᠭᠠᠨ ᠤ ᠡᠳᠦᠷ ᠠᠭᠲᠠ ᠪᠡᠯᠡᠬᠡᠨ ᠪᠣᠯᠪᠠᠴᠤ ᠢᠯᠠᠯᠲᠠ ᠬᠠᠷᠢᠨ ᠶᠣᠬᠣᠸᠠ ᠶᠢᠨ ᠬᠢ᠃