1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠬᠣᠶᠠᠷ
 ᠮᠡᠷᠭᠡᠨ ᠤᠬᠠᠭᠠᠨ ᠤ ᠠᠴᠢ ᠲᠤᠰᠠ
1 ᠬᠦᠦ ᠮᠢᠨᠢ᠂ ᠬᠡᠷᠪᠡ ᠮᠢᠨᠦ ᠦᠭᠡ ᠶᠢ ᠬᠦᠯᠢᠶᠡᠵᠦ ᠠᠪᠤᠭᠠᠳ ᠮᠢᠨᠦ ᠲᠤᠰᠢᠶᠠᠯ ᠢ ᠳᠣᠲᠣᠷ᠎ᠠ ᠪᠠᠨ ᠬᠠᠳᠠᠭᠠᠯᠠᠭᠠᠳ
2 ᠴᠡᠴᠡᠨ ᠮᠡᠷᠭᠡᠨ ᠳᠦ ᠴᠢᠬᠢ ᠪᠠᠨ ᠴᠢᠭᠯᠡᠭᠦᠯᠵᠦ ᠰᠡᠴᠡᠨ ᠤᠬᠠᠭᠠᠨ ᠳᠤ ᠵᠢᠷᠦᠬᠡ ᠪᠡᠨ ᠵᠦᠭᠯᠡᠭᠦᠯᠵᠦ
3 ᠣᠶᠤᠨ ᠮᠡᠳᠡᠯᠭᠡ ᠶᠢ ᠳᠠᠯᠠᠯᠤᠨ ᠳᠠᠭᠤᠳᠠᠵᠤ ᠤᠬᠠᠭᠠᠷᠠᠯ ᠤᠨ ᠲᠥᠯᠥᠭᠡ ᠳᠠᠭᠤ ᠪᠠᠨ ᠬᠠᠲᠠᠭᠠᠪᠠᠰᠤ 5
4 ᠮᠥᠩᠭᠥ ᠠᠳᠠᠯᠢ ᠮᠥᠰᠬᠢᠵᠦ ᠡᠷᠳᠡᠨᠢ ᠮᠡᠲᠦ ᠡᠷᠢᠪᠡᠰᠦ
5 ᠶᠣᠬᠣᠸᠠ ᠠᠴᠠ ᠡᠮᠢᠶᠡᠬᠦᠢ ᠶᠢ ᠴᠢ ᠤᠬᠠᠭᠠᠷᠠᠨ᠎ᠠ ᠪᠤᠷᠬᠠᠨ ᠤ ᠲᠠᠯ᠎ᠠ ᠪᠠᠷ ᠮᠡᠳᠡᠯᠭᠡ ᠶᠢ ᠣᠯᠣᠨ᠎ᠠ᠂
6 ᠮᠡᠷᠭᠡᠨ ᠤᠬᠠᠭᠠᠨ ᠢ ᠰᠣᠶᠣᠷᠬᠠᠭᠴᠢ ᠨᠢ ᠶᠣᠬᠣᠸᠠ ᠮᠡᠳᠡᠯᠭᠡ ᠬᠢᠭᠡᠳ ᠤᠬᠠᠭᠠᠷᠠᠯ ᠲᠡᠭᠦᠨ ᠦ ᠠᠮᠠᠨ ᠠᠴᠠ᠂
7 ᠴᠢᠭ᠍ᠴᠢ ᠬᠥᠮᠦᠨ ᠳᠦ ᠲᠡᠷᠡ ᠴᠡᠴᠡᠨ ᠤᠬᠠᠭᠠᠨ ᠢ ᠬᠠᠳᠠᠭᠠᠯᠠᠨ᠎ᠠ ᠲᠡᠭᠦᠰ ᠶᠠᠪᠤᠳᠠᠯᠲᠠᠨ ᠳᠤ ᠬᠠᠯᠬᠠᠪᠴᠢ ᠪᠠᠮᠪᠠᠢ ᠨᠢ ᠪᠣᠯᠣᠨ᠎ᠠ᠃
8 ᠲᠡᠷᠡ ᠭᠣᠣᠯᠴᠢ ᠰᠢᠳᠤᠷᠭᠤ ᠶᠢᠨ ᠵᠢᠮ ᠢ ᠥᠮᠥᠭᠯᠡᠨ ᠰᠦᠰᠦᠭ ᠲᠡᠢ ᠬᠥᠮᠦᠰ ᠦᠨ ᠢᠶᠠᠨ ᠵᠠᠮ ᠢ ᠬᠠᠮᠠᠭᠠᠯᠠᠨ᠎ᠠ
9 ᠲᠡᠭᠡᠪᠡᠯ ᠴᠢ ᠵᠥᠪ ᠬᠢᠭᠡᠳ ᠰᠢᠯᠤᠭᠤᠨ ᠰᠢᠳᠤᠷᠭᠤ ᠶᠢ ᠠᠯᠢᠪᠠ ᠰᠠᠢᠬᠠᠨ ᠮᠥᠷ ᠢ ᠤᠬᠠᠭᠠᠷᠠᠨ᠎ᠠ᠃
10 ᠮᠡᠷᠭᠡᠨ ᠤᠬᠠᠭᠠᠨ ᠵᠢᠷᠦᠬᠡᠨ ᠳᠦ ᠴᠢᠨᠢ ᠣᠷᠣᠵᠤ ᠮᠡᠳᠡᠯᠭᠡ ᠣᠶᠤᠨ ᠰᠡᠳᠬᠢᠯ ᠳᠤ ᠴᠢᠨᠢ ᠨᠡᠢᠴᠡᠬᠦ ᠳᠦ
11 ᠪᠣᠯᠭᠣᠮᠵᠢᠯᠠᠯ ᠴᠢᠮᠠᠶᠢ ᠬᠠᠮᠠᠭᠠᠯᠠᠵᠤ ᠤᠬᠠᠭᠠᠷᠠᠯ ᠴᠢᠮᠠᠶᠢ ᠬᠠᠷᠠᠭᠤᠯᠳᠠᠵᠤ᠂
12 ᠴᠢᠮᠠᠶᠢ ᠪᠤᠷᠤᠭᠤᠲᠠᠨ ᠤ ᠵᠠᠮ ᠠᠴᠠ ᠪᠠᠴᠢᠲᠤ ᠶᠠᠷᠢᠶᠠᠲᠠᠨ ᠠᠴᠠ
13 ᠬᠠᠷᠠᠩ᠋ᠭᠤᠢ ᠶᠢᠨ ᠵᠠᠮ ᠢᠶᠠᠷ ᠠᠯᠬᠤᠬᠤ ᠭᠡᠳ ᠭᠣᠣᠯᠴᠢ ᠵᠢᠮ ᠢ ᠣᠷᠬᠢᠭᠰᠠᠳ ᠠᠴᠠ
14 ᠪᠤᠷᠤᠭᠤ ᠶᠢ ᠦᠢᠯᠡᠳᠬᠦ ᠳᠦ ᠪᠠᠶᠠᠰᠳᠠᠭ ᠪᠤᠵᠠᠷ ᠪᠠᠰᠢᠷ ᠲᠤ ᠪᠠᠶᠠᠷᠯᠠᠳᠠᠭ ᠬᠥᠮᠦᠰ ᠡᠴᠡ ᠠᠪᠤᠷᠠᠨ᠎ᠠ᠂
15 ᠲᠡᠳᠡᠨ ᠦ ᠵᠢᠮ ᠮᠤᠷᠤᠢ᠂ ᠲᠡᠳᠡᠨ ᠦ ᠵᠠᠮ ᠭᠠᠵᠢᠭᠤ᠂

16 ᠮᠥᠨ ᠴᠢᠮᠠᠶᠢ ᠵᠠᠪᠬᠠᠢ ᠡᠮᠡᠭᠲᠡᠢ ᠡᠴᠡ ᠨᠢᠯᠤᠭᠤᠨ ᠦᠭᠡ ᠪᠡᠷ ᠤᠷᠤᠭᠤ ᠲᠠᠲᠠᠭᠴᠢ ᠡᠴᠡ᠂
17 ᠢᠳᠡᠷ ᠨᠠᠰᠤᠨ ᠤ ᠬᠠᠨᠢ ᠶᠣ ᠪᠠᠨ ᠣᠷᠬᠢᠵᠤ ᠪᠤᠷᠬᠠᠨ ᠤ ᠪᠠᠨ ᠭᠡᠷ᠎ᠡ ᠶᠢ ᠤᠮᠠᠷᠲᠠᠭᠰᠠᠨ ᠡᠮ᠎ᠡ ᠡᠴᠡ ᠠᠪᠤᠷᠠᠨ᠎ᠠ᠂
18 ᠲᠡᠭᠦᠨ ᠦ ᠭᠡᠷ ᠦᠬᠦᠯ ᠤᠷᠤᠭᠤ᠂ ᠲᠡᠭᠦᠨ ᠦ ᠵᠢᠮ ᠦᠬᠦᠭᠡᠷ ᠤᠳ ᠤᠷᠤᠭᠤ ᠴᠢᠭᠯᠡᠵᠡᠢ᠂
19 ᠲᠡᠭᠦᠨ ᠳᠦ ᠣᠴᠢᠭᠰᠠᠨ ᠪᠦᠭᠦᠳᠡ ᠪᠤᠴᠠᠵᠤ ᠡᠷᠭᠢᠬᠦ ᠦᠭᠡᠢ ᠠᠮᠢ ᠶᠢᠨ ᠵᠢᠮ ᠳᠡᠭᠡᠷ᠎ᠡ ᠲᠡᠳᠡ ᠭᠠᠷᠬᠤ ᠦᠭᠡᠢ᠃
20 ᠡᠢᠮᠦ ᠡᠴᠡ ᠴᠢ ᠰᠠᠢᠨ ᠤ ᠵᠠᠮ ᠢᠶᠠᠷ ᠠᠯᠬᠤᠵᠤ ᠵᠥᠪᠲᠡᠳ ᠦᠨ ᠵᠢᠮ ᠢ ᠳᠠᠭ᠎ᠠ᠃
21 ᠭᠣᠣᠯᠴᠢ ᠬᠥᠮᠦᠨ ᠭᠠᠵᠠᠷ ᠳᠡᠭᠡᠷ᠎ᠡ ᠠᠮᠢᠳᠤᠷᠠᠨ᠎ᠠ ᠭᠡᠮ ᠦᠭᠡᠢ ᠨᠢ ᠲᠡᠨᠳᠡ ᠪᠡᠨ ᠦᠯᠡᠳᠡᠨ᠎ᠡ
22 ᠬᠣᠷᠣᠨ ᠮᠠᠭᠤ ᠬᠥᠮᠦᠨ ᠭᠠᠵᠠᠷ ᠠᠴᠠ ᠲᠠᠰᠤᠯᠤᠭᠳᠠᠨ᠎ᠠ ᠢᠲᠡᠭᠡᠮᠵᠢ ᠦᠭᠡᠢ ᠨᠢ ᠡ᠊ᠨᠳᠡ ᠡᠴᠡ ᠰᠤᠭᠤᠯᠤᠭᠳᠠᠨ᠎ᠠ᠃