1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠭᠤᠴᠢᠨ ᠨᠢᠭᠡ
 ᠯᠧᠮᠦ᠋ᠶᠧᠯ ᠬᠠᠭᠠᠨ ᠤ ᠵᠦᠢᠷ ᠮᠡᠷᠭᠡᠨ ᠦᠭᠡᠰ
1 ᠯᠧᠮᠦ᠋ᠶᠧᠯ ᠬᠠᠭᠠᠨ ᠤ ᠦᠭᠡᠰ᠂ ᠡᠬᠡ ᠨᠢ ᠲᠡᠭᠦᠨ ᠳᠦ ᠵᠢᠭᠠᠭᠰᠠᠨ ᠶᠠᠷᠢᠶ᠎ᠠ᠄
2 ᠶᠠᠭᠤ ᠭᠡᠨ᠎ᠡ︖ ᠬᠦᠦ ᠮᠢᠨᠢ᠂ ᠶᠠᠭᠤ ᠭᠡᠨ᠎ᠡ︖ ᠬᠡᠪᠡᠯᠢ ᠶᠢᠨ ᠦᠷ᠎ᠡ ᠮᠢᠨᠢ᠂ ᠶᠠᠭᠤ ᠭᠡᠨ᠎ᠡ︖ ᠲᠠᠩ᠋ᠭᠠᠷᠢᠭ ᠤᠨ ᠬᠦᠦ ᠮᠢᠨᠢ᠂
3 ᠬᠦᠴᠦ ᠪᠡᠨ ᠡᠮᠡᠰ ᠲᠦ ᠪᠢᠲᠡᠭᠡᠢ ᠵᠣᠷᠢᠭᠤᠯ ᠬᠠᠭᠠᠨ ᠢ ᠴᠤ ᠰᠦᠢᠷᠡᠭᠦᠯᠳᠡᠭ ᠲᠡᠳᠡᠨ ᠳᠦ ᠵᠠᠮ ᠢᠶᠠᠨ ᠪᠦᠦ ᠲᠤᠰᠢᠶᠠ᠃
4 ᠯᠧᠮᠦ᠋ᠶᠧᠯ ᠮᠢᠨᠢ᠂ ᠳᠠᠷᠠᠰᠤ ᠤᠤᠭᠤᠬᠤ ᠨᠢ ᠬᠠᠭᠠᠨ ᠳᠤ ᠵᠣᠬᠢᠰ ᠦᠭᠡᠢ ᠠᠷᠢᠬᠢ ᠨᠢ ᠠᠯᠳᠠᠷᠲᠠᠨ ᠳᠤ ᠵᠣᠬᠢᠰ ᠦᠭᠡᠢ᠂
5 ᠤᠤᠭᠤᠭᠰᠠᠳ ᠲᠣᠭᠲᠠᠭᠠᠯ ᠢ ᠮᠠᠷᠲᠠᠬᠤ ᠪᠤᠢ ᠳᠣᠷᠣᠢ ᠬᠥᠮᠦᠰ ᠦᠨ ᠡᠷᠬᠡᠨ ᠳᠦ ᠬᠠᠯᠳᠠᠬᠤ ᠪᠤᠢ᠃
6 ᠵᠣᠪᠠᠵᠤ ᠪᠤᠢ ᠬᠥᠮᠦᠨ ᠳᠦ ᠰᠠᠷᠬᠤᠳ ᠢ ᠰᠢᠨᠠᠯᠤᠭᠰᠠᠨ ᠰᠡᠳᠬᠢᠯ ᠲᠠᠢ ᠨᠢᠭᠡᠨ ᠳᠦ ᠳᠠᠷᠠᠰᠤ ᠶᠢ ᠥᠭ᠂
7 ᠲᠡᠷᠡ ᠪᠡᠷ ᠤᠤᠭᠤᠭᠠᠳ ᠶᠠᠳᠠᠭᠤᠷᠠᠯ ᠢᠶᠠᠨ ᠤᠮᠠᠷᠲᠠᠭ ᠵᠣᠪᠠᠯᠠᠩ ᠢᠶᠠᠨ ᠪᠦᠦ ᠰᠠᠨᠠᠭ᠃
8 ᠳᠠᠭᠤ ᠦᠭᠡᠢ ᠬᠥᠮᠦᠨ ᠦ ᠲᠥᠯᠥᠭᠡ᠂ ᠵᠣᠪᠠᠵᠤ ᠪᠤᠢ ᠪᠦᠬᠦᠨ ᠦ ᠡᠷᠬᠡ ᠶᠢᠨ ᠲᠥᠯᠥᠭᠡ ᠠᠮᠠ ᠪᠠᠨ ᠨᠡᠭᠡᠭᠡ
9 ᠠᠮᠠ ᠪᠠᠨ ᠨᠡᠭᠡᠭᠡᠨ ᠵᠥᠪ ᠢᠶᠡᠷ ᠰᠢᠭᠦᠵᠦ ᠦᠭᠡᠭᠦᠦ ᠶᠠᠳᠠᠭᠤᠰ ᠤᠨ ᠡᠷᠬᠡ ᠶᠢ ᠬᠠᠮᠠᠭᠠᠯᠠ᠃
 ᠪᠤᠷᠬᠠᠨ ᠠᠴᠠ ᠡᠮᠢᠶᠡᠭᠴᠢ ᠡᠮᠡᠭᠲᠡᠢ
10 ᠴᠢᠳᠠᠪᠤᠷᠢᠯᠢᠭ᠋ ᠡᠬᠡᠨᠡᠷ ᠢ ᠬᠡᠨ ᠣᠯᠬᠤ ᠪᠤᠢ︖ ᠦᠨ᠎ᠡ ᠴᠡᠨ᠎ᠡ ᠨᠢ ᠡᠷᠳᠡᠨᠢᠰ ᠡᠴᠡ ᠬᠣᠯᠠ ᠢᠯᠡᠭᠦᠦ᠂
11 ᠨᠥᠬᠥᠷ ᠦᠨ ᠬᠢᠨᠢ ᠵᠢᠷᠦᠬᠡ ᠲᠡᠭᠦᠨ ᠳᠡᠭᠡᠨ ᠢᠲᠡᠭᠡᠯ ᠲᠡᠢ ᠣᠯᠵᠠ ᠪᠠᠷ ᠲᠡᠷᠡ ᠳᠤᠲᠠᠬᠤ ᠦᠭᠡᠢ᠂
12 ᠲᠡᠷᠡ ᠪᠡᠷ ᠨᠠᠰᠤᠨ ᠲᠤᠷᠰᠢ ᠳᠠᠭᠠᠨ ᠨᠥᠬᠥᠷ ᠲᠡᠭᠡᠨ ᠮᠠᠭᠤ ᠶᠢ ᠪᠢᠰᠢ᠂ ᠰᠠᠢᠨ ᠢ ᠦᠢᠯᠡᠳᠳᠡᠭ᠂
13 ᠪᠥᠰ ᠨᠣᠣᠰᠣ ᠬᠠᠢᠵᠤ ᠣᠯᠣᠭᠠᠳ ᠭᠠᠷ ᠢᠶᠠᠷ ᠢᠶᠠᠨ ᠳᠤᠷᠠᠲᠠᠶ᠎ᠠ ᠠᠵᠢᠯᠯᠠᠨ᠎ᠠ
14 ᠬᠤᠳᠠᠯᠳᠤᠭᠠᠴᠢᠨ ᠤ ᠣᠩ᠋ᠭᠣᠴᠠ ᠠᠳᠠᠯᠢ ᠬᠣᠯᠠ ᠭᠠᠵᠠᠷ ᠠᠴᠠ ᠲᠡᠷᠡ ᠬᠦᠨᠡᠰᠦ ᠪᠡᠨ ᠵᠥᠭᠡᠭᠡᠨ᠎ᠡ᠂
15 ᠬᠠᠷ᠎ᠠ ᠦᠷ ᠢᠶᠡᠷ ᠪᠣᠰᠴᠤ ᠭᠡᠷ ᠦᠨ ᠬᠢᠨ ᠢᠶᠠᠨ ᠬᠣᠭᠣᠯᠠ ᠪᠠᠷ ᠬᠠᠩ᠋ᠭᠠᠵᠤ ᠰᠢᠪᠡᠭᠴᠢᠳ ᠲᠡᠭᠡᠨ ᠠᠵᠢᠯ ᠢ ᠨᠢ ᠬᠤᠪᠢᠶᠠᠷᠢᠯᠠᠳᠠᠭ᠃
16 ᠭᠠᠵᠠᠷ ᠢ ᠰᠢᠨᠵᠢᠯᠡᠨ ᠦᠵᠡᠵᠦ᠂ ᠬᠤᠳᠠᠯᠳᠤᠨ ᠠᠪᠤᠭᠠᠳ ᠭᠠᠷ ᠤᠨ ᠢᠶᠠᠨ ᠣᠯᠣᠭᠰᠠᠨ ᠠᠰᠢᠭ ᠢᠶᠠᠷ ᠦᠵᠦᠮ ᠦᠨ ᠬᠦᠷᠢᠶᠡᠯᠡᠩ ᠪᠠᠢᠭᠤᠯᠳᠠᠭ
17 ᠪᠦᠰᠡ ᠪᠡᠨ ᠴᠢᠩ᠋ᠭᠠᠯᠠᠭᠠᠳ᠂ ᠬᠦᠴᠦᠲᠡᠢ ᠪᠠᠷ ᠠᠵᠢᠯᠯᠠᠳᠠᠭ᠂
18 ᠠᠵᠢᠯ ᠤᠨ ᠬᠢᠨᠢ ᠠᠰᠢᠭ ᠰᠠᠢᠨ ᠭᠡᠳᠡᠭ ᠢ ᠠᠮᠰᠠᠭᠰᠠᠨ ᠳ᠋ᠧᠩ ᠨᠢ ᠰᠥᠨᠢᠵᠢᠨ ᠤᠨᠲᠠᠷᠠᠳᠠᠭ ᠦᠭᠡᠢ
19 ᠭᠠᠷ ᠢᠶᠠᠷ ᠢᠶᠠᠨ ᠡᠭᠡᠷᠡᠭᠦᠯ ᠪᠠᠷᠢᠵᠤ᠂ ᠠᠯᠠᠭ᠎ᠠ ᠪᠠᠷ ᠢᠶᠠᠨ ᠬᠦᠷᠳᠦ ᠶᠢ ᠨᠢ ᠡᠷᠭᠢᠭᠦᠯᠦᠨ᠎ᠡ᠂
20 ᠶᠠᠳᠠᠭᠤᠰ ᠲᠤ ᠠᠯᠠᠭ᠎ᠠ ᠪᠠᠨ ᠳᠡᠯᠭᠡᠵᠦ ᠭᠠᠴᠢᠭᠳᠠᠭᠰᠠᠳ ᠲᠤ ᠭᠠᠷ ᠢᠶᠠᠨ ᠰᠤᠩ᠋ᠭᠠᠳᠠᠭ᠂
21 ᠪᠦᠬᠦ ᠭᠡᠷ ᠦᠨ ᠬᠢᠨ ᠨᠢ ᠵᠤᠵᠠᠭᠠᠨ ᠬᠤᠪᠴᠠᠰᠤ ᠲᠠᠢ ᠴᠠᠰᠤ ᠣᠷᠣᠭᠰᠠᠨ ᠴᠤ ᠲᠡᠷᠡ ᠭᠡᠷ ᠦᠨ ᠬᠢᠨ ᠤ ᠪᠠᠨ ᠲᠥᠯᠥᠭᠡ ᠵᠣᠪᠠᠬᠤ ᠦᠭᠡᠢ᠂
22 ᠮᠥᠨ ᠲᠡᠷᠡ ᠥᠪᠡᠷ ᠲᠡᠭᠡᠨ ᠪᠦᠲᠡᠭᠡᠯᠭᠡ ᠤᠷᠠᠯᠠᠳᠠᠭ ᠨᠠᠷᠢᠨ ᠨᠡᠬᠡᠭᠰᠡᠨ ᠮᠠᠭᠠᠯᠢᠩ᠋ᠭᠤ᠂ ᠨᠢᠯ ᠶᠠᠭᠠᠨ ᠬᠤᠪᠴᠠᠰᠤ ᠲᠠᠢ᠂
23 ᠨᠥᠬᠥᠷ ᠨᠢ ᠬᠣᠲᠠ ᠶᠢᠨ ᠬᠠᠭᠠᠯᠭᠠᠨ ᠳᠡᠭᠡᠷ᠎ᠡ ᠬᠦᠨᠳᠦᠯᠡᠭᠳᠡᠨ ᠨᠤᠲᠤᠭ ᠤᠨ ᠠᠬᠠᠮᠠᠳ ᠤᠳ ᠤᠨ ᠳᠤᠮᠳᠠ ᠰᠠᠭᠤᠨ᠎ᠠ᠃
24 ᠲᠡᠷᠡ ᠪᠦᠰᠡᠭᠦᠢ ᠮᠠᠭᠠᠯᠢᠩ᠋ᠭᠤᠨ ᠬᠤᠪᠴᠠᠰᠤ ᠬᠢᠵᠦ ᠬᠤᠳᠠᠯᠳᠤᠨ ᠪᠠᠰᠠ ᠬᠤᠳᠠᠯᠳᠤᠭᠠᠴᠢᠳ ᠢᠶᠠᠷ ᠪᠥᠰ ᠢᠶᠡᠨ ᠬᠤᠳᠠᠯᠳᠤᠭᠤᠯᠳᠠᠭ᠂
25 ᠴᠢᠳᠠᠯ ᠪᠠ ᠠᠯᠳᠠᠷ ᠲᠡᠭᠦᠨ ᠦ ᠡᠮᠦᠰᠬᠡᠯ ᠢᠷᠡᠬᠦ ᠡᠳᠦᠷ ᠤᠳ ᠲᠤ ᠬᠠᠨᠳᠤᠨ ᠮᠦᠰᠢᠶᠡᠳᠡᠭ᠂
26 ᠠᠮᠠ ᠨᠢ ᠨᠡᠭᠡᠭᠡᠭᠳᠡᠬᠦ ᠳᠦ ᠮᠡᠷᠭᠡᠨ ᠤᠬᠠᠭᠠᠨ ᠪᠤᠢ ᠬᠡᠯᠡ ᠳᠡᠭᠡᠷ᠎ᠡ ᠨᠢ ᠡᠨᠡᠷᠢᠯ ᠤᠨ ᠰᠤᠷᠭᠠᠯ ᠪᠤᠢ᠂
27 ᠲᠡᠷᠡ ᠭᠡᠷ ᠣᠷᠣᠨ ᠢᠶᠠᠨ ᠬᠠᠷᠠᠭᠰᠠᠭᠠᠷ ᠪᠠᠢᠳᠠᠭ ᠵᠠᠯᠬᠠᠭᠤᠷᠠᠯ ᠤᠨ ᠬᠣᠭᠣᠯᠠ ᠶᠢ ᠢᠳᠡᠳᠡᠭ ᠦᠭᠡᠢ᠂
28 ᠬᠡᠦᠬᠡᠳ ᠤᠳ ᠨᠢ ᠪᠣᠰᠣᠭᠠᠳ ᠲᠡᠭᠦᠨ ᠢ ᠰᠠᠢᠰᠢᠶᠠᠨ᠎ᠠ ᠨᠥᠬᠥᠷ ᠨᠢ ᠴᠤ ᠲᠡᠭᠦᠨ ᠢ ᠮᠠᠭᠲᠠᠨ
29 《ᠴᠢᠳᠠᠪᠤᠷᠢᠯᠢᠭ᠋ ᠪᠦᠰᠡᠭᠦᠢ ᠣᠯᠠᠨ ᠪᠠᠢᠪᠠᠴᠤ ᠴᠢ ᠲᠡᠳᠡ ᠪᠦᠬᠦᠨ ᠡᠴᠡ ᠳᠠᠪᠠᠬᠤ ᠶᠤᠮ》 ᠭᠡᠨ᠎ᠡ᠃
30 ᠳᠤᠷ᠎ᠠ ᠪᠤᠯᠢᠶᠠᠮ᠎ᠠ ᠨᠢ ᠬᠠᠭᠤᠷᠮᠠᠭ᠂ ᠭᠤᠸ᠎ᠠ ᠦᠵᠡᠰᠬᠦᠯᠡᠩ ᠴᠤ ᠬᠣᠭᠣᠰᠣᠨ ᠶᠣᠬᠣᠸᠠ ᠠᠴᠠ ᠡᠮᠢᠶᠡᠭᠴᠢ ᠡᠮᠡᠭᠲᠡᠢ᠂ ᠲᠡᠷᠡ ᠯᠠ ᠮᠠᠭᠲᠠᠭᠳᠠᠭᠤᠰᠢᠲᠠᠢ᠃
31 ᠦᠢᠯᠡᠰ 30  ᠤᠨ ᠬᠢᠨᠢ ᠦᠷ᠎ᠡ ᠵᠢᠮᠢᠰ ᠢ ᠲᠡᠭᠦᠨ ᠳᠦ ᠥᠭ ᠦᠢᠯᠡ ᠨᠢ ᠲᠡᠭᠦᠨ ᠢ ᠬᠠᠭᠠᠯᠭᠠᠨ ᠳᠡᠭᠡᠷ᠎ᠡ ᠮᠠᠭᠲᠠᠭ᠃