ᠵᠦᠢᠷ ᠮᠡᠷᠭᠡᠨ ᠦᠭᠡᠰ ᠬᠣᠷᠢᠨ ᠨᠠᠢ᠌ᠮᠠ
1 ᠪᠤᠷᠤᠭᠤᠲᠠᠨ ᠮᠥᠰᠬᠢᠭ᠍ᠴᠢ ᠦᠭᠡᠢ ᠪᠠᠢᠬᠤ ᠳᠤ ᠵᠢᠭᠤᠲᠠᠳᠠᠭ ᠵᠥᠪᠲᠡᠨ ᠬᠠᠷᠢᠨ ᠵᠠᠯᠠᠭᠤ ᠠᠷᠰᠯᠠᠨ ᠮᠡᠲᠦ ᠵᠣᠷᠢᠭᠲᠠᠢ᠃
2 ᠤᠯᠤᠰ ᠭᠦᠷᠦᠨ ᠳᠦ ᠭᠡᠮ ᠦᠨ ᠤᠯᠠᠮ ᠢᠶᠠᠷ ᠨᠣᠶᠠᠳ ᠣᠯᠠᠰᠢᠷᠠᠨ᠎ᠠ ᠤᠬᠠᠭᠠᠯᠢᠭ ᠮᠡᠳᠡᠯᠭᠡᠲᠡᠨ ᠦ ᠠᠴᠢ ᠪᠠᠷ ᠬᠠᠷᠢᠨ ᠤᠳᠠᠭᠠᠨ ᠲᠣᠭᠲᠠᠨᠢᠨ᠎ᠠ᠃
3 ᠦᠭᠡᠭᠦᠴᠦᠳ ᠢ ᠳᠠᠷᠤᠯᠠᠳᠠᠭ ᠶᠠᠳᠠᠭᠤ ᠬᠥᠮᠦᠨ ᠦᠷ᠎ᠡ ᠲᠠᠷᠢᠶ᠎ᠠ ᠶᠢ ᠦᠯᠡᠳᠡᠭᠡᠳᠡᠭ ᠦᠭᠡᠢ ᠠᠭᠠᠳᠠᠷ ᠪᠣᠷᠣᠭᠠᠨ᠃
4 ᠬᠠᠤᠯᠢ ᠶᠢ ᠣᠷᠬᠢᠭᠰᠠᠳ ᠪᠤᠷᠤᠭᠤᠲᠠᠨ ᠢ ᠮᠠᠭᠲᠠᠨ᠎ᠠ ᠬᠠᠤᠯᠢ ᠰᠠᠬᠢᠭᠰᠠᠳ ᠪᠤᠷᠤᠭᠤᠲᠠᠳ ᠲᠠᠢ ᠲᠡᠮᠡᠴᠡᠨ᠎ᠡ᠃
5 ᠬᠣᠷᠣᠨ ᠮᠠᠭᠤ ᠬᠥᠮᠦᠰ ᠭᠣᠣᠯᠴᠢ ᠶᠣᠰᠣ ᠶᠢ ᠦᠯᠦ ᠣᠢᠯᠠᠭᠠᠨ᠎ᠠ ᠶᠣᠬᠣᠸᠠ ᠶᠢ ᠬᠠᠢᠭᠴᠢᠳ ᠪᠦᠷᠢᠨ ᠣᠢᠯᠠᠭᠠᠨ᠎ᠠ᠃
6 ᠭᠠᠵᠢᠭᠤ ᠵᠠᠮᠨᠠᠳᠠᠭ ᠪᠠᠶᠠᠨ ᠠᠴᠠ ᠭᠡᠮ ᠦᠭᠡᠢ ᠠᠯᠬᠤᠳᠠᠭ ᠶᠠᠳᠠᠭᠤ ᠨᠢ ᠳᠡᠭᠡᠷ᠎ᠡ᠃
7 ᠬᠠᠤᠯᠢ ᠶᠢ ᠰᠠᠬᠢᠭᠴᠢ ᠨᠢ ᠤᠬᠠᠭᠠᠯᠢᠭ ᠬᠦᠦ ᠬᠣᠪᠳᠣᠭ ᠲᠠᠢ ᠨᠡᠢᠯᠡᠭᠴᠢ ᠨᠢ ᠡᠴᠢᠭᠡ ᠪᠡᠨ ᠭᠤᠲᠤᠭᠠᠭᠴᠢ᠃
8 ᠥᠨᠳᠥᠷ ᠬᠦᠦ ᠪᠡᠷ ᠬᠥᠷᠥᠩᠭᠡ ᠪᠡᠨ ᠠᠷᠪᠢᠵᠢᠭᠤᠯᠤᠭᠴᠢ ᠨᠢ ᠡᠭᠦᠨ ᠢ ᠪᠠᠨ ᠶᠠᠳᠠᠭᠤ ᠶᠢ ᠡᠨᠡᠷᠢᠭ᠍ᠴᠢ ᠳᠤ ᠬᠤᠷᠢᠶᠠᠵᠤ ᠪᠠᠢᠭ᠎ᠠ ᠬᠡᠷᠡᠭ᠃
9 ᠬᠠᠤᠯᠢ ᠶᠢ ᠰᠣᠨᠣᠰᠣᠯ ᠦᠭᠡᠢ ᠴᠢᠬᠢ ᠪᠠᠨ ᠡᠷᠭᠢᠭᠦᠯᠪᠡᠯ ᠭᠤᠶᠤᠯᠲᠠ ᠨᠢ ᠴᠤ ᠵᠢᠭᠰᠢᠭᠦᠷᠢ᠃
10 ᠴᠢᠭ᠍ᠴᠢ ᠬᠥᠮᠦᠰ ᠢ ᠮᠠᠭᠤ ᠵᠠᠮ ᠢᠶᠠᠷ ᠴᠢᠭᠯᠡᠭᠦᠯᠦᠭᠴᠢ ᠨᠢ ᠤᠬᠤᠭᠰᠠᠨ ᠨᠦᠬᠡᠨ ᠳᠡᠭᠡᠨ ᠤᠨᠠᠬᠤ ᠳᠤ ᠥ ᠦᠭᠡᠢ ᠨᠢ ᠰᠠᠢᠨ ᠢ ᠥᠪᠯᠡᠨᠡ᠃
11 ᠪᠠᠶᠠᠨ ᠬᠥᠮᠦᠨ ᠥᠪᠡᠷ ᠢ ᠪᠠᠨ ᠮᠡᠷᠭᠡᠨ ᠭᠡᠵᠦ ᠦᠵᠡᠳᠡᠭ ᠴᠤ ᠤᠬᠠᠭᠠᠨ ᠲᠠᠢ ᠶᠠᠳᠠᠭᠤ ᠨᠢ ᠲᠡᠭᠦᠨ ᠢ 27 ᠨᠡᠪᠲᠡ ᠬᠠᠷᠠᠨ᠎ᠠ᠃
12 ᠵᠥᠪᠲᠡᠨ ᠪᠠᠳᠠᠷᠠᠪᠠᠯ ᠶᠡᠬᠡ ᠪᠠᠶᠠᠷ ᠪᠣᠯᠣᠨ᠎ᠠ ᠪᠤᠷᠤᠭᠤᠲᠠᠨ ᠪᠣᠰᠪᠠᠯ ᠬᠥᠮᠦᠰ ᠨᠢᠭᠤᠭᠳᠠᠳᠠᠭ᠃
13 ᠭᠡᠮ ᠢᠶᠡᠨ ᠨᠢᠭᠤᠭᠴᠢ ᠨᠢ ᠥᠭᠡᠳᠡᠯᠡᠬᠦ ᠦᠭᠡᠢ ᠭᠡᠮᠰᠢᠵᠦ ᠣᠷᠬᠢᠭᠴᠢ ᠨᠢ ᠥᠷᠥᠰᠢᠶᠡᠭᠳᠡᠨᠡ᠃
14 ᠢᠮᠠᠭᠲᠠ ᠶᠣᠬᠣᠸᠠ ᠠᠴᠠ ᠡᠮᠢᠶᠡᠭᠴᠢ ᠨᠢ ᠪᠤᠶᠠᠨ ᠲᠠᠢ ᠵᠢᠷᠦᠬᠡ ᠪᠡᠨ ᠬᠠᠲᠠᠭᠤᠷᠠᠭᠤᠯᠤᠭᠴᠢ ᠭᠠᠢ ᠳᠤ ᠤᠨᠠᠨ᠎ᠠ᠃
15 ᠶᠠᠳᠠᠭᠤ ᠠᠷᠠᠳ ᠤᠨ ᠳᠡᠭᠡᠷᠡᠬᠢ ᠬᠠᠷᠭᠢᠰ ᠨᠣᠶᠠᠨ ᠨᠢ ᠠᠷᠬᠢᠷᠠᠬᠤ ᠠᠷᠰᠯᠠᠨ᠂ ᠳᠠᠭᠠᠷᠢᠬᠤ ᠪᠠᠭᠠᠪᠠᠭᠠᠢ ᠮᠡᠲᠦ᠃
16 ᠪᠣᠳᠣᠯ ᠦᠭᠡᠢ ᠵᠠᠬᠢᠷᠤᠭᠴᠢ ᠶᠡᠬᠡ ᠪᠡᠷ ᠮᠥᠯᠵᠢᠳᠡᠭ ᠪᠤᠵᠠᠷ ᠣᠯᠵᠠ ᠶᠢ ᠵᠢᠭ᠍ᠰᠢᠭ᠍ᠴᠢ ᠤᠷᠲᠤ ᠨᠠᠰᠤᠯᠠᠨ᠎ᠠ᠃
17 ᠬᠥᠮᠦᠨ ᠦ ᠴᠢᠰᠤ ᠶᠢ ᠤᠷᠤᠰᠬᠠᠭᠰᠠᠨ ᠭᠡᠮᠲᠡᠨ ᠪᠤᠯᠠᠰᠢᠨ ᠳᠠᠭᠠᠨ ᠣᠴᠢᠲᠠᠯ᠎ᠠ ᠣᠷᠭᠣᠳᠤᠤᠯ ᠪᠠᠢᠭ᠂ ᠲᠡᠭᠦᠨ ᠢ ᠪᠦᠦ ᠳᠡᠮᠵᠢ᠃
18 ᠭᠡᠮ ᠦᠭᠡᠢ ᠠᠯᠬᠤᠭᠴᠢ ᠠᠶᠤᠯ ᠦᠭᠡᠢ ᠭᠠᠵᠢᠭᠤ ᠵᠠᠮᠨᠠᠭᠴᠢ ᠭᠡᠨᠡᠳᠲᠡ ᠤᠨᠠᠨ᠎ᠠ᠃
19 ᠭᠠᠵᠠᠷ ᠢᠶᠠᠨ ᠬᠠᠭᠠᠯᠤᠭᠴᠢ ᠬᠦᠨᠡᠰᠦ ᠪᠡᠷ ᠳᠦᠭᠦᠷᠡᠩ ᠬᠣᠭᠣᠰᠣᠨ ᠢ ᠬᠥᠭᠡᠭᠡᠴᠡᠯᠳᠦᠭᠴᠢ ᠦᠭᠡᠶᠢᠷᠡᠯ ᠢᠶᠡᠷ ᠳᠦᠭᠦᠷᠡᠩ᠃
20 ᠦᠨᠡᠨᠴᠢ ᠬᠥᠮᠦᠨ ᠦᠯᠡᠮᠵᠢ ᠢᠷᠥᠭᠡᠯ ᠲᠡᠢ ᠪᠠᠶᠠᠵᠢᠬᠤ ᠪᠠᠷ ᠶᠠᠭᠠᠷᠠᠭᠴᠢ ᠨᠢ ᠭᠡᠮ ᠦᠭᠡᠢ ᠭᠡᠭᠳᠡᠬᠦ ᠦᠭᠡᠢ᠃
21 ᠨᠢᠭᠤᠷ ᠲᠠᠯ᠎ᠠ ᠵᠠᠰᠠᠬᠤ ᠨᠢ ᠰᠠᠢᠨ ᠪᠢᠰᠢ ᠨᠢᠭᠡ ᠯᠠ ᠪᠣᠣᠪᠣ ᠶᠢᠨ ᠲᠥᠯᠥᠭᠡ ᠬᠥᠮᠦᠨ ᠭᠠᠵᠢᠵᠤ ᠮᠡᠳᠡᠨ᠎ᠡ᠃
22 ᠬᠣᠮᠣᠬᠠᠢ ᠬᠥᠮᠦᠨ ᠬᠥᠷᠥᠩᠭᠡ ᠶᠢᠨ ᠠᠷᠤ ᠠᠴᠠ ᠶᠠᠭᠠᠷᠠᠭᠰᠠᠭᠠᠷ ᠬᠣᠢᠨ᠎ᠠ ᠠᠴᠠ ᠨᠢ ᠦᠭᠡᠶᠢᠷᠡᠯ ᠢᠷᠡᠵᠦ ᠪᠤᠢ ᠶᠢ ᠡᠰᠡ ᠮᠡᠳᠡᠨ᠎ᠡ᠃
23 ᠬᠡᠯᠡ ᠪᠡᠷ ᠢᠶᠠᠨ ᠵᠢᠰᠦᠷᠳᠡᠭᠴᠢ ᠶᠢ ᠪᠣᠳᠣᠪᠠᠯ ᠵᠢᠮᠡᠯᠡᠭᠴᠢ ᠨᠢ ᠬᠣᠵᠢᠮ ᠲᠠᠭᠠᠯᠠᠯ ᠢ ᠣᠯᠣᠨ᠎ᠠ᠃
24 ᠡᠴᠢᠭᠡ ᠡᠬᠡ ᠪᠡᠨ ᠮᠥᠯᠵᠢᠴᠢᠭᠡᠭᠡᠳ 《ᠭᠡᠮ ᠦᠭᠡᠢ》 ᠭᠡᠭᠴᠢ ᠨᠢ ᠰᠦᠢᠷᠡᠭᠦᠯᠦᠭᠴᠢ ᠶᠢᠨ ᠬᠠᠮᠰᠠᠭᠠᠲᠠᠨ᠃
25 ᠶᠡᠬᠡᠷᠬᠡᠭ ᠬᠥᠮᠦᠨ ᠬᠡᠷᠡᠭᠦᠯ ᠥᠳᠥᠭᠡᠳᠡᠭ ᠴᠤ ᠶᠣᠬᠣᠸᠠ ᠳᠤ ᠨᠠᠢᠳᠠᠭᠴᠢ ᠨᠢ ᠥᠭᠡᠳᠡᠯᠡᠨ᠎ᠡ᠃
26 ᠪᠣᠳᠣᠯ ᠳᠠᠭᠠᠨ ᠨᠠᠢᠳᠠᠭᠴᠢ ᠨᠢ ᠮᠤᠩ᠋ᠬᠠᠭ ᠤᠬᠠᠭᠠᠨ ᠲᠠᠢ ᠠᠯᠬᠤᠭᠴᠢ ᠨᠢ ᠭᠡᠲᠦᠯᠭᠡᠭᠳᠡᠨᠡ᠃
27 ᠬᠠᠷᠠᠴᠤ ᠶᠠᠳᠠᠭᠤᠰ ᠲᠤ ᠥᠭᠭᠥᠭᠴᠢ ᠨᠢ ᠬᠣᠮᠰᠠᠳᠠᠬᠤ ᠦᠭᠡᠢ ᠬᠠᠷᠠᠴᠠ ᠪᠠᠨ ᠪᠤᠷᠤᠭᠤᠯᠤᠭᠴᠢ ᠨᠢ ᠶᠡᠬᠡ ᠪᠡᠷ ᠬᠠᠷᠢᠶᠠᠭᠳᠠᠨ᠎ᠠ᠃
28 ᠪᠤᠷᠤᠭᠤᠲᠠᠨ ᠪᠣᠰᠪᠠᠯ ᠬᠥᠮᠦᠰ ᠨᠢᠭᠤᠭᠳᠠᠨ᠎ᠠ᠂ ᠮᠥᠬᠥᠪᠡᠯ ᠵᠥᠪᠲᠡᠨ ᠣᠯᠠᠰᠢᠷᠠᠨ᠎ᠠ᠃