1 2 3 4 5 6 7 8 9 10 11 12 13 14 15 16 17 18 19 20 21 22 23 24 25 26 27 28 29 30 31


ᠵᠦᠢᠷ ᠮᠡᠷᠭᠡᠨ ᠦᠭᠡᠰ ᠳᠥᠷᠪᠡ
 ᠮᠡᠷᠭᠡᠨ ᠤᠬᠠᠭᠠᠨ ᠢ ᠣᠯ
1 ᠬᠡᠦᠬᠡᠳ ᠤᠳ ᠡ᠂ ᠠᠪᠤ ᠶᠢᠨ ᠢᠶᠠᠨ ᠵᠢᠭᠠᠪᠤᠷᠢ ᠶᠢ ᠰᠣᠨᠣᠰᠴᠠᠭ᠎ᠠ ᠣᠶᠤᠨ ᠮᠡᠳᠡᠯᠭᠡ ᠶᠢ ᠣᠯᠬᠤ ᠳᠤ ᠠᠩ᠋ᠬᠠᠷᠴᠠᠭ᠎ᠠ᠃
2 ᠵᠠᠷᠴᠢᠮ ᠤᠨ ᠰᠠᠢᠨ ᠢ ᠥᠭᠭᠥᠶ᠎ᠡ ᠰᠤᠷᠭᠠᠯ ᠢ ᠮᠢᠨᠢ ᠪᠦᠦ ᠣᠷᠬᠢ᠃
3 ᠪᠢ ᠡᠴᠢᠭᠡ ᠶᠢᠨ ᠢᠶᠠᠨ ᠡᠩᠬᠦᠷᠡᠢ ᠨᠢ ᠡᠬᠡ ᠶᠢᠨ ᠢᠶᠠᠨ ᠭᠠᠭᠴᠠ ᠬᠦᠦ ᠨᠢ ᠪᠠᠢᠬᠤ ᠳᠤ
4 ᠡᠴᠢᠭᠡ ᠮᠢᠨᠢ ᠨᠠᠮᠠᠶᠢ ᠰᠤᠷᠭᠠᠳᠠᠭ ᠰᠠᠨ 《ᠵᠢᠷᠦᠬᠡ ᠰᠡᠳᠬᠢᠯ ᠳᠡᠭᠡᠨ ᠮᠢᠨᠦ ᠦᠭᠡᠰ ᠢ ᠠᠪ ᠲᠤᠰᠢᠶᠠᠯ ᠤᠳ ᠢ ᠮᠢᠨᠢ ᠰᠠᠬᠢᠵᠤ ᠠᠮᠢᠳᠤ ᠰᠡᠷᠡᠭᠦᠨ ᠪᠠᠢ᠃
5 ᠮᠡᠷᠭᠡᠨ ᠤᠬᠠᠭᠠᠨ ᠢ ᠣᠯ᠂ ᠤᠬᠠᠭᠠᠷᠠᠯ ᠢ ᠠᠪ ᠮᠢᠨᠦ ᠠᠮᠠᠨ ᠠᠴᠠ ᠭᠠᠷᠬᠤ ᠦᠭᠡ ᠶᠢ ᠪᠦᠦ ᠮᠠᠷᠲᠠ᠂ ᠲᠡᠭᠦᠨ ᠡᠴᠡ ᠪᠦᠦ ᠭᠠᠵᠢ᠃
6 ᠬᠠᠶᠠᠬᠤ ᠦᠭᠡᠢ ᠶᠠᠪᠤ᠂ ᠮᠡᠷᠭᠡᠨ ᠤᠬᠠᠭᠠᠨ ᠢ ᠬᠠᠮᠠᠭᠠᠯᠠᠬᠤ ᠪᠣᠯᠣᠨ᠎ᠠ᠂ ᠲᠡᠷᠡ ᠴᠢᠮᠠᠶᠢ ᠬᠠᠢᠷᠠᠯᠠ᠂ ᠴᠢ ᠲᠡᠭᠦᠨ ᠢ ᠬᠠᠷᠠᠭᠤᠯᠳᠠᠨ᠎ᠠ᠂ ᠲᠡᠷᠡ ᠴᠢᠮᠠᠶᠢ᠃
7 ᠮᠡᠷᠭᠡᠨ ᠤᠬᠠᠭᠠᠨ ᠭᠣᠣᠯ᠂ ᠮᠡᠷᠭᠡᠨ ᠤᠬᠠᠭᠠᠨ ᠢ ᠣᠯ ᠣᠯᠵᠤ ᠠᠪᠤᠭᠰᠠᠨ ᠪᠦᠬᠦᠨ ᠢᠶᠡᠷ ᠢᠶᠠᠨ ᠣᠶᠤᠨ ᠮᠡᠳᠡᠯᠭᠡ ᠶᠢ ᠣᠯ᠃
8 ᠡᠷᠭᠦᠮᠵᠢᠯᠡ ᠲᠡᠭᠦᠨ ᠢ ᠡᠷᠭᠦᠨ᠎ᠡ᠂ ᠲᠡᠷᠡ ᠴᠢᠮᠠᠶᠢ ᠲᠡᠪᠡᠷᠢ᠂ ᠲᠡᠭᠦᠨ ᠢ ᠠᠯᠳᠠᠷᠰᠢᠭᠤᠯᠤᠨ᠎ᠠ᠂ ᠲᠡᠷᠡ ᠴᠢᠮᠠᠶᠢ
9 ᠦᠵᠡᠰᠬᠦᠯᠡᠩᠲᠦ ᠴᠡᠴᠡᠭ ᠦᠨ ᠰᠦᠯᠵᠢᠶ᠎ᠡ ᠶᠢ ᠲᠣᠯᠣᠭᠠᠢ ᠳᠤ ᠴᠢᠨᠢ ᠵᠡᠭᠦᠯᠭᠡᠵᠦ ᠢᠷᠠᠭᠤ ᠠᠯᠳᠠᠷ ᠤᠨ ᠲᠢᠲᠢᠮ ᠢ ᠴᠢᠮ᠎ᠠ ᠳᠤ ᠰᠣᠶᠣᠷᠬᠠᠨ᠎ᠠ》 ᠭᠡᠵᠦ ᠬᠡᠯᠡᠭᠰᠡᠨ᠃

10 ᠬᠦᠦ ᠮᠢᠨᠢ᠂ ᠴᠢ ᠰᠣᠨᠣᠰ ᠦᠭᠡᠰ ᠢ ᠮᠢᠨᠢ ᠬᠦᠯᠢᠶᠡᠵᠦ ᠠᠪ ᠠᠮᠢᠳᠤᠷᠠᠯ ᠤᠨ ᠴᠢᠨᠢ ᠣᠨ ᠵᠢᠯ ᠤᠳ ᠨᠡᠮᠡᠭᠳᠡᠬᠦ ᠪᠣᠯᠣᠨ᠎ᠠ᠃
11 ᠴᠢᠮ᠎ᠠ ᠳᠤ ᠪᠢ ᠮᠡᠷᠭᠡᠨ ᠤᠬᠠᠭᠠᠨ ᠤ ᠵᠠᠮ ᠢ ᠵᠢᠭᠠᠶ᠎ᠠ ᠴᠢᠮᠠᠶᠢ ᠪᠠᠰᠠ ᠴᠢᠭ᠍ᠴᠢ ᠵᠠᠮ ᠢᠶᠠᠷ ᠬᠥᠲᠥᠯᠥᠶ᠎ᠡ
12 ᠠᠯᠬᠤᠬᠤ ᠳᠤ ᠠᠯᠬᠤᠮ ᠴᠢᠨᠢ ᠰᠠᠭᠠᠷᠠᠬᠤ ᠦᠭᠡᠢ ᠭᠦᠶᠦᠬᠦ ᠳᠦ ᠴᠤ ᠪᠦᠳᠦᠷᠢᠬᠦ ᠦᠭᠡᠢ ᠪᠣᠯᠣᠨ᠎ᠠ᠃
13 ᠵᠢᠭᠠᠪᠤᠷᠢ ᠡᠴᠡ ᠵᠢᠭᠤᠷᠠ᠂ ᠪᠦᠦ ᠰᠤᠯᠠᠷᠠᠭᠤᠯ ᠠᠮᠢ ᠴᠢᠨᠢ ᠲᠡᠷᠡ᠂ ᠲᠡᠭᠦᠨ ᠢ ᠬᠠᠳᠠᠭᠠᠯᠠ᠂
14 ᠪᠤᠷᠤᠭᠤᠲᠠᠨ ᠤ ᠵᠢᠮ ᠢᠶᠠᠷ ᠪᠢᠲᠡᠭᠡᠢ ᠣᠷᠣ ᠪᠤᠵᠠᠷ ᠮᠠᠭᠤ ᠶᠢᠨ ᠵᠠᠮ ᠢ ᠪᠦᠦ ᠵᠣᠷᠢ
15 ᠡᠭᠦᠨ ᠢᠶᠡᠷ ᠥᠩᠭᠡᠷᠡᠯ ᠦᠭᠡᠢ ᠵᠠᠢᠯᠠ ᠡᠷᠭᠢᠵᠦ ᠳᠡᠭᠡᠭᠦᠷ ᠨᠢ ᠥᠩᠭᠡᠷᠡ᠃
16 ᠲᠡᠳᠡ ᠬᠣᠷᠣᠨ ᠮᠠᠭᠤ ᠶᠢ ᠦᠢᠯᠡᠳᠬᠦ ᠦᠭᠡᠢ ᠪᠣᠯ ᠤᠨᠲᠠᠬᠤ ᠦᠭᠡᠢ ᠬᠥᠮᠦᠨ ᠢ ᠪᠦᠳᠦᠷᠢᠭᠦᠯᠬᠦ ᠦᠭᠡᠢ ᠪᠣᠯ ᠨᠣᠢᠷ ᠬᠦᠷᠬᠦ ᠦᠭᠡᠢ᠃
17 ᠲᠡᠳᠡ ᠪᠤᠷᠤᠭᠤᠲᠠᠨ ᠤ ᠪᠣᠣᠪᠣ ᠶᠢ ᠢᠳᠡᠳᠡᠭ ᠬᠦᠴᠦᠷᠬᠡᠭᠯᠡᠯ ᠦᠨ ᠳᠠᠷᠠᠰᠤ ᠶᠢ ᠤᠤᠭᠤᠳᠠᠭ᠃
18 ᠵᠥᠪᠲᠦ ᠬᠥᠮᠦᠨ ᠦ ᠵᠠᠮ ᠦᠷ ᠦᠨ ᠲᠤᠶᠠᠭ᠎ᠠ ᠮᠡᠲᠦ ᠭᠡᠶᠢᠨ ᠭᠡᠶᠢᠭᠰᠡᠭᠡᠷ ᠲᠡᠷᠡ ᠨᠢ ᠪᠦᠷᠢᠨ ᠭᠡᠭᠡ ᠲᠠᠢ ᠡᠳᠦᠷ ᠪᠣᠯᠣᠨ᠎ᠠ᠃
19 ᠪᠤᠷᠤᠭᠤᠲᠠᠨ ᠤ ᠵᠠᠮ ᠲᠦᠨᠡᠷ ᠬᠠᠷᠠᠩ᠋ᠭᠤᠢ ᠮᠡᠲᠦ ᠪᠦᠳᠦᠷᠢᠵᠦ ᠶᠠᠪᠤᠭ᠎ᠠ ᠤᠴᠢᠷ ᠢᠶᠠᠨ ᠲᠡᠳᠡ ᠦᠯᠦ ᠮᠡᠳᠡᠨ᠎ᠡ᠃

20 ᠬᠦᠦ ᠮᠢᠨᠢ ᠴᠢ ᠦᠭᠡ ᠶᠢ ᠮᠢᠨᠢ ᠠᠩ᠋ᠬᠠᠷ ᠬᠦᠦᠷᠨᠢᠵᠦ ᠬᠡᠯᠡᠬᠦ ᠳᠦ ᠮᠢᠨᠢ ᠴᠢᠬᠢ ᠪᠠᠨ ᠴᠢᠭᠯᠡᠭᠦᠯ
21 ᠦᠵᠡᠬᠦ ᠨᠢᠳᠦᠨ ᠡᠴᠡ ᠪᠡᠨ ᠪᠦᠦ ᠰᠠᠯᠭ᠎ᠠ ᠥᠷᠥ ᠵᠢᠷᠦᠬᠡᠨ ᠳᠡᠭᠡᠨ ᠲᠡᠭᠦᠨ ᠢ ᠪᠠᠢᠯᠭ᠎ᠠ᠃
22 ᠡᠨᠡ ᠨᠢ ᠣᠯᠣᠭᠰᠠᠨ ᠬᠥᠮᠦᠨ ᠳᠡᠭᠡᠨ ᠠᠮᠢ ᠥᠪᠴᠢ ᠪᠡᠶ᠎ᠡ ᠳᠦᠨᠢ ᠡᠳᠡᠭᠡᠷᠡᠯ᠃
23 ᠶᠠᠭᠤᠨ ᠠᠴᠠ ᠴᠤ ᠢᠯᠡᠭᠦᠦ ᠪᠡᠷ ᠵᠢᠷᠦᠬᠡ ᠪᠡᠨ ᠬᠠᠮᠠᠭᠠᠯᠠ ᠲᠡᠷᠡ ᠪᠣᠯ ᠠᠮᠢ ᠶᠢᠨ ᠤᠨᠳᠤᠷᠤᠭ᠎ᠠ ᠶᠤᠮ᠃
24 ᠭᠠᠵᠢ ᠪᠤᠷᠤᠭᠤ ᠶᠢ ᠠᠮᠠᠨ ᠠᠴᠠ ᠪᠠᠨ ᠵᠠᠢᠯᠠᠭᠤᠯ ᠭᠠᠵᠢᠭᠤ ᠶᠢ ᠣᠷᠣᠭᠤᠯ ᠠᠴᠠ ᠪᠠᠨ ᠬᠣᠯᠠᠳᠠᠭᠤᠯ
25 ᠨᠢᠳᠦ ᠴᠢᠨᠢ ᠡᠮᠦᠨᠡᠰᠢ ᠪᠠᠨ ᠠᠩ᠋ᠬᠠᠷᠤᠭ ᠬᠠᠷᠠᠭ᠎ᠠ ᠴᠢᠨᠢ ᠤᠷᠤᠭᠰᠢ ᠪᠠᠨ ᠴᠢᠭᠯᠡᠭ᠃
26 ᠬᠥᠯ ᠦᠨ ᠢᠶᠠᠨ ᠮᠥᠷ ᠢ ᠪᠤᠯᠭᠤᠭ᠎ᠠ ᠵᠠᠮ ᠪᠣᠯᠭᠠᠨ ᠴᠢᠨᠢ ᠪᠠᠲᠤ ᠪᠣᠯᠣᠨ᠎ᠠ᠃
27 ᠪᠠᠷᠠᠭᠤᠨᠰᠢ ᠵᠡᠭᠦᠨᠰᠢ ᠪᠦᠦ ᠬᠠᠵᠠᠢ ᠪᠠᠯᠠᠢ ᠮᠠᠭᠤ ᠠᠴᠠ ᠬᠥᠯ ᠢᠶᠡᠨ ᠲᠡᠳᠡ᠃