ᠵᠦᠢᠷ ᠮᠡᠷᠭᠡᠨ ᠦᠭᠡᠰ ᠠᠷᠪᠠᠨ ᠳᠥᠷᠪᠡ
1 ᠮᠡᠷᠭᠡᠨ ᠡᠮᠡᠭᠲᠡᠢ ᠭᠡᠷ ᠢᠶᠡᠨ ᠪᠣᠰᠬᠠᠨ᠎ᠠ ᠮᠤᠩ᠋ᠬᠠᠭ ᠨᠢ ᠭᠠᠷ ᠢᠶᠠᠷ ᠢᠶᠠᠨ ᠨᠤᠷᠠᠭᠠᠨ᠎ᠠ᠃
2 ᠭᠣᠣᠯᠴᠢ ᠠᠯᠬᠤᠭᠴᠢ ᠨᠢ ᠶᠣᠬᠣᠸᠠ ᠠᠴᠠ ᠡᠮᠢᠶᠡᠭᠴᠢ ᠭᠠᠵᠢᠭᠤ ᠵᠠᠮᠨᠠᠭᠴᠢ ᠨᠢ ᠲᠡᠭᠦᠨ ᠢ ᠪᠠᠰᠤᠭᠴᠢ᠃
3 ᠮᠤᠩ᠋ᠬᠠᠭ ᠤᠨ ᠠᠮᠠ ᠪᠠᠷᠳᠠᠮᠨᠠᠯ ᠤᠨ ᠢᠶᠠᠨ ᠲᠠᠰᠢᠭᠤᠷ ᠮᠡᠷᠭᠡᠨ ᠦ ᠣᠷᠣᠭᠤᠯ ᠥᠪᠡᠷ ᠦᠨ ᠢᠶᠠᠨ ᠬᠠᠷᠠᠭᠤᠯ᠃
4 ᠦᠬᠡᠷ ᠦᠭᠡᠢ ᠪᠣᠯ ᠣᠩ᠋ᠭᠣᠴᠠ ᠴᠡᠪᠡᠷᠬᠡᠨ ᠴᠤ ᠡᠯᠪᠡᠭ ᠣᠷᠣᠯᠭ᠎ᠠ ᠨᠢ ᠦᠬᠡᠷ ᠦᠨ ᠬᠦᠴᠦ ᠪᠡᠷ᠃
5 ᠦᠨᠡᠨᠴᠢ ᠭᠡᠷᠡᠴᠢ ᠬᠤᠳᠠᠯ ᠬᠡᠯᠡᠬᠦ ᠦᠭᠡᠢ ᠬᠠᠭᠤᠷᠮᠠᠴᠢ ᠭᠡᠷᠡᠴᠢ ᠬᠤᠳᠠᠯ ᠴᠠᠯᠴᠢᠳᠠᠭ᠃
6 ᠪᠠᠰᠤᠮᠵᠢᠯᠠᠭᠴᠢ ᠨᠢ ᠮᠡᠷᠭᠡᠨ ᠤᠬᠠᠭᠠᠨ ᠢ ᠡᠷᠢᠭᠰᠡᠨ ᠴᠤ ᠣᠯᠬᠤ ᠦᠭᠡᠢ ᠤᠬᠠᠭᠠᠷᠠᠭᠴᠢ ᠳᠤ ᠮᠡᠳᠡᠯᠭᠡ ᠬᠠᠷᠢᠨ ᠲᠦᠪᠡᠭ ᠦᠭᠡᠢ᠃
7 ᠮᠤᠩ᠋ᠬᠠᠭ ᠬᠥᠮᠦᠨ ᠡᠴᠡ ᠵᠠᠢᠯᠠ ᠲᠡᠭᠦᠨ ᠦ ᠣᠷᠣᠭᠤᠯ ᠠᠴᠠ ᠮᠡᠳᠡᠯᠭᠡ ᠣᠯᠳᠠᠬᠤ ᠦᠭᠡᠢ᠃
8 ᠬᠡᠷᠰᠡᠦ ᠨᠢ ᠵᠠᠮ ᠢ ᠮᠡᠳᠡᠳᠡᠭ ᠢᠶᠡᠷ ᠢᠶᠠᠨ ᠮᠡᠷᠭᠡᠨ ᠮᠤᠯᠭᠤᠤ ᠨᠢ ᠵᠠᠯᠢ ᠮᠡᠬᠡ ᠲᠠᠢ ᠪᠠᠷ ᠢᠶᠠᠨ ᠮᠤᠩ᠋ᠬᠠᠭ 18 ᠃
9 ᠲᠡᠨᠡᠭ ᠨᠢ ᠨᠢᠭᠦᠯ ᠦᠨ ᠲᠠᠬᠢᠯ ᠢ ᠪᠠᠰᠤᠮᠵᠢᠯᠠᠬᠤ ᠳᠤ ᠴᠢᠭ᠍ᠴᠢ ᠬᠥᠮᠦᠰ ᠦᠨ ᠳᠤᠮᠳᠠ ᠲᠠᠭᠠᠯᠠᠯ ᠪᠤᠢ᠃
10 ᠰᠡᠳᠬᠢᠯ ᠤᠨ ᠵᠣᠪᠠᠯᠠᠩ ᠢ ᠥᠪᠡᠷ ᠢᠶᠡᠨ ᠯᠠ ᠮᠡᠳᠡᠨ᠎ᠡ ᠰᠡᠳᠬᠢᠯ ᠤᠨ ᠵᠢᠷᠭᠠᠯ ᠢ ᠥᠷᠥᠭᠡᠯ ᠨᠢ ᠬᠤᠪᠢᠶᠠᠯᠴᠠᠬᠤ ᠦᠭᠡᠢ᠃
11 ᠪᠤᠷᠤᠭᠤᠲᠠᠨ ᠤ ᠭᠡᠷ ᠮᠥᠬᠥᠨ᠎ᠡ ᠵᠥᠪᠲᠡᠨ ᠦ ᠣᠷᠣᠮᠵᠢ ᠮᠠᠨᠳᠤᠨ᠎ᠠ᠃
12 ᠬᠥᠮᠦᠨ ᠳᠦ ᠰᠢᠯᠤᠭᠤᠨ ᠬᠠᠷᠠᠭᠳᠠᠪᠠᠴᠤ ᠬᠣᠵᠢᠮ ᠨᠢ ᠦᠬᠦᠯ ᠳᠦ ᠬᠦᠷᠭᠡᠬᠦ ᠵᠠᠮ ᠪᠤᠢ᠃
13 ᠢᠨᠢᠶᠡᠬᠦ ᠳᠦ ᠴᠤ ᠰᠡᠳᠬᠢᠯ ᠤᠨ ᠵᠣᠪᠠᠨᠢᠯ ᠪᠠᠢᠬᠤ ᠨᠢ ᠪᠤᠢ ᠵᠢᠷᠭᠠᠯ ᠤᠨ ᠬᠣᠢᠨ᠎ᠠ ᠭᠠᠰᠢᠭᠤᠳᠠᠯ ᠪᠠᠢᠬᠤ ᠨᠢ ᠪᠤᠢ᠃
14 ᠤᠷᠪᠠᠮᠠᠲᠠᠭᠠᠢ ᠰᠠᠨᠠᠭᠠᠲᠠᠨ ᠴᠤ ᠰᠠᠢᠨ ᠬᠥᠮᠦᠨ ᠴᠤ ᠦᠢᠯᠡᠰ ᠦᠨ ᠢᠶᠠᠨ ᠬᠠᠷᠢᠭᠤ ᠶᠢ ᠬᠠᠨᠲᠠᠯ᠎ᠠ ᠪᠠᠨ ᠠᠮᠰᠠᠨ᠎ᠠ᠃
15 ᠭᠡᠨᠡᠨ ᠨᠢ ᠪᠦᠬᠦ ᠦᠭᠡ ᠶᠢ ᠦᠨᠡᠮᠰᠢᠵᠦ ᠬᠠᠰᠢᠷ ᠨᠢ ᠠᠯᠬᠤᠮ ᠢᠶᠠᠨ ᠬᠢᠨᠠᠨ᠎ᠠ᠃
16 ᠮᠡᠷᠭᠡᠨ ᠨᠢ ᠡᠮᠢᠶᠡᠵᠦ ᠮᠠᠭᠤ ᠠᠴᠠ ᠵᠠᠢᠯᠠᠳᠠᠭ ᠮᠤᠩ᠋ᠬᠠᠭ ᠨᠢ ᠶᠡᠬᠡᠷᠬᠡᠵᠦ ᠪᠡᠶ᠎ᠡ ᠪᠡᠨ ᠲᠣᠭᠣᠳᠠᠭ᠃
17 ᠣᠭᠵᠣᠮ ᠠᠭᠤᠷᠯᠠᠭᠴᠢ ᠮᠤᠯᠭᠤᠤ ᠶᠢ ᠦᠢᠯᠡᠳᠦᠨ᠎ᠡ ᠣᠪ ᠮᠡᠬᠡᠲᠡᠨ ᠵᠢᠭ᠍ᠰᠢᠭᠳᠡᠨᠡ᠃
18 ᠭᠡᠨᠡᠨ ᠨᠢ ᠮᠤᠩ᠋ᠬᠠᠭ ᠢ ᠥᠮᠴᠢᠯᠡᠨ᠎ᠡ ᠬᠠᠰᠢᠷ ᠨᠢ ᠮᠡᠳᠡᠯᠭᠡ ᠪᠡᠷ ᠲᠢᠲᠢᠮᠯᠡᠨᠡ᠃
19 ᠰᠠᠢᠨ ᠤ ᠡᠮᠦᠨ᠎ᠡ ᠮᠠᠭᠤ ᠨᠢ ᠪᠥᠬᠥᠢᠵᠦ ᠵᠥᠪᠲᠡᠨ ᠦ ᠡᠭᠦᠳᠡᠨ ᠳᠦ ᠪᠤᠷᠤᠭᠤᠲᠠᠨ ᠪᠥᠬᠥᠢᠨ᠎ᠡ᠃
20 ᠶᠠᠳᠠᠭᠤ ᠨᠢ ᠬᠥᠷᠰᠢ ᠳᠡᠭᠡᠨ ᠵᠢᠭ᠍ᠰᠢᠯ ᠲᠠᠢ ᠪᠠᠶᠠᠨ ᠨᠢ ᠣᠯᠠᠨ ᠨᠠᠢᠵᠢ ᠲᠠᠢ᠃
21 ᠬᠥᠷᠰᠢ ᠪᠠᠨ ᠱᠣᠣᠯᠠᠬᠤ ᠨᠢ ᠨᠢᠭᠦᠯ ᠪᠠᠭᠤᠷᠠᠢ ᠶᠢ ᠡᠨᠡᠷᠢᠬᠦ ᠨᠢ ᠪᠤᠶᠠᠨ᠃
22 ᠮᠠᠭᠤ ᠶᠢ ᠪᠣᠳᠣᠭᠴᠢ ᠨᠢ ᠲᠥᠭᠡᠷᠢᠬᠦ ᠪᠢᠰᠢ ᠤᠤ︖ ᠰᠠᠢᠨ ᠢ ᠪᠣᠳᠣᠭᠴᠢ ᠳᠤ ᠡᠨᠡᠷᠢᠯ ᠪᠠ ᠦᠨᠡᠨ ᠪᠤᠢ᠃
23 ᠬᠥᠳᠡᠯᠮᠦᠷᠢ ᠪᠦᠬᠦᠨ ᠳᠦ ᠠᠰᠢᠭ ᠪᠤᠢ ᠶᠠᠷᠢᠭᠰᠠᠭᠠᠷ ᠯᠠ ᠪᠠᠢᠪᠠᠯ ᠶᠠᠳᠠᠭᠤᠷᠠᠬᠤ ᠨᠢ ᠪᠤᠢ᠃
24 ᠮᠡᠷᠭᠡᠨ ᠳᠦ ᠪᠠᠶᠠᠯᠢᠭ ᠨᠢ ᠲᠢᠲᠢᠮ ᠮᠤᠩ᠋ᠬᠠᠭ ᠬᠠᠷᠢᠨ ᠲᠡᠨᠡᠭᠯᠡᠨ ᠲᠡᠨᠡᠭᠯᠡᠳᠡᠭ᠃
25 ᠦᠨᠡᠨ ᠦ ᠭᠡᠷᠡᠴᠢ ᠠᠮᠢ ᠠᠪᠤᠷᠠᠭᠴᠢ ᠬᠤᠳᠠᠯ ᠢ ᠤᠷᠤᠰᠬᠠᠭᠴᠢ ᠢᠲᠡᠭᠡᠯ ᠡᠪᠳᠡᠭᠴᠢ᠃
26 ᠶᠣᠬᠣᠸᠠ ᠠᠴᠠ ᠡᠮᠢᠶᠡᠭᠴᠢ ᠳᠤ ᠪᠠᠲᠤ ᠴᠠᠢᠵᠠ ᠦᠷ᠎ᠡ ᠬᠡᠦᠬᠡᠳ ᠲᠤᠨᠢ ᠬᠣᠷᠭᠣᠳᠠᠬᠤ ᠭᠠᠵᠠᠷ ᠪᠠᠢᠬᠤ ᠪᠣᠯᠣᠨ᠎ᠠ᠃
27 ᠶᠣᠬᠣᠸᠠ ᠠᠴᠠ ᠡᠮᠢᠶᠡᠬᠦᠢ ᠨᠢ ᠠᠮᠢ ᠶᠢᠨ ᠤᠨᠳᠤᠷᠤᠭ᠎ᠠ ᠦᠬᠦᠯ ᠦᠨ ᠲᠣᠣᠷ ᠠᠴᠠ ᠲᠡᠷᠡ ᠮᠤᠯᠲᠤᠯᠤᠨᠠ᠃
28 ᠣᠯᠠᠨ ᠠᠷᠠᠳ ᠨᠢ ᠬᠠᠭᠠᠨ ᠤ ᠰᠦᠷ ᠴᠥᠭᠡᠨ ᠠᠷᠠᠳ ᠨᠢ ᠨᠣᠶᠠᠨ ᠤ ᠰᠦᠢᠷᠡᠯ᠃
29 ᠠᠭᠤᠷᠯᠠᠬᠤ ᠳᠠᠭᠠᠨ ᠤᠳᠠᠭᠠᠨ ᠨᠢ ᠶᠡᠬᠡ ᠤᠬᠠᠭᠠᠨ ᠠᠳᠬᠤᠭᠤ ᠵᠠᠩ ᠲᠠᠢ ᠨᠢ ᠲᠡᠨᠡᠭ ᠢᠶᠡᠨ ᠢᠯᠡᠷᠬᠡᠶᠢᠯᠡᠨ᠎ᠡ᠃
30 ᠡᠷᠡᠭᠦᠯ ᠰᠡᠳᠬᠢᠯ ᠪᠡᠶ᠎ᠡ ᠳᠦ ᠠᠮᠢ ᠠᠲᠠᠭᠠᠷᠬᠠᠯ ᠶᠠᠰᠤᠨ ᠳᠤ ᠢᠯᠵᠢᠷᠠᠯ᠃
31 ᠪᠠᠭᠤᠷᠠᠢ ᠶᠢ ᠳᠠᠷᠤᠯᠠᠭᠴᠢ ᠪᠦᠲᠦᠭᠡᠭᠴᠢ ᠶᠢ ᠨᠢ ᠪᠠᠰᠤᠭᠴᠢ ᠦᠭᠡᠭᠦᠦ ᠶᠢ ᠡᠨᠡᠷᠢᠭ᠍ᠴᠢ ᠲᠡᠭᠦᠨ ᠢ ᠬᠦᠨᠳᠦᠯᠡᠭᠴᠢ᠃
32 ᠪᠤᠷᠤᠭᠤᠲᠠᠨ ᠬᠣᠷᠣᠨ ᠮᠠᠭᠤ ᠳᠠᠭᠠᠨ ᠬᠥᠭᠡᠭᠡᠭᠳᠡᠳᠡᠭ ᠪᠣᠯ ᠵᠥᠪᠲᠡᠨ ᠦᠬᠦᠬᠦ ᠳᠡᠭᠡᠨ ᠴᠤ ᠨᠠᠢᠳᠠᠪᠤᠷᠢ ᠲᠠᠢ᠃
33 ᠤᠬᠠᠭᠠᠯᠢᠭ ᠵᠢᠷᠦᠬᠡᠨ ᠳᠦ ᠮᠡᠷᠭᠡᠨ ᠤᠬᠠᠭᠠᠨ ᠣᠷᠣᠰᠢᠨ᠎ᠠ ᠮᠤᠩ᠋ᠬᠠᠭ ᠤᠨ ᠳᠣᠲᠣᠷ᠎ᠠ ᠪᠠᠢᠭ᠎ᠠ ᠨᠢ ᠮᠡᠳᠡᠭᠳᠡᠨ᠎ᠡ᠃
34 ᠵᠥᠪᠲᠦ ᠶᠣᠰᠣ ᠤᠯᠤᠰ ᠢ ᠮᠠᠨᠳᠤᠭᠤᠯᠵᠤ ᠭᠡᠮ ᠨᠢᠭᠦᠯ ᠨᠢ ᠠᠷᠠᠳ ᠤᠨ ᠢᠴᠢᠭᠦᠷᠢ᠃
35 ᠰᠡᠷᠭᠦᠯᠡᠩ ᠵᠠᠷᠤᠴᠠ ᠳᠤ ᠬᠠᠭᠠᠨ ᠤ ᠲᠠᠭᠠᠯᠠᠯ ᠰᠢᠪᠰᠢᠭ ᠲᠠᠷᠢᠭᠴᠢ ᠳᠤ ᠲᠡᠭᠦᠨ ᠦ ᠬᠢᠯᠢᠩ᠃