ᠨᠢᠭᠡᠳᠦᠭᠡᠷ ᠺᠣᠷᠢᠨᠲ ᠵᠢᠷᠭᠤᠭ᠎ᠠ
ᠦᠯᠦ ᠢᠲᠡᠭᠡᠭᠴᠢ ᠳᠤ ᠵᠠᠭᠠᠯᠳᠤᠬᠤ ᠲᠤᠬᠠᠢ
1 ᠲᠠ ᠨᠠᠷ ᠬᠣᠭᠣᠷᠣᠨᠳᠣ ᠪᠠᠨ ᠵᠥᠷᠢᠴᠡᠯᠳᠦᠬᠦ ᠳᠡᠭᠡᠨ ᠶᠠᠭᠠᠬᠢᠵᠤ ᠠᠷᠢᠭᠤᠨ ᠬᠥᠮᠦᠰ ᠲᠦ ᠪᠢᠰᠢ᠂ ᠬᠠᠷᠢᠨ ᠵᠥᠪᠲᠦ ᠪᠤᠰᠤ ᠬᠥᠮᠦᠰ ᠲᠦ ᠵᠠᠭᠠᠯᠳᠤᠬᠤ ᠵᠣᠷᠢᠭ ᠣᠷᠣᠪᠠ︖ 2 ᠠᠷᠢᠭᠤᠨ ᠬᠥᠮᠦᠰ ᠶᠢᠷᠲᠢᠨᠴᠦ ᠶᠢ ᠰᠢᠭᠦᠬᠦ ᠪᠣᠯᠣᠨ᠎ᠠ ᠭᠡᠳᠡᠭ ᠢ ᠲᠠ ᠨᠠᠷ ᠮᠡᠳᠡᠬᠦ ᠦᠭᠡᠢ ᠭᠡᠵᠢ ᠤᠤ︖ ᠲᠠ ᠨᠠᠷ ᠶᠢᠷᠲᠢᠨᠴᠦ ᠶᠢ ᠰᠢᠭᠦᠬᠦ ᠪᠠᠢᠲᠠᠯ᠎ᠠ ᠡᠢᠮᠦ ᠥᠴᠦᠬᠡᠨ ᠬᠡᠷᠡᠭ ᠢ ᠴᠤ ᠰᠢᠭᠦᠬᠦ ᠴᠢᠳᠠᠯ ᠦᠭᠡᠢ ᠭᠡᠵᠢ ᠤᠤ︖ 3 ᠪᠢᠳᠡ ᠲᠩᠷᠢ ᠡᠯᠴᠢ ᠶᠢ ᠴᠤ ᠰᠢᠭᠦᠬᠦ ᠪᠣᠯᠣᠨ᠎ᠠ ᠭᠡᠳᠡᠭ ᠢ ᠲᠠ ᠨᠠᠷ ᠮᠡᠳᠡᠬᠦ ᠦᠭᠡᠢ ᠭᠡᠵᠢ ᠤᠤ︖ ᠲᠡᠢᠮᠦ ᠪᠣᠯ ᠡᠨᠡ ᠨᠠᠰᠤᠨ ᠤ ᠬᠡᠷᠡᠭ ᠢ ᠰᠢᠭᠦᠬᠦ ᠨᠢ ᠨᠡᠩ ᠶᠠᠭᠤ ᠶᠤᠮ ᠪᠤᠢ︖ 4 ᠲᠡᠢᠮᠦ ᠪᠠᠢᠲᠠᠯ᠎ᠠ ᠲᠠ ᠨᠠᠷ ᠡᠨᠡ ᠨᠠᠰᠤᠨ ᠤ ᠬᠡᠷᠡᠭ ᠢᠶᠡᠨ ᠴᠢᠭᠤᠯᠭᠠᠨ ᠢ ᠬᠦᠨᠳᠦᠳᠬᠡᠳᠡᠭ ᠦᠭᠡᠢ ᠬᠥᠮᠦᠰ ᠢᠶᠡᠷ ᠰᠢᠭᠦᠯᠭᠡᠬᠦ ᠨᠢ ᠤᠤ︖ 5 ᠪᠢ ᠲᠠ ᠨᠠᠷ ᠢ ᠢᠴᠢᠭᠡᠬᠦ ᠭᠡᠵᠦ ᠡᠭᠦᠨ ᠢ ᠬᠡᠯᠡᠵᠦ ᠪᠠᠢᠨ᠎ᠠ᠂ ᠠᠬ᠎ᠠ ᠳᠡᠭᠦᠦ ᠨᠠᠷ ᠤᠨ ᠢᠶᠠᠨ ᠬᠣᠭᠣᠷᠣᠨᠳᠣᠬᠢ ᠬᠡᠷᠡᠭ ᠢ ᠰᠢᠭᠦᠬᠦ ᠴᠢᠳᠠᠪᠤᠷᠢ ᠲᠠᠢ ᠮᠡᠷᠭᠡᠨ ᠬᠥᠮᠦᠨ ᠲᠠ ᠨᠠᠷ ᠤᠨ ᠳᠤᠮᠳᠠ ᠭᠠᠭᠴᠠ ᠴᠤ ᠦᠭᠡᠢ ᠭᠡᠵᠦ 6 ᠠᠬ᠎ᠠ ᠳᠡᠭᠦᠦ ᠨᠢ ᠠᠬ᠎ᠠ ᠳᠡᠭᠦᠦ ᠪᠡᠨ ᠵᠠᠭᠠᠯᠳᠤᠬᠤ ᠨᠢ ᠤᠤ︖ ᠪᠠᠰᠠ ᠢᠲᠡᠭᠡᠭᠴᠢ ᠪᠤᠰᠤ ᠬᠥᠮᠦᠰ ᠦᠨ ᠡᠮᠦᠨ᠎ᠡ ᠰᠢᠦ᠃
7 ᠲᠠ ᠨᠠᠷ ᠪᠡᠶ᠎ᠡ ᠪᠡᠶ᠎ᠡ ᠪᠡᠨ ᠵᠠᠭᠠᠯᠳᠤᠭᠰᠠᠨ ᠢᠶᠠᠷ ᠢᠶᠠᠨ ᠨᠢᠭᠡᠨᠲᠡ ᠵᠠᠢᠯᠠᠰᠢ ᠦᠭᠡᠢ ᠠᠯᠳᠠᠭ᠎ᠠ ᠲᠠᠢ ᠪᠣᠯᠣᠭᠰᠠᠨ᠃ ᠢᠩᠭᠢᠬᠦ ᠶᠢᠨ ᠣᠷᠣᠨ ᠳᠤ ᠬᠢᠯᠢᠰᠳᠡᠬᠦ ᠨᠢ ᠳᠡᠭᠡᠷ᠎ᠡ ᠪᠢᠰᠢ ᠤᠤ︖ ᠬᠣᠬᠢᠷᠠᠬᠤ ᠨᠢ ᠳᠡᠭᠡᠷ᠎ᠡ ᠪᠢᠰᠢ ᠤᠤ︖ 8 ᠬᠠᠷᠢᠨ ᠲᠠ ᠨᠠᠷ ᠥᠪᠡᠷᠰᠡᠳ ᠢᠶᠡᠨ ᠠᠬ᠎ᠠ ᠳᠡᠭᠦᠦ ᠨᠠᠷ ᠲᠡᠭᠡᠨ ᠵᠥᠪ ᠪᠤᠰᠤ ᠶᠢ ᠠᠮᠰᠠᠭᠤᠯᠵᠤ ᠲᠡᠳᠡᠨ ᠢ ᠪᠠᠨ ᠮᠡᠬᠡᠯᠡᠵᠦ ᠪᠠᠢᠨ᠎ᠠ᠃
9 ᠵᠥᠪᠲᠦ ᠪᠤᠰᠤ ᠬᠥᠮᠦᠨ ᠪᠤᠷᠬᠠᠨ ᠤ ᠬᠠᠭᠠᠨᠴᠢᠯᠠᠯ ᠢ ᠥᠪᠯᠡᠵᠦ ᠴᠢᠳᠠᠬᠤ ᠦᠭᠡᠢ ᠭᠡᠳᠡᠭ ᠢ ᠲᠠ ᠨᠠᠷ ᠮᠡᠳᠡᠬᠦ ᠦᠭᠡᠢ ᠤᠤ︖ ᠪᠦᠦ ᠠᠨᠳᠠᠭᠤᠷᠠ᠃ ᠰᠠᠳᠤᠷᠯᠠᠭᠴᠢ᠂ ᠰᠢᠲᠦᠭᠡᠨᠲᠡᠨ᠂ ᠵᠠᠪᠬᠠᠢᠷᠠᠭᠴᠢ᠂ ᠶᠠᠩ᠋ᠬᠠᠨ ᠡᠷ᠎ᠡ᠂ ᠢᠵᠢᠯ ᠬᠦᠢᠰᠦᠲᠡᠨ ᠲᠡᠢ ᠪᠡᠨ ᠬᠤᠷᠢᠴᠠᠭᠴᠢ᠂ 10 ᠬᠤᠯᠠᠭᠠᠢᠴᠢ᠂ ᠰᠢᠨᠤᠬᠠᠢᠷᠠᠭᠴᠢ᠂ ᠠᠷᠢᠬᠢᠴᠢᠨ᠂ ᠭᠦᠳᠬᠡᠭᠴᠢ᠂ ᠮᠥᠯᠵᠢᠭ᠍ᠴᠢ ᠴᠥᠮ ᠪᠤᠷᠬᠠᠨ ᠤ ᠬᠠᠭᠠᠨᠴᠢᠯᠠᠯ ᠢ ᠥᠪᠯᠡᠵᠦ ᠴᠢᠳᠠᠬᠤ ᠦᠭᠡᠢ᠃ 11 ᠲᠠ ᠨᠠᠷ ᠤᠨ ᠵᠠᠷᠢᠮ ᠨᠢ ᠡᠢᠮᠦ ᠪᠠᠢᠭᠰᠠᠨ ᠪᠣᠯᠪᠠᠴᠤ ᠡᠵᠡᠨ ᠢᠰᠦ᠋ᠰ ᠾᠷᠢᠰᠲ᠋ᠣᠰ ᠤᠨ ᠨᠡᠷ᠎ᠡ ᠪᠣᠯᠣᠨ ᠪᠢᠳᠡᠨ ᠦ ᠪᠤᠷᠬᠠᠨ ᠤ ᠰᠦᠨᠡᠰᠦ ᠪᠡᠷ ᠤᠬᠢᠶᠠᠭᠳᠠᠭᠠᠳ ᠠᠷᠢᠭᠤᠳᠬᠠᠭᠳᠠᠨ ᠵᠥᠪᠲᠥᠭᠡᠭᠳᠡᠭᠰᠡᠨ ᠶᠤᠮ᠃
ᠰᠠᠳᠤᠷ ᠰᠠᠮᠠᠭᠤᠨ ᠠᠴᠠ ᠵᠠᠢᠯᠠ
12 《ᠪᠢ ᠶᠠᠭᠤ ᠶᠢ ᠴᠤ ᠬᠢᠵᠦ ᠪᠣᠯᠣᠨ᠎ᠠ》 ᠭᠡᠳᠡᠭ ᠪᠣᠯᠪᠠᠴᠤ ᠴᠥᠮ ᠲᠤᠰᠠ ᠲᠠᠢ ᠪᠢᠰᠢ᠃ 《ᠪᠢ ᠶᠠᠭᠤ ᠶᠢ ᠴᠤ ᠬᠢᠵᠦ ᠪᠣᠯᠣᠨ᠎ᠠ》 ᠭᠡᠳᠡᠭ ᠪᠣᠯᠪᠠᠴᠤ ᠪᠢ ᠶᠠᠭᠤᠨ ᠳᠤ ᠴᠤ ᠡᠷᠬᠡᠰᠢᠶᠡᠭᠳᠡᠵᠦ ᠪᠣᠯᠬᠤ ᠦᠭᠡᠢ᠃ 13 ᠬᠣᠭᠣᠯᠠ ᠤᠮᠳᠠ ᠪᠣᠯ ᠬᠣᠳᠣᠭᠣᠳᠣᠨ ᠤ ᠲᠥᠯᠥᠭᠡ᠂ ᠬᠣᠳᠣᠭᠣᠳᠣ ᠪᠣᠯ ᠬᠣᠭᠣᠯᠠ ᠤᠮᠳᠠ ᠶᠢᠨ ᠲᠥᠯᠥᠭᠡ ᠪᠠᠢᠳᠠᠭ᠃ ᠬᠠᠷᠢᠨ ᠪᠤᠷᠬᠠᠨ ᠡᠭᠦᠨ ᠢ ᠨᠢ ᠴᠤ᠂ ᠲᠡᠭᠦᠨ ᠢ ᠨᠢ ᠴᠤ ᠤᠰᠠᠳᠬᠠᠨ᠎ᠠ᠃ ᠪᠡᠶ᠎ᠡ ᠮᠠᠬᠠᠪᠣᠳ ᠪᠣᠯ ᠰᠠᠳᠤᠷ ᠰᠠᠮᠠᠭᠤᠨ ᠤ ᠲᠥᠯᠥᠭᠡ ᠪᠢᠰᠢ᠂ ᠬᠠᠷᠢᠨ ᠡᠵᠡᠨ ᠦ ᠲᠥᠯᠥᠭᠡ᠂ ᠡᠵᠡᠨ ᠴᠤ ᠪᠡᠶ᠎ᠡ ᠮᠠᠬᠠᠪᠣᠳ ᠤᠨ ᠲᠥᠯᠥᠭᠡ ᠪᠠᠢᠳᠠᠭ᠃ 14 ᠪᠤᠷᠬᠠᠨ ᠪᠡᠷ ᠡᠵᠡᠨ ᠢ ᠠᠮᠢᠯᠠᠭᠤᠯᠤᠭᠰᠠᠨ ᠲᠠᠢ ᠠᠳᠠᠯᠢ ᠪᠢᠳᠡᠨ ᠢ ᠴᠤ ᠥᠪᠡᠷ ᠦᠨ ᠢᠶᠠᠨ ᠬᠦᠴᠦ ᠪᠡᠷ ᠠᠮᠢᠯᠠᠭᠤᠯᠤᠨ᠎ᠠ᠃ 15 ᠪᠡᠶ᠎ᠡ ᠮᠠᠬᠠᠪᠣᠳ ᠴᠢᠨᠢ ᠾᠷᠢᠰᠲ᠋ᠣᠰ ᠤᠨ ᠡᠷᠬᠡᠲᠡᠨ ᠭᠡᠳᠡᠭ ᠢ ᠲᠠ ᠨᠠᠷ ᠮᠡᠳᠡᠬᠦ ᠦᠭᠡᠢ ᠭᠡᠵᠢ ᠤᠤ︖ ᠡᠰᠡᠬᠦᠯ᠎ᠡ ᠪᠢ ᠾᠷᠢᠰᠲ᠋ᠣᠰ ᠤᠨ ᠡᠷᠬᠡᠲᠡᠨ ᠡᠴᠡ ᠠᠪᠴᠤ ᠶᠠᠩ᠋ᠬᠠᠨ ᠤ ᠡᠷᠬᠡᠲᠡᠨ ᠪᠣᠯᠭᠠᠨ᠎ᠠ ᠤᠤ︖ ᠣᠭᠲᠣ ᠲᠡᠢᠮᠦ ᠪᠢᠰᠢ᠃ 16 ᠶᠠᠩ᠋ᠬᠠᠨ ᠲᠠᠢ ᠨᠡᠢᠯᠡᠭᠰᠡᠨ ᠬᠥᠮᠦᠨ ᠲᠡᠭᠦᠨ ᠲᠡᠢ ᠨᠢᠭᠡ ᠪᠡᠶ᠎ᠡ ᠪᠣᠯᠣᠭᠰᠠᠨ ᠭᠡᠳᠡᠭ ᠢ ᠲᠠ ᠨᠠᠷ ᠮᠡᠳᠡᠬᠦ ᠦᠭᠡᠢ ᠤᠤ︖ 《ᠬᠣᠶᠠᠭᠤᠯᠠ ᠪᠠᠨ ᠨᠢᠭᠡ ᠮᠢᠬᠠᠨ ᠪᠡᠶ᠎ᠡ ᠪᠣᠯᠣᠨ᠎ᠠ》 ᠭᠡᠰᠡᠨ ᠶᠤᠮ᠃ 17 ᠬᠠᠷᠢᠨ ᠡᠵᠡᠨ ᠲᠡᠢ ᠨᠡᠢᠯᠡᠭᠰᠡᠨ ᠬᠥᠮᠦᠨ ᠲᠡᠭᠦᠨ ᠲᠡᠢ ᠰᠦᠨᠡᠰᠦ ᠨᠢᠭᠡᠲᠡᠢ ᠶᠤᠮ᠃ 18 ᠰᠠᠳᠤᠷ ᠰᠠᠮᠠᠭᠤᠨ ᠠᠴᠠ ᠵᠠᠢᠯᠠᠭᠲᠤᠨ᠃ ᠬᠥᠮᠦᠨ ᠠᠯᠢᠪᠠ ᠨᠢᠭᠦᠯ ᠢ ᠪᠡᠶ᠎ᠡ ᠶᠢᠨ ᠢᠶᠠᠨ ᠭᠠᠳᠠᠨ᠎ᠠ ᠦᠢᠯᠡᠳᠳᠡᠭ ᠪᠣᠯ᠂ ᠰᠠᠳᠤᠷᠯᠠᠭᠴᠢ ᠨᠢ ᠥᠪᠡᠷ ᠦᠨ ᠢᠶᠠᠨ ᠪᠡᠶ᠎ᠡ ᠳᠡᠭᠡᠷ᠎ᠡ ᠨᠢᠭᠦᠯ ᠦᠢᠯᠡᠳᠳᠡᠭ᠃ 19 ᠪᠡᠶ᠎ᠡ ᠴᠢᠨᠢ ᠲᠠ ᠨᠠᠷ ᠤᠨ ᠳᠣᠲᠣᠷᠠᠬᠢ ᠠᠷᠢᠭᠤᠨ ᠰᠦᠨᠡᠰᠦᠨ ᠦ ᠥᠷᠭᠥᠭᠡ ᠭᠡᠳᠡᠭ ᠢ ᠲᠠ ᠨᠠᠷ ᠮᠡᠳᠡᠬᠦ ᠦᠭᠡᠢ ᠭᠡᠵᠢ ᠤᠤ︖ ᠲᠠ ᠨᠠᠷ ᠪᠤᠷᠬᠠᠨ ᠠᠴᠠ ᠠᠷᠢᠭᠤᠨ ᠰᠦᠨᠡᠰᠦ ᠶᠢ ᠬᠦᠷᠲᠡᠭᠰᠡᠨ᠂ ᠲᠠ ᠨᠠᠷ ᠤᠨ ᠪᠡᠶ᠎ᠡ ᠪᠣᠯ ᠥᠪᠡᠷᠰᠡᠳ ᠦᠨ ᠬᠢ ᠴᠢᠨᠢ ᠪᠢᠰᠢ᠂ 20 ᠪᠤᠷᠬᠠᠨ ᠲᠠ ᠨᠠᠷ ᠢ ᠦᠨ᠎ᠡ ᠲᠥᠯᠥᠪᠥᠷᠢ ᠲᠠᠢ ᠪᠠᠷ ᠬᠤᠳᠠᠯᠳᠤᠨ ᠠᠪᠤᠭᠰᠠᠨ ᠪᠣᠯᠬᠣᠷ ᠪᠡᠶ᠎ᠡ ᠪᠡᠷ ᠢᠶᠠᠨ ᠪᠤᠷᠬᠠᠨ ᠢ ᠠᠯᠳᠠᠷᠰᠢᠭᠤᠯᠤᠭᠲᠤᠨ᠃