1 2 3 4 5 6 7 8 9 10 11 12 13 14 15 16


ᠨᠢᠭᠡᠳᠦᠭᠡᠷ ᠺᠣᠷᠢᠨᠲ ᠲᠠᠪᠤ
 ᠵᠠᠪᠬᠠᠢ ᠶᠠᠪᠤᠳᠠᠯ ᠢ ᠵᠢᠮᠡᠯᠡᠭᠰᠡᠨ ᠨᠢ

1 ᠲᠠ ᠨᠠᠷ ᠤᠨ ᠳᠤᠮᠳᠠ ᠰᠠᠳᠤᠷ ᠰᠠᠮᠠᠭᠤᠨ ᠶᠠᠪᠤᠳᠠᠯ ᠬᠦᠷᠲᠡᠯ᠎ᠡ ᠪᠠᠢᠨ᠎ᠠ ᠭᠡᠵᠦ ᠳᠤᠭᠤᠯᠳᠠᠯ᠎ᠠ᠃ ᠬᠡᠨ ᠨᠢᠭᠡ ᠨᠢ ᠬᠣᠢᠲᠤ ᠡᠬᠡ ᠲᠠᠢ ᠪᠠᠨ ᠨᠥᠬᠥᠴᠡᠭᠰᠡᠨ ᠭᠡᠨ᠎ᠡ᠃ ᠡᠢᠮᠦᠷᠬᠦ ᠰᠠᠳᠤᠷ ᠰᠠᠮᠠᠭᠤᠨ ᠬᠠᠷᠢᠴᠤᠳ ᠤᠨ ᠳᠤᠮᠳᠠ ᠴᠤ ᠠᠯᠠᠭ᠎ᠠ᠃ 2 ᠭᠡᠲᠡᠯ᠎ᠡ ᠲᠠ ᠨᠠᠷ ᠣᠩᠭᠢᠷᠠᠵᠤ ᠪᠠᠢᠨ᠎ᠠ᠂ ᠲᠡᠭᠡᠬᠦ ᠶᠢᠨ ᠣᠷᠣᠨ ᠳᠤ ᠲᠠ ᠨᠠᠷ ᠭᠠᠰᠢᠭᠤᠳᠠᠵᠤ ᠡᠨᠡ ᠬᠡᠷᠡᠭ ᠢ ᠦᠢᠯᠡᠳᠦᠭᠰᠡᠨ ᠬᠥᠮᠦᠨ ᠢ ᠥᠪᠡᠷᠰᠡᠳ ᠦᠨ ᠢᠶᠠᠨ ᠳᠤᠮᠳᠠ ᠠᠴᠠ ᠬᠥᠭᠡᠭᠡᠵᠦ ᠭᠠᠷᠭᠠᠬᠤ ᠦᠭᠡᠢ ᠤᠤ︖

3 ᠪᠢ ᠮᠢᠬᠠᠨ ᠪᠡᠶ᠎ᠡ ᠪᠡᠷ ᠢᠶᠠᠨ ᠲᠠ ᠨᠠᠷ ᠲᠠᠢ ᠬᠠᠮᠲᠤ ᠪᠠᠢᠬᠤ ᠦᠭᠡᠢ ᠪᠣᠯᠪᠠᠴᠤ ᠰᠦᠨᠡᠰᠦ ᠪᠡᠷ ᠢᠶᠠᠨ ᠲᠠ ᠨᠠᠷ ᠲᠠᠢ ᠬᠠᠮᠲᠤ ᠪᠠᠢᠵᠤ᠂ ᠡᠨᠡ ᠬᠡᠷᠡᠭ ᠢ ᠦᠢᠯᠡᠳᠦᠭᠰᠡᠨ ᠬᠥᠮᠦᠨ ᠢ ᠲᠡᠨᠳᠡ ᠪᠠᠢᠭ᠎ᠠ ᠮᠡᠲᠦ ᠨᠢᠭᠡᠨᠲᠡ ᠰᠢᠭᠦᠪᠡ᠃ 4 ᠲᠠ ᠨᠠᠷ ᠡᠵᠡᠨ ᠢᠰᠦ᠋ᠰ ᠤᠨ ᠨᠡᠷ᠎ᠡ ᠪᠡᠷ ᠴᠤᠭᠯᠠᠷᠠᠬᠤ ᠦᠶ᠎ᠡ ᠳᠦ᠂ ᠮᠢᠨᠦ ᠰᠦᠨᠡᠰᠦ ᠴᠤ ᠪᠢᠳᠡᠨ ᠦ ᠡᠵᠡᠨ ᠢᠰᠦ᠋ᠰ ᠲᠠᠢ ᠬᠠᠮᠲᠤ ᠪᠠᠢᠳᠠᠭ᠃ 5 ᠲᠡᠳᠡᠭᠡᠷ ᠬᠥᠮᠦᠨ ᠢ ᠰᠠᠲ᠋ᠠᠨ ᠳᠤ ᠲᠤᠰᠢᠶᠠ᠂ ᠢᠩᠭᠢᠬᠦ ᠨᠢ ᠲᠡᠭᠦᠨ ᠦ ᠨᠢᠭᠦᠯᠲᠦ ᠤᠭ ᠴᠢᠨᠠᠷ 4 ᠰᠥᠨᠥᠭᠡᠭᠳᠡᠭᠡᠳ ᠡᠵᠡᠨ ᠦ ᠡᠳᠦᠷ ᠰᠦᠨᠡᠰᠦ ᠨᠢ ᠠᠪᠤᠷᠠᠭᠳᠠᠭᠠᠰᠠᠢ ᠭᠡᠰᠡᠨ ᠳᠡᠭᠡᠨ ᠶᠤᠮ᠃

6 ᠲᠠ ᠨᠠᠷ ᠤᠨ ᠰᠠᠢᠷᠬᠠᠬᠤ ᠨᠢ ᠰᠠᠢᠨ ᠪᠢᠰᠢ᠂ ᠵᠢᠭᠠᠬᠠᠨ ᠢᠰᠭᠡᠭᠦᠷ ᠨᠢ ᠭᠤᠯᠢᠷ ᠢ ᠪᠦᠬᠦᠯᠢ ᠳᠦᠨᠢ ᠢᠰᠭᠡᠳᠡᠭ ᠢ ᠮᠡᠳᠡᠬᠦ ᠦᠭᠡᠢ ᠭᠡᠵᠢ ᠤᠤ︖ 7 ᠲᠠ ᠨᠠᠷ ᠬᠠᠭᠤᠴᠢᠨ ᠢᠰᠭᠡᠭᠦᠷ ᠢᠶᠡᠨ ᠬᠠᠶᠠᠵᠠᠭ᠎ᠠ᠂ ᠲᠡᠭᠡᠪᠡᠯ ᠰᠢᠨ᠎ᠡ ᠭᠤᠯᠢᠷ ᠪᠣᠯᠣᠨ᠎ᠠ᠃ ᠾᠷᠢᠰᠲ᠋ᠣᠰ ᠲᠠᠬᠢᠯ ᠪᠣᠯᠵᠤ ᠠᠯᠠᠭᠳᠠᠭᠠᠳ ᠭᠡᠲᠦᠯᠭᠡᠭᠰᠡᠨ ᠦ ᠪᠠᠶᠠᠷ ᠤᠨ ᠬᠤᠷᠠᠭ᠎ᠠ ᠪᠣᠯᠣᠭᠰᠠᠨ ᠤᠴᠢᠷ ᠠᠴᠠ ᠲᠠ ᠨᠠᠷ ᠢᠰᠭᠡᠭᠦᠷ ᠦᠭᠡᠢ ᠪᠠᠢᠬᠤ ᠶᠣᠰᠣᠲᠠᠢ᠃ 8 ᠡᠢᠮᠦ ᠡᠴᠡ ᠪᠢᠳᠡ ᠬᠠᠭᠤᠴᠢᠨ ᠢᠰᠭᠡᠭᠦᠷ ᠢᠶᠡᠷ ᠪᠤᠰᠤ᠂ ᠬᠣᠷᠣᠨ ᠮᠠᠭᠤ ᠢᠰᠭᠡᠭᠦᠷ ᠢᠶᠡᠷ ᠴᠤ ᠪᠤᠰᠤ᠂ ᠬᠠᠷᠢᠨ ᠢᠰᠭᠡᠭᠦᠷ ᠦᠭᠡᠢ ᠴᠡᠪᠡᠷ ᠦᠨᠡᠨ ᠦ ᠪᠣᠣᠪᠣ ᠪᠠᠷ ᠡᠨᠡ ᠪᠠᠶᠠᠷ ᠢ ᠲᠡᠮᠳᠡᠭᠯᠡᠶ᠎ᠡ᠃

9 ᠰᠠᠳᠤᠷ ᠰᠠᠮᠠᠭᠤᠨ ᠬᠥᠮᠦᠨ ᠲᠡᠢ ᠪᠦᠦ ᠨᠥᠬᠥᠷᠯᠡ ᠭᠡᠵᠦ ᠪᠢ ᠵᠠᠬᠢᠳᠠᠯ ᠳᠠᠭᠠᠨ ᠲᠠ ᠨᠠᠷ ᠲᠤ ᠪᠢᠴᠢᠭᠰᠡᠨ ᠨᠢ᠂ 10 ᠡᠨᠡ ᠶᠢᠷᠲᠢᠨᠴᠦ ᠶᠢᠨ ᠰᠠᠳᠤᠷᠯᠠᠭᠴᠢᠳ᠂ ᠰᠢᠨᠤᠬᠠᠢᠷᠠᠭᠴᠢᠳ᠂ ᠮᠥᠯᠵᠢᠭ᠍ᠴᠢᠳ᠂ ᠰᠢᠲᠦᠭᠡᠨ ᠰᠢᠲᠦᠭᠴᠢᠳ ᠲᠠᠢ ᠣᠭᠲᠣ ᠪᠦᠦ ᠨᠥᠬᠥᠷᠯᠡ ᠭᠡᠰᠡᠨ ᠪᠢᠰᠢ᠃ ᠲᠡᠢᠮᠦ ᠪᠣᠯ ᠲᠠ ᠨᠠᠷ ᠡᠨᠡ ᠶᠢᠷᠲᠢᠨᠴᠦ ᠡᠴᠡ ᠰᠠᠯᠬᠤ ᠠᠴᠠ ᠥᠭᠡᠷ᠎ᠡ ᠠᠷᠭ᠎ᠠ ᠦᠭᠡᠢ ᠪᠣᠯᠣᠨ᠎ᠠ᠃ 11 ᠣᠳᠣ ᠮᠢᠨᠦ ᠪᠢᠴᠢᠵᠦ ᠪᠠᠢᠭ᠎ᠠ ᠨᠢ ᠠᠬ᠎ᠠ ᠳᠡᠭᠦᠦ ᠬᠡᠮᠡᠭᠳᠡᠬᠦ ᠬᠥᠮᠦᠨ ᠦ ᠬᠡᠨ ᠨᠢᠭᠡ ᠨᠢ ᠵᠠᠪᠬᠠᠢᠷᠠᠭᠴᠢ᠂ ᠰᠢᠨᠤᠬᠠᠢᠷᠠᠭᠴᠢ᠂ ᠰᠢᠲᠦᠭᠡᠨᠲᠡᠨ᠂ ᠭᠦᠳᠬᠡᠭᠴᠢ᠂ ᠠᠷᠢᠬᠢᠴᠢᠨ ᠪᠤᠶᠤ ᠮᠥᠯᠵᠢᠭ᠍ᠴᠢ ᠶᠤᠮ ᠪᠣᠯ ᠲᠡᠭᠦᠨ ᠲᠡᠢ ᠪᠦᠦ ᠨᠥᠬᠥᠷᠯᠡ᠂ ᠬᠣᠭᠣᠯᠠ ᠴᠤ ᠬᠠᠮᠲᠤ ᠪᠦᠦ ᠢᠳᠡ ᠭᠡᠰᠡᠨ ᠦᠭᠡ᠃ 12 ᠭᠠᠳᠠᠨᠠᠬᠢ ᠬᠥᠮᠦᠰ ᠢ ᠰᠢᠭᠦᠬᠦ ᠨᠢ ᠨᠠᠳᠠ ᠳᠤ ᠶᠠᠮᠠᠷ ᠬᠠᠮᠢᠶ᠎ᠠ ᠲᠠᠢ ᠪᠤᠢ︖ ᠭᠡᠪᠡᠴᠦ ᠳᠣᠲᠣᠷᠠᠬᠢ ᠬᠥᠮᠦᠰ ᠢᠶᠡᠨ ᠰᠢᠭᠦᠬᠦ ᠨᠢ ᠲᠠ ᠨᠠᠷ ᠪᠢᠰᠢ ᠤᠤ︖ 13 ᠭᠠᠳᠠᠨᠠᠬᠢ ᠬᠥᠮᠦᠰ ᠢ ᠪᠤᠷᠬᠠᠨ ᠥᠪᠡᠷ ᠢᠶᠡᠨ ᠰᠢᠳᠬᠡᠨ᠎ᠡ᠃ ᠲᠡᠳᠡᠭᠡᠷ ᠬᠣᠷᠣᠨ ᠮᠠᠭᠤ ᠶᠢ ᠲᠠ ᠨᠠᠷ ᠥᠪᠡᠷᠰᠡᠳ ᠡᠴᠡ ᠪᠡᠨ ᠵᠠᠢᠯᠠᠭᠤᠯ᠃