1 2 3 4 5 6 7 8 9 10 11 12


ᠳ᠋ᠠᠨᠢᠶᠧᠯ ᠶᠢᠰᠦ
 ᠳ᠋ᠠᠨᠢᠶᠧᠯ ᠤᠨ ᠳᠠᠭᠠᠳᠬᠠᠯ

1 ᠮᠧᠳᠧᠴᠤᠳ ᠤᠨ ᠦᠷ᠎ᠡ ᠤᠳᠤᠮ ᠠᠬᠠᠰᠦ᠋ᠶᠧᠷᠦ᠋ ᠶᠢᠨ ᠬᠦᠦ ᠳ᠋ᠠᠷᠢᠶᠦ᠋ ᠶᠢᠨ ᠪᠠᠪᠢᠯᠣᠨᠴᠤᠳ ᠤᠨ ᠬᠠᠭᠠᠨ ᠪᠣᠯᠣᠭᠰᠠᠨ ᠤ ᠠᠩ᠋ᠬᠠᠳᠤᠭᠠᠷ ᠣᠨ ᠳᠤ᠂ 2 ᠲᠡᠭᠦᠨ ᠦ ᠬᠠᠭᠠᠨᠴᠢᠯᠠᠯ ᠤᠨ ᠠᠩ᠋ᠬᠠᠳᠤᠭᠠᠷ ᠣᠨ ᠳᠤ᠂ ᠳ᠋ᠠᠨᠢᠶᠧᠯ ᠪᠢ ᠶᠣᠬᠣᠸᠠ ᠠᠴᠠ ᠡᠰᠢ ᠦᠵᠡᠭᠦᠯᠦᠭᠴᠢ ᠶᠧᠷᠧᠮᠢᠶ᠎ᠠ ᠳᠤ ᠶᠠᠷᠢᠭᠰᠠᠨ ᠦᠭᠡ ᠶᠢᠨ ᠳᠠᠭᠠᠤ ᠶᠧᠷᠦ᠋ᠰᠠᠯᠧᠮ ᠤᠨ ᠰᠦᠢᠷᠡᠯ ᠦᠨ ᠬᠤᠭᠤᠴᠠᠭ᠎ᠠ ᠭᠦᠢᠴᠡᠬᠦ ᠳᠦ᠂ ᠳᠠᠯᠠᠨ ᠵᠢᠯ ᠪᠣᠯᠬᠤ ᠶᠢ ᠨᠣᠮ ᠳᠡᠭᠡᠷ᠎ᠡ ᠡᠴᠡ ᠣᠢᠯᠠᠭᠠᠯ᠎ᠠ᠃

3 ᠲᠡᠢᠮᠦ ᠡᠴᠡ ᠪᠢ ᠨᠢᠭᠤᠷ ᠢᠶᠠᠨ ᠡᠵᠡᠨ ᠪᠤᠷᠬᠠᠨ ᠤᠷᠤᠭᠤ ᠬᠠᠨᠳᠤᠭᠤᠯᠪᠠ᠃ ᠢᠩᠭᠢᠭᠡᠳ ᠪᠢ ᠪᠠᠴᠠᠭ ᠪᠠᠷᠢᠨ ᠲᠠᠭᠠᠷ ᠡᠮᠦᠰᠴᠦ᠂ ᠪᠡᠶ᠎ᠡ ᠳᠡᠭᠡᠷ᠎ᠡ ᠪᠡᠨ ᠦᠨᠡᠰᠦ ᠰᠠᠴᠤᠨ᠂ ᠳᠠᠭᠠᠳᠬᠠᠨ ᠭᠤᠶᠤᠵᠤ᠂ ᠲᠡᠭᠦᠨ ᠢ ᠬᠢᠴᠢᠶᠡᠩᠭᠦᠢᠯᠡᠨ ᠬᠠᠢᠪᠠ᠃ 4 ᠪᠢ ᠶᠣᠬᠣᠸᠠ ᠪᠤᠷᠬᠠᠨ ᠳᠠᠭᠠᠨ ᠳᠠᠭᠠᠳᠬᠠᠨ᠂ ᠨᠢᠭᠦᠯ ᠢᠶᠡᠨ ᠤᠯᠠᠢᠵᠤ᠄ 《ᠥ᠂ ᠡᠵᠡᠨ᠂ ᠠᠤᠭ᠎ᠠ ᠡᠮᠢᠶᠡᠭᠦᠰᠢᠲᠡᠢ ᠪᠤᠷᠬᠠᠨ ᠮᠢᠨᠢ᠂ ᠲᠠ ᠥᠪᠡᠷ ᠢ ᠲᠠᠨᠢ ᠬᠠᠢᠷᠠᠯᠠᠵᠤ᠂ ᠲᠤᠰᠢᠶᠠᠯ ᠤᠳ ᠢ ᠲᠠᠨᠢ ᠰᠠᠬᠢᠭᠴᠢᠳ ᠲᠤ ᠭᠡᠷ᠎ᠡ ᠪᠠ ᠬᠠᠢᠷ᠎ᠠ ᠡᠨᠡᠷᠢᠯ ᠢᠶᠠᠨ ᠰᠠᠬᠢᠳᠠᠭ᠃ 5 ᠪᠢᠳᠡ ᠨᠢᠭᠦᠯ ᠦᠢᠯᠡᠳᠴᠦ ᠪᠤᠷᠤᠭᠤᠳᠠᠭᠰᠠᠨ᠂ ᠬᠣᠷᠣᠨ ᠮᠠᠭᠤ ᠶᠢ ᠦᠢᠯᠡᠳᠦᠨ ᠲᠡᠷᠰᠯᠡᠵᠦ᠂ ᠲᠠᠨ ᠤ ᠲᠤᠰᠢᠶᠠᠯ ᠪᠣᠯᠣᠨ ᠲᠣᠭᠲᠠᠭᠠᠯ ᠤᠳ ᠠᠴᠠ ᠬᠣᠯᠠᠳᠠᠭᠰᠠᠨ ᠪᠢᠯᠡ᠃ 6 ᠲᠠᠨ ᠤ ᠵᠠᠷᠤᠴᠠ ᠡᠰᠢ ᠦᠵᠡᠭᠦᠯᠦᠭᠴᠢᠳ ᠲᠠᠨ ᠤ ᠨᠡᠷ᠎ᠡ ᠪᠡᠷ ᠪᠢᠳᠡᠨ ᠦ ᠬᠠᠭᠠᠳ ᠨᠣᠶᠠᠳ᠂ ᠡᠴᠢᠭᠡ ᠡᠪᠦᠭᠡᠳ ᠬᠢᠭᠡᠳ ᠨᠤᠲᠤᠭ ᠤᠨ ᠪᠦᠬᠦ ᠠᠷᠠᠳ ᠣᠯᠠᠨ ᠳᠤ ᠶᠠᠷᠢᠭᠰᠠᠨ ᠪᠣᠯᠪᠠᠴᠤ ᠪᠢᠳᠡ ᠰᠣᠨᠣᠰᠣᠭ᠎ᠠ ᠦᠭᠡᠢ᠃

7 ᠡᠵᠡᠨ ᠮᠢᠨᠢ᠂ ᠵᠥᠪ ᠨᠢ ᠲᠠᠨ ᠳᠤ ᠪᠠᠢᠬᠤ ᠳᠤ᠂ ᠬᠠᠷᠢᠨ ᠪᠢᠳᠡ ᠥᠨᠥᠳᠥᠷ ᠨᠢᠭᠤᠷ ᠦᠭᠡᠢ ᠪᠣᠯᠵᠠᠢ᠃ ᠶᠦᠳᠠᠴᠤᠳ᠂ ᠶᠧᠷᠦ᠋ᠰᠠᠯᠧᠮ ᠤᠨ ᠰᠠᠭᠤᠭᠠᠯᠢᠴᠢᠳ ᠲᠠᠨ ᠠᠴᠠ ᠤᠷᠪᠠᠵᠤ᠂ ᠲᠠᠨ ᠳᠤ ᠬᠥᠭᠡᠭᠡᠭᠳᠡᠨ ᠣᠢᠷ᠎ᠠ ᠬᠣᠯᠠ ᠶᠢᠨ ᠠᠯᠢᠪᠠ ᠭᠠᠵᠠᠷ ᠤᠷᠤᠭᠤ ᠶᠠᠪᠤᠭᠰᠠᠨ ᠪᠦᠬᠦ ᠢᠰᠷᠧᠯ ᠢᠴᠢᠭᠦᠷᠢ ᠳᠤ ᠣᠷᠣᠭᠰᠠᠨ ᠪᠠᠢᠨ᠎ᠠ᠃ 8 ᠶᠣᠬᠣᠸᠠ᠂ ᠪᠢᠳᠡ ᠲᠠᠨ ᠳᠤ ᠨᠢᠭᠦᠯ ᠦᠢᠯᠡᠳᠦᠭᠰᠡᠨ ᠪᠣᠯᠬᠣᠷ ᠮᠠᠨ ᠤ ᠬᠠᠭᠠᠳ ᠨᠣᠶᠠᠳ᠂ ᠡᠴᠢᠭᠡ ᠡᠪᠦᠭᠡᠳ ᠢᠴᠢᠭᠦᠷᠢ ᠳᠤ ᠣᠷᠣᠵᠠᠢ᠃ 9 ᠥᠷᠥᠰᠢᠶᠡᠯ ᠪᠠ ᠠᠭᠤᠴᠢᠯᠠᠯ ᠨᠢ ᠪᠢᠳᠡᠨ ᠦ ᠡᠵᠡᠨ ᠪᠤᠷᠬᠠᠨ ᠳᠤ ᠪᠤᠢ᠂ ᠬᠠᠷᠢᠨ ᠪᠢᠳᠡ ᠲᠠᠨ ᠠᠴᠠ ᠲᠡᠷᠰᠯᠡᠭᠰᠡᠨ᠃ 10 ᠪᠢᠳᠡ ᠶᠣᠬᠣᠸᠠ ᠪᠤᠷᠬᠠᠨ ᠳᠠᠭᠠᠨ ᠳᠤᠭᠤᠯᠭᠠᠪᠤᠷᠢ ᠦᠭᠡᠢ᠂ ᠲᠡᠭᠦᠨ ᠦ ᠵᠠᠷᠤᠴᠠ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠭᠰᠠᠨ ᠰᠤᠷᠭᠠᠯ ᠢ ᠵᠢᠷᠤᠮᠯᠠᠭᠰᠠᠨ ᠦᠭᠡᠢ᠃

11 ᠪᠦᠬᠦ ᠢᠰᠷᠧᠯ ᠲᠠᠨ ᠳᠤ ᠳᠤᠭᠤᠯᠭᠠᠪᠤᠷᠢ ᠦᠭᠡᠢ᠂ ᠲᠠᠨ ᠤ ᠰᠤᠷᠭᠠᠯ ᠠᠴᠠ ᠵᠥᠷᠢᠴᠡᠨ ᠭᠠᠵᠢᠭᠰᠠᠨ᠂ ᠪᠤᠷᠬᠠᠨ ᠤ ᠵᠠᠷᠤᠴᠠ ᠮᠣᠰᠧ ᠶᠢᠨ ᠬᠠᠤᠯᠢ ᠳᠤ ᠪᠢᠴᠢᠭᠳᠡᠭᠰᠡᠨ ᠲᠠᠩ᠋ᠭᠠᠷᠢᠭ ᠲᠠᠢ ᠬᠠᠷᠢᠶᠠᠯ ᠪᠢᠳᠡᠨ ᠦ ᠳᠡᠭᠡᠷ᠎ᠡ ᠪᠠᠭᠤᠭᠰᠠᠨ ᠨᠢ ᠪᠢᠳᠡ ᠲᠠᠨ ᠳᠤ ᠨᠢᠭᠦᠯ ᠦᠢᠯᠡᠳᠦᠭᠰᠡᠨ ᠤᠴᠢᠷ ᠠᠴᠠ ᠶᠤᠮ᠃ 12 ᠲᠠ ᠶᠡᠬᠡ ᠭᠠᠮᠰᠢᠭ ᠪᠠᠭᠤᠯᠭᠠᠵᠤ᠂ ᠪᠢᠳᠡᠨ ᠳᠦ ᠪᠣᠯᠣᠨ ᠪᠢᠳᠡᠨ ᠦ ᠵᠠᠬᠢᠷᠤᠭᠴᠢᠳ ᠲᠤ ᠠᠢᠯᠠᠳᠤᠭᠰᠠᠨ ᠦᠭᠡ ᠪᠡᠨ ᠪᠡᠶᠡᠯᠡᠭᠦᠯᠵᠡᠢ᠃ ᠦᠨᠡᠬᠡᠷ ᠶᠧᠷᠦ᠋ᠰᠠᠯᠧᠮ ᠳᠤ ᠪᠣᠯᠣᠭᠰᠠᠨ ᠰᠢᠭ᠋ ᠶᠠᠪᠤᠳᠠᠯ ᠲᠩᠷᠢ ᠶᠢᠨ ᠳᠣᠣᠷ᠎ᠠ ᠬᠠᠮᠢᠭ᠎ᠠ ᠴᠤ ᠪᠣᠯᠵᠤ ᠪᠠᠢᠭ᠎ᠠ ᠦᠭᠡᠢ᠃ 13 ᠮᠣᠰᠧ ᠶᠢᠨ ᠬᠠᠤᠯᠢ ᠳᠤ ᠪᠢᠴᠢᠭᠳᠡᠭᠰᠡᠨ ᠶᠣᠰᠣᠭᠠᠷ ᠡᠨᠡ ᠪᠦᠬᠦ ᠭᠠᠮᠰᠢᠭ ᠪᠢᠳᠡᠨ ᠦ ᠳᠡᠭᠡᠷ᠎ᠡ ᠪᠠᠭᠤᠭᠰᠠᠨ ᠪᠣᠯᠪᠠᠴᠤ ᠪᠢᠳᠡ ᠭᠡᠮ ᠪᠤᠷᠤᠭᠤ ᠠᠴᠠ ᠪᠠᠨ ᠡᠷᠭᠢᠬᠦ ᠪᠤᠶᠤ ᠲᠠᠨ ᠤ ᠦᠨᠡᠨ ᠡᠴᠡ ᠤᠬᠠᠭᠠᠷᠠᠯ ᠢ ᠣᠯᠬᠤ ᠪᠠᠷ ᠶᠣᠬᠣᠸᠠ ᠪᠤᠷᠬᠠᠨ ᠤ ᠪᠠᠨ ᠥᠷᠥᠰᠢᠶᠡᠯ ᠢ ᠭᠤᠶᠤᠭ᠎ᠠ ᠦᠭᠡᠢ᠃ 14 ᠶᠣᠬᠣᠸᠠ ᠭᠠᠮᠰᠢᠭ ᠢ ᠬᠠᠳᠠᠭᠠᠯᠠᠵᠤ ᠪᠠᠢᠭᠰᠠᠨ ᠢᠶᠠᠨ ᠪᠢᠳᠡᠨ ᠦ ᠳᠡᠭᠡᠷ᠎ᠡ ᠪᠠᠭᠤᠯᠭᠠᠭᠰᠠᠨ᠃ ᠪᠢᠳᠡ ᠲᠡᠭᠦᠨ ᠦ ᠳᠠᠭᠤ ᠳᠤ ᠳᠤᠭᠤᠯᠭᠠᠪᠤᠷᠢ ᠦᠭᠡᠢ ᠪᠠᠢᠭᠰᠠᠨ ᠪᠣᠯ᠂ ᠪᠢᠳᠡᠨ ᠦ ᠪᠤᠷᠬᠠᠨ ᠶᠣᠬᠣᠸᠠ ᠬᠢᠭᠰᠡᠨ ᠪᠦᠬᠦ ᠦᠢᠯᠡ ᠳᠡᠭᠡᠨ ᠵᠥᠪ ᠰᠢᠳᠤᠷᠭᠤ ᠪᠠᠢᠵᠠᠢ᠃

15 ᠬᠦᠴᠦᠷᠬᠡᠭ ᠮᠤᠲᠤᠷ ᠢᠶᠠᠷ ᠢᠶᠠᠨ ᠥᠪᠡᠷ ᠦᠨ ᠢᠶᠠᠨ ᠠᠷᠠᠳ ᠲᠦᠮᠡᠨ ᠢ ᠶᠧᠵᠢᠫᠲ ᠡᠴᠡ ᠭᠠᠷᠭᠠᠨ᠂ ᠥᠪᠡᠷ ᠢ ᠪᠠᠨ ᠥᠨᠥᠳᠥᠷ ᠦᠨ ᠬᠢ ᠰᠢᠭ ᠨᠡᠷ᠎ᠡ ᠠᠯᠳᠠᠷ ᠲᠠᠢ ᠪᠣᠯᠭᠠᠭᠰᠠᠨ ᠪᠢᠳᠡᠨ ᠦ ᠡᠵᠡᠨ ᠪᠤᠷᠬᠠᠨ ᠡ᠂ ᠪᠢᠳᠡ ᠨᠢᠭᠦᠯ ᠦᠢᠯᠡᠳᠴᠦ᠂ ᠭᠡᠮ ᠪᠤᠷᠤᠭᠤ ᠲᠠᠢ ᠪᠣᠯᠵᠠᠢ᠃ 16 ᠡᠵᠡᠨ ᠮᠢᠨᠢ᠂ ᠪᠦᠬᠦ ᠵᠥᠪ ᠦᠢᠯᠡ ᠶᠢᠨ ᠢᠶᠠᠨ ᠳᠠᠭᠠᠤ ᠥᠪᠡᠷ ᠦᠨ ᠢᠶᠠᠨ ᠬᠣᠲᠠ ᠶᠧᠷᠦ᠋ᠰᠠᠯᠧᠮ᠂ ᠥᠪᠡᠷ ᠦᠨ ᠢᠶᠠᠨ ᠠᠷᠢᠭᠤᠨ ᠠᠭᠤᠯᠠᠨ ᠠᠴᠠ ᠠᠭᠤᠷ ᠬᠢᠯᠢᠩ ᠢᠶᠠᠨ ᠪᠤᠴᠠᠭᠠᠵᠤ ᠠᠪᠤᠨ᠎ᠠ ᠤᠤ︖ ᠥᠪᠡᠷᠰᠡᠳ ᠦᠨ ᠮᠢᠨᠢ ᠨᠢᠭᠦᠯ ᠪᠣᠯᠣᠨ ᠡᠴᠢᠭᠡ ᠡᠪᠦᠭᠡᠳ ᠦᠨ ᠮᠢᠨᠢ ᠭᠡᠮ ᠪᠤᠷᠤᠭᠤ ᠠᠴᠠ ᠪᠣᠯᠵᠤ᠂ ᠶᠧᠷᠦ᠋ᠰᠠᠯᠧᠮ ᠪᠠ ᠲᠠᠨ ᠤ ᠠᠷᠠᠳ ᠲᠦᠮᠡᠨ ᠡᠷᠭᠢᠨ ᠲᠣᠭᠣᠷᠢᠨ ᠤ ᠪᠠᠨ ᠪᠦᠭᠦᠳᠡ ᠳᠦ ᠳᠣᠭᠣᠭᠢ ᠪᠣᠯᠣᠭᠰᠠᠨ ᠶᠤᠮ᠃ 17 ᠪᠢᠳᠡᠨ ᠦ ᠪᠤᠷᠬᠠᠨ᠂ ᠣᠳᠣ ᠵᠠᠷᠤᠴᠠ ᠶᠢᠨ ᠢᠶᠠᠨ ᠳᠠᠭᠠᠳᠬᠠᠯ ᠪᠠ ᠭᠤᠶᠤᠯᠲᠠ ᠶᠢ ᠰᠣᠨᠣᠰᠣᠭᠠᠴᠢ᠂ ᠡᠵᠡᠨ ᠮᠢᠨᠢ᠂ ᠥᠪᠡᠷ ᠦᠨ ᠢᠶᠠᠨ ᠲᠥᠯᠥᠭᠡ ᠡᠵᠡᠭᠦᠢᠷᠡᠭᠰᠡᠨ ᠠᠷᠢᠭᠤᠨ ᠭᠠᠵᠠᠷ ᠲᠠᠭᠠᠨ ᠨᠢᠭᠤᠷ ᠤᠨ ᠢᠶᠠᠨ ᠭᠡᠷᠡᠯ ᠢ ᠲᠤᠰᠬᠠᠭᠠᠴᠢ᠃ 18 ᠪᠤᠷᠬᠠᠨ ᠮᠢᠨᠢ ᠡ᠂ ᠴᠢᠬᠢ ᠪᠠᠨ ᠡᠷᠭᠢᠭᠦᠯᠦᠨ ᠰᠣᠨᠣᠰᠣᠨ᠎ᠠ ᠤᠤ︕ ᠮᠡᠯᠮᠡᠢ ᠪᠡᠨ ᠨᠡᠭᠡᠭᠡᠵᠦ᠂ ᠥᠪᠡᠷ ᠦᠨ ᠲᠠᠨᠢ ᠨᠡᠷ᠎ᠡ ᠪᠡᠷ ᠨᠡᠷᠡᠯᠡᠭᠳᠡᠳᠡᠭ ᠬᠣᠲᠠ ᠶᠢᠨ ᠬᠣᠭᠣᠰᠣᠷᠠᠭᠰᠠᠨ ᠪᠠᠢᠳᠠᠯ ᠢ ᠬᠠᠷᠠᠭᠠᠴᠢ᠃ ᠪᠢᠳᠡ ᠵᠥᠪ ᠰᠢᠳᠤᠷᠭᠤ ᠤᠴᠢᠷ ᠠᠴᠠ ᠪᠤᠰᠤ᠂ ᠬᠠᠷᠢᠨ ᠲᠠᠨ ᠤ ᠡᠨᠡᠷᠢᠯ ᠠᠭᠤᠤ ᠪᠣᠯᠬᠣᠷ ᠲᠠᠨ ᠤ ᠡᠮᠦᠨ᠎ᠡ ᠭᠤᠶᠤᠯᠲᠠ ᠪᠠᠨ ᠡᠷᠭᠦᠵᠦ ᠪᠠᠢᠨ᠎ᠠ᠃ 19 ᠡᠵᠡᠨ᠂ ᠴᠢᠩᠨᠠᠭᠠᠴᠢ︕ ᠡᠵᠡᠨ᠂ ᠥᠷᠥᠰᠢᠶᠡᠭᠡᠴᠢ︕ ᠡᠵᠡᠨ᠂ ᠰᠣᠨᠣᠰᠣᠭᠠᠳ ᠦᠢᠯᠡᠳᠦᠭᠡᠴᠢ︕ ᠪᠤᠷᠬᠠᠨ ᠮᠢᠨᠢ ᠡ᠂ ᠥᠪᠡᠷ ᠦᠨ ᠢᠶᠠᠨ ᠲᠥᠯᠥᠭᠡ ᠪᠦᠦ ᠬᠣᠢᠰᠢᠯᠠᠭᠤᠯᠤᠭᠠᠴᠢ᠃ ᠲᠠᠨ ᠤ ᠬᠣᠲᠠ ᠪᠣᠯᠣᠨ ᠲᠠᠨ ᠤ ᠠᠷᠠᠳ ᠲᠦᠮᠡᠨ ᠲᠠᠨ ᠤ ᠨᠡᠷ᠎ᠡ ᠪᠡᠷ ᠨᠡᠷᠡᠯᠡᠭᠳᠡᠳᠡᠭ ᠶᠤᠮ》 ᠭᠡᠪᠡ᠃
 ᠳᠠᠯᠠᠨ 《ᠳᠣᠯᠣᠭᠠᠨ》 ᠦᠶ᠎ᠡ

20 ᠪᠢ ᠶᠠᠷᠢᠵᠤ᠂ ᠳᠠᠭᠠᠳᠬᠠᠭᠰᠠᠭᠠᠷ᠂ ᠥᠪᠡᠷ ᠦᠨ ᠢᠶᠠᠨ ᠪᠣᠯᠣᠨ ᠠᠷᠠᠳ ᠲᠦᠮᠡᠨ ᠢᠰᠷᠧᠯ ᠤᠨ ᠢᠶᠠᠨ ᠨᠢᠭᠦᠯ ᠢ ᠤᠯᠠᠢᠨ᠂ ᠪᠤᠷᠬᠠᠨ ᠤ ᠠᠷᠢᠭᠤᠨ ᠠᠭᠤᠯᠠ ᠶᠢᠨ ᠲᠥᠯᠥᠭᠡ ᠶᠣᠬᠣᠸᠠ ᠪᠤᠷᠬᠠᠨ ᠤ ᠪᠠᠨ ᠡᠮᠦᠨ᠎ᠡ ᠭᠤᠶᠤᠯᠲᠠ ᠪᠠᠨ ᠡᠷᠭᠦᠵᠦ ᠪᠠᠢᠬᠤ ᠳᠤ᠂ 21 ᠲᠡᠢᠨ ᠬᠦ ᠳᠠᠭᠠᠳᠬᠠᠵᠤ ᠶᠠᠷᠢᠵᠤ ᠯᠠ ᠪᠠᠢᠬᠤ ᠳᠤ᠂ ᠤᠷᠢᠳᠤ ᠶᠢᠨ ᠦᠵᠡᠭᠳᠡᠯ ᠳᠣᠲᠣᠷ᠎ᠠ ᠦᠵᠡᠭᠰᠡᠨ ᠬᠥᠮᠦᠨ ᠭᠠᠪᠷᠢᠶᠧᠯ ᠣᠷᠣᠢ ᠶᠢᠨ ᠲᠠᠬᠢᠯ ᠡᠷᠭᠦᠬᠦ ᠦᠶ᠎ᠡ ᠳᠦ ᠨᠠᠳᠠ ᠤᠷᠤᠭᠤ ᠶᠠᠭᠠᠷᠠᠨ ᠨᠢᠰᠴᠦ ᠢᠷᠡᠯ᠎ᠡ᠃ 22 ᠲᠡᠷᠡ ᠨᠠᠳᠠ ᠳᠤ ᠣᠢᠯᠠᠭᠠᠭᠤᠯᠬᠤ ᠪᠠᠷ ᠨᠠᠳᠠ ᠲᠠᠢ ᠶᠠᠷᠢᠨ᠄ 《ᠳ᠋ᠠᠨᠢᠶᠧᠯ ᠡ᠂ ᠣᠳᠣ ᠪᠢ ᠴᠢᠮ᠎ᠠ ᠳᠤ ᠮᠡᠷᠭᠡᠨ ᠤᠬᠠᠭᠠᠨ ᠪᠠ ᠤᠬᠠᠭᠠᠮᠵᠢ ᠶᠢ ᠣᠯᠭᠣᠬᠤ ᠪᠠᠷ ᠢᠷᠡᠯ᠎ᠡ᠃ 23 ᠭᠤᠶᠤᠵᠤ ᠡᠬᠢᠯᠡᠩᠭᠦᠲᠡ ᠳᠦ ᠴᠢᠨᠢ ᠦᠭᠡ ᠭᠠᠷᠪᠠ᠂ ᠪᠢ ᠲᠡᠭᠦᠨ ᠢ ᠴᠢᠮ᠎ᠠ ᠳᠤ ᠳᠠᠮᠵᠢᠭᠤᠯᠬᠤ ᠪᠠᠷ ᠢᠷᠡᠭᠰᠡᠨ᠃ ᠴᠢ ᠪᠣᠯ ᠲᠠᠭᠠᠯᠠᠯ ᠢ ᠣᠯᠣᠭᠰᠠᠨ ᠬᠥᠮᠦᠨ᠂ ᠡᠢᠮᠦ ᠡᠴᠡ ᠴᠢ ᠡᠨᠡ ᠦᠭᠡ ᠶᠢ ᠲᠤᠩ᠋ᠭᠠᠵᠤ᠂ ᠦᠵᠡᠭᠳᠡᠯ ᠢ ᠣᠢᠯᠠᠭ᠎ᠠ᠃

24 ᠪᠤᠷᠬᠠᠨ ᠬᠢᠯᠢᠨᠴᠡ ᠶᠢ ᠳᠠᠭᠤᠰᠬᠠᠬᠤ᠂ ᠨᠢᠭᠦᠯ ᠢ ᠲᠡᠭᠦᠰᠬᠡᠬᠦ᠂ ᠭᠡᠮ ᠪᠤᠷᠤᠭᠤ ᠶᠢ ᠬᠡᠯᠲᠦᠷᠢᠭᠦᠯᠬᠦ᠂ ᠮᠥᠩᠬᠡ ᠶᠢᠨ ᠵᠥᠪᠲᠦ ᠪᠠᠢᠳᠠᠯ ᠢ ᠠᠪᠴᠢᠷᠠᠬᠤ᠂ ᠦᠵᠡᠭᠳᠡᠯ ᠪᠠ ᠡᠰᠢ ᠦᠵᠡᠭᠦᠯᠦᠯᠭᠡ ᠶᠢ ᠪᠢᠲᠡᠭᠦᠮᠵᠢᠯᠡᠬᠦ᠂ ᠠᠷᠢᠭᠤᠨ ᠠᠴᠠ ᠠᠷᠢᠭᠤᠨ ᠨᠢᠭᠡᠨ ᠢ ᠲᠣᠰᠣᠯᠠᠬᠤ ᠶᠢᠨ ᠲᠤᠯᠠᠳᠠ ᠴᠢᠨᠦ ᠠᠷᠠᠳ ᠲᠦᠮᠡᠨ᠂ ᠴᠢᠨᠦ ᠠᠷᠢᠭᠤᠨ ᠬᠣᠲᠠ ᠶᠢᠨ ᠳᠡᠭᠡᠷ᠎ᠡ ᠳᠠᠯᠠᠨ 〈ᠳᠣᠯᠣᠭᠠᠨ ᠦᠶ᠎ᠡ〉 ᠶᠢ ᠲᠣᠭᠲᠠᠭᠠᠭᠰᠠᠨ ᠲᠤᠯᠠ 25 ᠶᠧᠷᠦ᠋ᠰᠠᠯᠧᠮ ᠢ ᠰᠡᠷᠭᠦᠭᠡᠵᠦ ᠪᠣᠰᠬᠠᠬᠤ ᠵᠠᠷᠯᠢᠭ ᠭᠠᠷᠭᠠᠬᠤ ᠴᠠᠭ ᠠᠴᠠ ᠡᠬᠢᠯᠡᠨ ᠵᠠᠬᠢᠷᠤᠭᠴᠢ ᠮᠧᠰᠢᠶ᠎ᠠ 5 ᠢᠷᠡᠬᠦ ᠬᠦᠷᠲᠡᠯ᠎ᠡ ᠳᠣᠯᠣᠭᠠᠨ ᠳᠣᠯᠣᠭᠠᠨ ᠦᠶ᠎ᠡ ᠪᠣᠯᠣᠨ ᠵᠢᠷᠠᠨ ᠬᠣᠶᠠᠷ ᠳᠣᠯᠣᠭᠠᠨ ᠦᠶ᠎ᠡ ᠥᠩᠭᠡᠷᠡᠨ᠎ᠡ ᠭᠡᠳᠡᠭ ᠢ ᠴᠢ ᠮᠡᠳᠡᠵᠦ ᠦᠢᠯᠠᠭ᠎ᠠ᠃ ᠵᠣᠪᠠᠯᠠᠩ ᠤᠨ ᠴᠠᠭ ᠲᠤ ᠴᠤ ᠭᠡᠰᠡᠨ ᠶᠧᠷᠦ᠋ᠰᠠᠯᠧᠮ ᠲᠠᠯᠠᠪᠠᠢ ᠰᠤᠪᠠᠭ ᠲᠠᠢ ᠪᠠᠨ ᠳᠠᠬᠢᠨ ᠪᠣᠰᠬᠠᠭᠳᠠᠨ᠎ᠠ᠃ 26 ᠬᠠᠷᠢᠨ ᠵᠢᠷᠠᠨ ᠬᠣᠶᠠᠷ ᠳᠣᠯᠣᠭᠠᠨ ᠦᠶ᠎ᠡ ᠶᠢᠨ ᠳᠠᠷᠠᠭ᠎ᠠ ᠮᠧᠰᠢᠶ᠎ᠠ ᠲᠠᠰᠤᠯᠤᠭᠳᠠᠨ᠎ᠠ᠂ ᠲᠡᠭᠦᠨ ᠳᠦ ᠦᠭᠡᠢ 6 ᠃ ᠬᠣᠵᠢᠮ ᠢᠷᠡᠬᠦ ᠵᠠᠬᠢᠷᠤᠭᠴᠢ ᠶᠢᠨ ᠠᠷᠠᠳ ᠲᠦᠮᠡᠨ ᠬᠣᠲᠠ ᠶᠢ ᠠᠷᠢᠭᠤᠨ ᠭᠠᠵᠠᠷ ᠲᠠᠢ ᠬᠠᠮᠲᠤ ᠤᠰᠠᠳᠬᠠᠨ᠎ᠠ᠃ ᠲᠡᠭᠦᠨ ᠦ ᠲᠡᠭᠦᠰᠬᠡᠯ ᠦᠶᠡᠷ ᠮᠡᠲᠦ ᠢᠷᠡᠨ᠎ᠡ᠂ ᠳᠠᠢᠨ ᠡᠴᠦᠰ ᠬᠦᠷᠲᠡᠯ᠎ᠡ ᠦᠷᠭᠦᠯᠵᠢᠯᠡᠨ᠎ᠡ᠂ ᠬᠣᠭᠣᠰᠣᠷᠠᠯ ᠲᠣᠭᠲᠠᠭᠠᠭᠳᠠᠭᠰᠠᠨ ᠪᠠᠢᠨ᠎ᠠ᠃ 27 ᠲᠡᠷᠡ ᠪᠡᠷ ᠣᠯᠠᠨ ᠲᠠᠢ ᠨᠢᠭᠡ ᠳᠣᠯᠣᠭᠠᠨ ᠦᠶ᠎ᠡ ᠶᠢᠨ ᠪᠠᠲᠤ ᠭᠡᠷ᠎ᠡ ᠶᠢ ᠪᠠᠢᠭᠤᠯᠵᠤ᠂ ᠨᠢᠭᠡ ᠳᠣᠯᠣᠭᠠᠨ ᠦᠶ᠎ᠡ ᠶᠢᠨ ᠳᠤᠮᠳᠠ ᠲᠠᠬᠢᠯ ᠪᠣᠯᠣᠨ ᠡᠷᠭᠦᠯ ᠢ ᠬᠣᠷᠢᠭᠯᠠᠨ᠎ᠠ᠃ ᠰᠦᠢᠷᠡᠯ ᠢ ᠠᠪᠴᠢᠷᠠᠬᠤ ᠵᠢᠭᠰᠢᠭᠦᠷᠢᠲᠦ ᠵᠦᠢᠯᠡᠰ ᠵᠢᠭᠦᠷ ᠦᠨ ᠳᠡᠭᠡᠷ᠎ᠡ ᠪᠠᠢᠭᠰᠠᠭᠠᠷ᠂ ᠲᠣᠪᠯᠠᠭᠳᠠᠭᠰᠠᠨ ᠲᠡᠭᠦᠰᠬᠡᠯ ᠰᠦᠢᠷᠡᠭᠦᠯᠦᠭᠴᠢ ᠶᠢᠨ ᠳᠡᠭᠡᠷ᠎ᠡ ᠴᠢᠳᠬᠤᠭᠳᠠᠬᠤ ᠬᠦᠷᠲᠡᠯ᠎ᠡ ᠪᠠᠢᠬᠤ ᠪᠣᠯᠣᠨ᠎ᠠ》 ᠭᠡᠪᠡ᠃