1 2 3 4 5 6 7 8 9 10 11 12


ᠳ᠋ᠠᠨᠢᠶᠧᠯ ᠲᠠᠪᠤ
 ᠬᠠᠨᠠᠨ ᠳᠡᠭᠡᠷᠡᠬᠢ ᠪᠢᠴᠢᠭ

1 ᠪᠧᠯᠱᠠᠽᠠᠷ ᠬᠠᠭᠠᠨ ᠮᠢᠩ᠋ᠭᠠᠨ ᠨᠣᠶᠠᠨ ᠳᠠᠭᠠᠨ ᠵᠣᠷᠢᠭᠤᠯᠤᠨ ᠶᠡᠬᠡ ᠨᠠᠢᠷ ᠬᠢᠵᠦ᠂ ᠲᠡᠷᠡ ᠮᠢᠩ᠋ᠭ᠎ᠠ ᠲᠠᠢ ᠪᠠᠨ ᠬᠠᠮᠲᠤ ᠳᠠᠷᠠᠰᠤ ᠤᠤᠭᠤᠵᠤ ᠪᠠᠢᠪᠠ᠃ 2 ᠪᠧᠯᠱᠠᠽᠠᠷ ᠳᠠᠷᠠᠰᠤᠨ ᠳᠤ ᠬᠠᠯᠠᠭᠠᠳ᠂ ᠡᠴᠢᠭᠡ ᠨᠧᠪᠦ᠋ᠺᠠᠨᠧᠽᠠᠷ ᠤᠨ ᠢᠶᠠᠨ ᠶᠧᠷᠦ᠋ᠰᠠᠯᠧᠮ ᠤᠨ ᠣᠷᠳᠣᠨ ᠠᠴᠠ ᠲᠣᠨᠣᠭᠰᠠᠨ ᠠᠯᠲᠠ ᠮᠥᠩᠭᠥᠨ ᠬᠤᠨᠳᠠᠭ᠎ᠠ ᠶᠢ ᠠᠪᠴᠢᠷᠠᠭᠤᠯᠬᠤ ᠪᠠᠷ ᠲᠤᠰᠢᠶᠠᠪᠠ᠃ ᠬᠠᠭᠠᠨ ᠪᠡᠷ ᠨᠣᠶᠠᠳ᠂ ᠬᠠᠲᠤᠳ ᠪᠣᠯᠣᠨ ᠲᠠᠲᠠᠪᠤᠷᠢ ᠡᠮᠡᠰ ᠢᠶᠡᠨ ᠲᠡᠳᠡᠭᠡᠷ ᠬᠤᠨᠳᠠᠭ᠎ᠠ ᠪᠠᠷ ᠤᠤᠭᠤᠯᠭᠠᠬᠤ ᠭᠡᠰᠡᠨ ᠠᠵᠢ᠃ 3 ᠲᠡᠳᠡ ᠶᠧᠷᠦ᠋ᠰᠠᠯᠧᠮ ᠳᠠᠬᠢ ᠪᠤᠷᠬᠠᠨ ᠤ ᠥᠷᠭᠥᠭᠡᠨ ᠡᠴᠡ ᠲᠣᠨᠣᠭᠰᠠᠨ ᠠᠯᠲᠠᠨ ᠬᠤᠨᠳᠠᠭ᠎ᠠ ᠶᠢ ᠠᠪᠴᠢᠷᠠᠭᠰᠠᠨ ᠳᠤ᠂ ᠬᠠᠭᠠᠨ ᠪᠣᠯᠣᠨ ᠲᠡᠭᠦᠨ ᠦ ᠨᠣᠶᠠᠳ᠂ ᠬᠠᠲᠤᠳ ᠪᠣᠯᠣᠨ ᠲᠠᠲᠠᠪᠤᠷᠢ ᠡᠮᠡᠰ ᠲᠡᠳᠡᠭᠡᠷ ᠬᠤᠨᠳᠠᠭ᠎ᠠ ᠪᠠᠷ ᠤᠤᠭᠤᠵᠠᠭᠠᠵᠠᠢ᠃ 4 ᠲᠡᠳᠡ ᠳᠠᠷᠠᠰᠤ ᠤᠤᠭᠤᠭᠠᠳ ᠠᠯᠲᠠ᠂ ᠮᠥᠩᠭᠥ᠂ ᠬᠦᠷᠡᠯ᠂ ᠲᠡᠮᠦᠷ᠂ ᠮᠣᠳᠣ᠂ ᠴᠢᠯᠠᠭᠤᠨ ᠪᠤᠷᠬᠠᠳ ᠢ ᠮᠠᠭᠲᠠᠵᠠᠭᠠᠪᠠ᠃

5 ᠶᠠᠭ ᠲᠡᠷᠡ ᠴᠠᠭ ᠲᠤ ᠬᠥᠮᠦᠨ ᠦ ᠭᠠᠷ ᠤᠨ ᠬᠤᠷᠤᠭᠤ ᠨᠤᠭᠤᠳ ᠦᠵᠡᠭᠳᠡᠵᠦ᠂ ᠳ᠋ᠧᠩ ᠤᠨ ᠬᠠᠵᠠᠭᠤ ᠲᠠᠯ᠎ᠠ ᠳᠤ᠂ ᠬᠠᠭᠠᠨ ᠤ ᠣᠷᠳᠣᠨ ᠤ ᠰᠢᠪᠠᠭᠠᠰᠤᠨ ᠬᠠᠨᠠᠨ ᠳᠡᠭᠡᠷ᠎ᠡ ᠶᠠᠭᠤᠮ᠎ᠠ ᠪᠢᠴᠢᠵᠦ ᠡᠬᠢᠯᠡᠪᠡ᠃ ᠬᠠᠭᠠᠨ ᠪᠢᠴᠢᠵᠦ ᠪᠠᠢᠭ᠎ᠠ ᠭᠠᠷ 3  ᠢ ᠬᠠᠷᠠᠵᠤ ᠪᠠᠢᠯ᠎ᠠ᠃ 6 ᠲᠡᠭᠡᠭᠡᠳ ᠬᠠᠭᠠᠨ ᠤ ᠴᠢᠷᠠᠢ ᠴᠣᠩᠬᠢᠢᠵᠤ᠂ ᠵᠢᠷᠦᠬᠡ ᠨᠢ ᠲᠦᠭᠰᠢᠨ᠂ ᠦᠶ᠎ᠡ ᠮᠥᠴᠡ ᠨᠢ ᠰᠤᠯᠠᠷᠠᠵᠤ᠂ ᠡᠪᠦᠳᠦᠭ ᠨᠢ ᠴᠡᠴᠡᠷᠡᠵᠦ ᠪᠠᠢᠯ᠎ᠠ᠃ 7 ᠬᠠᠭᠠᠨ ᠴᠢᠩᠭ᠍᠎ᠠ ᠪᠠᠷ ᠬᠠᠰᠬᠢᠷᠤᠨ ᠵᠢᠷᠤᠬᠠᠢᠴᠢᠳ᠂ ᠮᠡᠷᠭᠡᠳ᠂ ᠲᠥᠯᠭᠡᠴᠢᠳ ᠢ ᠢᠷᠡᠭᠦᠯᠵᠦ᠂ ᠪᠠᠪᠢᠯᠣᠨ ᠤ ᠮᠡᠷᠭᠡᠨ ᠬᠥᠮᠦᠰ ᠲᠡᠭᠡᠨ᠄ 《ᠬᠡᠨ ᠡᠨᠡ ᠪᠢᠴᠢᠭᠡᠰᠦ ᠶᠢ ᠤᠩ᠋ᠰᠢᠵᠤ᠂ ᠤᠳᠬ᠎ᠠ ᠶᠢ ᠨᠢ ᠲᠠᠢᠯᠪᠤᠷᠢᠯᠠᠵᠤ ᠴᠢᠳᠠᠪᠠᠯ᠂ ᠲᠡᠭᠦᠨ ᠳᠦ ᠨᠢᠯ ᠶᠠᠭᠠᠨ ᠳᠡᠪᠡᠯ ᠡᠮᠦᠰᠬᠡᠵᠦ᠂ ᠬᠦᠵᠦᠭᠦᠨ ᠳᠦᠨᠢ ᠠᠯᠲᠠᠨ ᠰᠣᠨᠳᠣᠷ ᠵᠡᠭᠦᠯᠭᠡᠨ᠂ ᠲᠡᠭᠦᠨ ᠢ ᠬᠠᠭᠠᠨᠴᠢᠯᠠᠯ ᠤᠨ ᠢᠶᠠᠨ ᠭᠤᠷᠪᠠᠳᠠᠬᠢ ᠵᠠᠬᠢᠷᠤᠭᠴᠢ ᠪᠣᠯᠭᠠᠨ᠎ᠠ》 ᠭᠡᠪᠡ᠃ 8 ᠲᠡᠷᠡ ᠦᠶ᠎ᠡ ᠳᠦ ᠬᠠᠭᠠᠨ ᠤ ᠪᠦᠬᠦ ᠮᠡᠷᠭᠡᠳ ᠢᠷᠡᠭᠰᠡᠨ ᠪᠣᠯᠪᠠᠴᠤ ᠲᠡᠳᠡ ᠪᠢᠴᠢᠭᠡᠰᠦ ᠶᠢ ᠤᠩ᠋ᠰᠢᠵᠤ᠂ ᠤᠳᠬ᠎ᠠ ᠶᠢ ᠨᠢ ᠬᠠᠭᠠᠨ ᠳᠤ ᠲᠠᠢᠯᠪᠤᠷᠢᠯᠠᠵᠤ ᠴᠢᠳᠠᠭᠰᠠᠨ ᠦᠭᠡᠢ᠃ 9 ᠲᠡᠢᠮᠦ ᠡᠴᠡ ᠪᠧᠯᠱᠠᠽᠠᠷ ᠬᠠᠭᠠᠨ ᠤᠯᠠᠮ ᠲᠦᠭᠰᠢᠵᠦ᠂ ᠴᠢᠷᠠᠢ ᠨᠢ ᠴᠣᠩᠬᠢᠢᠨ᠂ ᠨᠣᠶᠠᠳ ᠨᠢ ᠴᠤ ᠲᠡᠪᠡᠳᠡᠯ᠎ᠡ᠃

10 ᠬᠠᠭᠠᠨ ᠪᠣᠯᠣᠨ ᠨᠣᠶᠠᠳ ᠤᠨ ᠶᠠᠷᠢᠶ᠎ᠠ ᠶᠢ ᠡᠬᠡ ᠬᠠᠲᠤᠨ ᠳᠤᠭᠤᠯᠤᠭᠠᠳ ᠨᠠᠢᠷ ᠤᠨ ᠲᠠᠩᠬᠢᠮ ᠳᠤ ᠣᠷᠣᠵᠤ ᠢᠷᠡᠯ᠎ᠡ᠃ ᠡᠬᠡ ᠬᠠᠲᠤᠨ᠄ 《ᠬᠠᠭᠠᠨᠲᠠᠨ ᠮᠥᠩᠬᠡ ᠨᠠᠰᠤᠯᠠᠲᠤᠭᠠᠢ︕ ᠵᠢᠷᠦᠬᠡ ᠲᠦᠭᠰᠢᠵᠦ᠂ ᠴᠢᠷᠠᠢ ᠴᠣᠩᠬᠢᠢᠬᠤ ᠬᠡᠷᠡᠭ ᠦᠭᠡᠢ᠃ 11 ᠲᠠᠨ ᠤ ᠬᠠᠭᠠᠨᠴᠢᠯᠠᠯ ᠳᠤ ᠠᠷᠢᠭᠤᠨ ᠪᠤᠷᠬᠠᠨ ᠤ ᠰᠦᠨᠡᠰᠦ ᠲᠠᠢ ᠨᠢᠭᠡᠨ ᠬᠥᠮᠦᠨ ᠪᠤᠢ᠃ ᠡᠴᠢᠭᠡ ᠶᠢᠨ ᠲᠠᠨᠢ ᠡᠳᠦᠷ ᠤᠳ ᠲᠤ ᠲᠡᠷᠡ ᠬᠥᠮᠦᠨ ᠰᠠᠷᠠᠭᠤᠯ ᠤᠬᠠᠭᠠᠨ᠂ ᠣᠶᠤᠨ ᠪᠢᠯᠢᠭ ᠲᠠᠢ᠂ ᠪᠤᠷᠬᠠᠳ ᠤᠨ ᠬᠢ ᠮᠡᠲᠦ ᠮᠡᠷᠭᠡᠨ ᠤᠬᠠᠭᠠᠨ ᠲᠠᠢ ᠪᠠᠨ ᠬᠠᠷᠠᠭᠤᠯᠤᠭᠰᠠᠨ ᠤᠴᠢᠷ ᠲᠠᠨ ᠤ ᠡᠴᠢᠭᠡ ᠨᠧᠪᠦ᠋ᠺᠠᠨᠧᠽᠠᠷ ᠬᠠᠭᠠᠨ ᠲᠡᠭᠦᠨ ᠢ ᠵᠢᠷᠤᠬᠠᠢᠴᠢᠳ᠂ ᠶᠢᠯᠸᠢᠴᠢᠳ᠂ ᠮᠡᠷᠭᠡᠳ ᠪᠠ ᠲᠥᠯᠭᠡᠴᠢᠳ ᠤᠨ ᠠᠬᠠᠯᠠᠭᠴᠢ ᠪᠠᠷ ᠲᠣᠮᠢᠯᠠᠭᠰᠠᠨ ᠶᠤᠮ᠃ 12 ᠡᠨᠡ ᠳ᠋ᠠᠨᠢᠶᠧᠯ ᠣᠨᠴᠠᠭᠠᠢ ᠰᠦᠨᠡᠰᠦ ᠲᠠᠢ᠂ ᠮᠡᠳᠡᠯᠭᠡ ᠤᠬᠠᠭᠠᠨ ᠲᠠᠢ ᠪᠥᠭᠡᠳ ᠵᠡᠭᠦᠳᠦ ᠲᠠᠢᠯᠵᠤ᠂ ᠪᠢᠲᠡᠭᠦᠯᠢᠭ ᠵᠦᠢᠯᠡᠰ ᠦᠨ ᠤᠴᠢᠷ ᠢ ᠲᠠᠢᠯᠪᠤᠷᠢᠯᠠᠵᠤ᠂ ᠬᠡᠴᠡᠭᠦᠦ ᠠᠰᠠᠭᠤᠳᠠᠯ ᠢ ᠰᠢᠢᠳᠪᠦᠷᠢᠯᠡᠬᠦ ᠴᠢᠳᠠᠪᠤᠷᠢ ᠲᠠᠢ ᠶᠤᠮ᠃ ᠡᠴᠢᠭᠡ ᠬᠠᠭᠠᠨ ᠲᠠᠨᠢ ᠲᠡᠭᠦᠨ ᠢ ᠪᠧᠯᠲ᠋ᠧᠱᠠᠽᠠᠷ ᠭᠡᠵᠦ ᠳᠠᠭᠤᠳᠠᠳᠠᠭ ᠪᠠᠢᠭᠰᠠᠨ᠃ ᠣᠳᠣ ᠡᠨᠡ ᠳ᠋ᠠᠨᠢᠶᠧᠯ ᠢ ᠳᠠᠭᠤᠳᠠᠭᠲᠤᠨ᠂ ᠲᠡᠷᠡ ᠪᠡᠷ ᠲᠠᠢᠯᠤᠯ ᠢ ᠬᠡᠯᠡᠵᠦ ᠥᠭᠭᠥᠨ᠎ᠡ》 ᠭᠡᠪᠡ᠃

13 ᠢᠩᠭᠢᠭᠡᠳ ᠲᠡᠳᠡ ᠳ᠋ᠠᠨᠢᠶᠧᠯ ᠢ ᠬᠠᠭᠠᠨ ᠤ ᠡᠮᠦᠨ᠎ᠡ ᠠᠪᠴᠢᠷᠠᠪᠠ᠃ ᠬᠠᠭᠠᠨ ᠳ᠋ᠠᠨᠢᠶᠧᠯ ᠳᠤ᠄ 《ᠬᠠᠭᠠᠨ ᠡᠴᠢᠭᠡ ᠶᠢᠨ ᠮᠢᠨᠢ ᠶᠦᠳᠠ ᠠᠴᠠ ᠠᠪᠴᠢᠷᠠᠭᠰᠠᠨ ᠣᠯᠵᠠᠯᠠᠭᠳᠠᠭᠰᠠᠳ ᠤᠨ ᠨᠢᠭᠡ ᠳ᠋ᠠᠨᠢᠶᠧᠯ ᠴᠢ ᠮᠥᠨ ᠤᠤ︖ 14 ᠴᠢᠮ᠎ᠠ ᠳᠤ ᠪᠤᠷᠬᠠᠨ ᠤ ᠰᠦᠨᠡᠰᠦ ᠪᠠᠢᠭ᠎ᠠ ᠤᠴᠢᠷ ᠠᠴᠠ ᠰᠠᠷᠠᠭᠤᠯ ᠤᠬᠠᠭᠠᠨ᠂ ᠣᠶᠤᠨ ᠪᠢᠯᠢᠭ᠂ ᠣᠨᠴᠠᠭᠠᠢ ᠮᠡᠷᠭᠡᠨ ᠤᠬᠠᠭᠠᠨ ᠲᠠᠢ ᠭᠡᠳᠡᠭ ᠢ ᠴᠢᠨᠢ ᠪᠢ ᠰᠣᠨᠣᠰᠣᠯ᠎ᠠ᠃ 15 ᠡᠳᠦᠭᠡ ᠪᠢ ᠣᠯᠠᠨ ᠮᠡᠷᠭᠡᠨ ᠬᠥᠮᠦᠨ ᠪᠠ ᠵᠢᠷᠤᠬᠠᠢᠴᠢ ᠶᠢ ᠥᠪᠡᠷ ᠦᠨ ᠢᠶᠠᠨ ᠡᠮᠦᠨ᠎ᠡ ᠢᠷᠡᠭᠦᠯᠵᠦ᠂ 〈ᠡᠨᠡ ᠪᠢᠴᠢᠭᠡᠰᠦ ᠶᠢ ᠤᠩ᠋ᠰᠢᠵᠤ᠂ ᠤᠳᠬ᠎ᠠ ᠶᠢ ᠨᠢ ᠮᠡᠳᠡᠭᠦᠯ〉 ᠭᠡᠰᠡᠨ ᠪᠣᠯᠪᠠᠴᠤ ᠲᠡᠳᠡ ᠲᠠᠢᠯᠵᠤ ᠴᠢᠳᠠᠭ᠎ᠠ ᠦᠭᠡᠢ᠃ 16 ᠬᠠᠷᠢᠨ ᠴᠢ ᠲᠠᠢᠯᠤᠯ ᠢ ᠥᠭᠴᠦ᠂ ᠬᠡᠴᠡᠭᠦᠦ ᠠᠰᠠᠭᠤᠳᠠᠯ ᠢ ᠰᠢᠢᠳᠪᠦᠷᠢᠯᠡᠵᠦ ᠴᠢᠳᠠᠳᠠᠭ ᠭᠡᠵᠦ ᠪᠢ ᠰᠣᠨᠣᠰᠣᠯ᠎ᠠ᠃ ᠬᠡᠷᠪᠡ ᠴᠢ ᠡᠨᠡ ᠪᠢᠴᠢᠭᠡᠰᠦ ᠶᠢ ᠤᠩ᠋ᠰᠢᠵᠤ᠂ ᠤᠳᠬ᠎ᠠ ᠶᠢ ᠨᠢ ᠮᠡᠳᠡᠭᠦᠯᠵᠦ ᠴᠢᠳᠠᠪᠠᠯ᠂ ᠪᠢ ᠴᠢᠮ᠎ᠠ ᠳᠤ ᠨᠢᠯ ᠶᠠᠭᠠᠨ ᠳᠡᠪᠡᠯ ᠡᠮᠦᠰᠬᠡᠵᠦ᠂ ᠬᠦᠵᠦᠭᠦᠨ ᠳᠦ ᠴᠢᠨᠢ ᠠᠯᠲᠠᠨ ᠰᠣᠨᠳᠣᠷ ᠵᠡᠭᠦᠯᠭᠡᠵᠦ᠂ ᠴᠢᠮᠠᠶᠢ ᠬᠠᠭᠠᠨᠴᠢᠯᠠᠯ ᠤᠨ ᠢᠶᠠᠨ ᠭᠤᠷᠪᠠᠳᠠᠬᠢ ᠵᠠᠬᠢᠷᠤᠭᠴᠢ ᠪᠣᠯᠭᠠᠨ᠎ᠠ》 ᠭᠡᠪᠡ᠃

17 ᠳ᠋ᠠᠨᠢᠶᠧᠯ ᠬᠠᠭᠠᠨ ᠳᠤ ᠬᠠᠷᠢᠭᠤᠯᠤᠨ᠄ 《ᠪᠡᠯᠡᠭ ᠢᠶᠡᠨ ᠥᠪᠡᠷ ᠲᠡᠭᠡᠨ ᠦᠯᠡᠳᠡᠭᠡᠵᠦ᠂ ᠱᠠᠩᠨᠠᠯ ᠢᠶᠠᠨ ᠥᠭᠡᠷ᠎ᠡ ᠨᠢᠭᠡᠨ ᠳᠦ ᠥᠭᠭᠥᠭᠡᠴᠢ᠃ ᠬᠠᠷᠢᠨ ᠪᠢ ᠬᠠᠭᠠᠨ ᠤ ᠲᠥᠯᠥᠭᠡ ᠡᠨᠡ ᠪᠢᠴᠢᠭᠡᠰᠦ ᠶᠢ ᠤᠩ᠋ᠰᠢᠵᠤ᠂ ᠤᠳᠬ᠎ᠠ ᠶᠢ ᠨᠢ ᠮᠡᠳᠡᠭᠦᠯᠦᠶ᠎ᠡ᠃ 18 ᠬᠠᠭᠠᠨᠲᠠᠨ ᠮᠢᠨᠢ︕ ᠬᠠᠮᠤᠭ ᠤᠨ ᠳᠡᠭᠡᠳᠦ ᠪᠤᠷᠬᠠᠨ ᠲᠠᠨ ᠤ ᠡᠴᠢᠭᠡ ᠨᠧᠪᠦ᠋ᠺᠠᠨᠧᠽᠠᠷ ᠲᠤ ᠬᠠᠭᠠᠨᠴᠢᠯᠠᠯ ᠬᠢᠭᠡᠳ ᠠᠭᠤᠤ ᠰᠦᠷ᠂ ᠢᠷᠠᠭᠤ ᠠᠯᠳᠠᠷ ᠢ ᠰᠣᠶᠣᠷᠬᠠᠭᠰᠠᠨ ᠪᠢᠯᠡ᠃ 19 ᠪᠤᠷᠬᠠᠨ ᠤ ᠲᠡᠭᠦᠨ ᠳᠦ ᠰᠣᠶᠣᠷᠬᠠᠭᠰᠠᠨ ᠠᠭᠤᠤ ᠰᠦᠷ ᠡᠴᠡ ᠪᠣᠯᠵᠤ ᠪᠦᠬᠦ ᠤᠯᠤᠰ᠂ ᠦᠨᠳᠦᠰᠦᠲᠡᠨ ᠪᠠ ᠬᠡᠯᠡᠲᠡᠨ ᠲᠡᠭᠦᠨ ᠦ ᠡᠮᠦᠨ᠎ᠡ ᠡᠮᠢᠶᠡᠨ ᠴᠡᠴᠡᠷᠡᠭᠰᠡᠨ ᠪᠢᠯᠡ᠃ ᠲᠡᠷᠡ ᠪᠡᠷ ᠬᠦᠰᠡᠭᠰᠡᠨ ᠢᠶᠡᠨ ᠬᠥᠨᠥᠭᠡᠵᠦ᠂ ᠬᠦᠰᠡᠭᠰᠡᠨ ᠢᠶᠡᠨ ᠠᠮᠢᠳᠤ ᠦᠯᠡᠳᠡᠭᠡᠳᠡᠭ᠂ ᠬᠦᠰᠡᠭᠰᠡᠨ ᠢᠶᠡᠨ ᠡᠷᠭᠦᠮᠵᠢᠯᠡᠵᠦ᠂ ᠬᠦᠰᠡᠭᠰᠡᠨ ᠢᠶᠡᠨ ᠤᠭᠴᠠᠷᠠᠭᠤᠯᠳᠠᠭ ᠪᠠᠢᠪᠠ᠃ 20 ᠬᠠᠷᠢᠨ ᠲᠡᠭᠦᠨ ᠦ ᠵᠠᠩ ᠪᠠᠷᠳᠠᠮ᠂ ᠰᠡᠳᠬᠢᠯ ᠬᠠᠲᠠᠭᠤ ᠪᠣᠯᠬᠤ ᠳᠤ᠂ ᠲᠡᠷᠡ ᠬᠠᠭᠠᠨ ᠰᠢᠷᠡᠭᠡᠨ ᠡᠴᠡ ᠪᠡᠨ ᠪᠠᠭᠤᠯᠭᠠᠭᠳᠠᠵᠤ᠂ ᠢᠷᠠᠭᠤ ᠠᠯᠳᠠᠷ ᠢᠶᠠᠨ ᠪᠤᠯᠢᠶᠠᠭᠳᠠᠭᠰᠠᠨ ᠪᠢᠯᠡ᠃ 21 ᠲᠡᠷᠡ ᠪᠡᠷ ᠬᠥᠮᠦᠰ ᠦᠨ ᠳᠤᠮᠳᠠ ᠠᠴᠠ ᠬᠥᠭᠡᠭᠡᠭᠳᠡᠵᠦ᠂ ᠣᠶᠤᠨ ᠰᠠᠨᠠᠭ᠎ᠠ ᠨᠢ ᠠᠷᠢᠶᠠᠲᠠᠨ ᠤ ᠬᠢ ᠰᠢᠭ᠋ ᠪᠣᠯᠪᠠ᠃ ᠬᠠᠮᠤᠭ ᠤᠨ ᠳᠡᠭᠡᠳᠦ ᠪᠤᠷᠬᠠᠨ ᠬᠥᠮᠦᠨ ᠦ ᠬᠠᠭᠠᠨᠴᠢᠯᠠᠯ ᠢ ᠵᠠᠬᠢᠷᠳᠠᠭ ᠢ᠂ ᠬᠦᠰᠡᠭᠰᠡᠨ ᠬᠥᠮᠦᠨ ᠢᠶᠡᠨ ᠡᠷᠭᠦᠮᠵᠢᠯᠡᠨ ᠲᠡᠭᠦᠨ ᠢ ᠵᠠᠬᠢᠷᠤᠭᠤᠯᠳᠠᠭ ᠢ ᠤᠬᠠᠭᠠᠷᠠᠲᠠᠯ᠎ᠠ ᠪᠠᠨ ᠲᠡᠷᠡ ᠵᠡᠷᠯᠢᠭ ᠡᠯᠵᠢᠭᠡ ᠲᠠᠢ ᠠᠮᠢᠳᠤᠷᠠᠨ᠂ ᠦᠬᠡᠷ ᠰᠢᠭ ᠡᠪᠡᠰᠦ ᠢᠳᠡᠵᠦ᠂ ᠪᠡᠶ᠎ᠡ ᠨᠢ ᠲᠩᠷᠢ ᠶᠢᠨ ᠰᠢᠭᠦᠳᠡᠷᠢ ᠳᠤ ᠨᠣᠷᠴᠤ ᠪᠠᠢᠯ᠎ᠠ᠃ 22 ᠲᠡᠭᠦᠨ ᠦ ᠬᠦᠦ ᠪᠧᠯᠱᠠᠽᠠᠷ ᠡ᠂ ᠲᠠ ᠡᠨᠡ ᠪᠦᠭᠦᠳᠡ ᠶᠢ ᠮᠡᠳᠡᠭᠰᠡᠨ ᠠᠲᠠᠯ᠎ᠠ ᠪᠠᠨ ᠵᠢᠷᠦᠬᠡ ᠪᠡᠨ ᠳᠠᠷᠤᠤ ᠪᠣᠯᠭᠠᠭᠰᠠᠨ ᠦᠭᠡᠢ᠃ 23 ᠬᠠᠷᠢᠨ ᠲᠩᠷᠢ ᠶᠢᠨ ᠡᠵᠡᠨ ᠦ ᠡᠮᠦᠨ᠎ᠡ ᠥᠪᠡᠷ ᠢ ᠪᠠᠨ ᠡᠷᠭᠦᠮᠵᠢᠯᠡᠨ᠂ ᠲᠡᠭᠦᠨ ᠦ ᠥᠷᠭᠥᠭᠡᠨ ᠦ ᠬᠤᠨᠳᠠᠭ᠎ᠠ ᠶᠢ ᠥᠪᠡᠷ ᠦᠨ ᠢᠶᠠᠨ ᠡᠮᠦᠨ᠎ᠡ ᠠᠪᠴᠢᠷᠠᠭᠤᠯᠵᠤ᠂ ᠲᠡᠳᠡᠭᠡᠷ ᠬᠤᠨᠳᠠᠭ᠎ᠠ ᠪᠠᠷ ᠲᠠ ᠨᠣᠶᠠᠳ᠂ ᠬᠠᠲᠤᠳ ᠪᠣᠯᠣᠨ ᠲᠠᠲᠠᠪᠤᠷᠢ ᠡᠮᠡᠰ ᠲᠡᠢ ᠪᠡᠨ ᠬᠠᠮᠲᠤ ᠳᠠᠷᠠᠰᠤ ᠤᠤᠭᠤᠵᠤ ᠪᠠᠢᠭᠰᠠᠨ᠃ ᠲᠠᠨ ᠤ ᠠᠮᠢ ᠪᠣᠯᠣᠨ ᠪᠦᠬᠦ ᠵᠠᠮ ᠢ ᠮᠤᠲᠤᠷ ᠲᠠᠭᠠᠨ ᠠᠳᠬᠤᠳᠠᠭ ᠪᠤᠷᠬᠠᠨ ᠢ ᠲᠠ ᠠᠯᠳᠠᠷᠰᠢᠭᠤᠯᠤᠭᠰᠠᠨ ᠦᠭᠡᠢ᠂ ᠬᠠᠷᠢᠨ ᠬᠠᠷᠠᠳᠠᠭ ᠦᠭᠡᠢ᠂ ᠰᠣᠨᠣᠰᠳᠠᠭ ᠦᠭᠡᠢ᠂ ᠮᠡᠳᠡᠳᠡᠭ ᠦᠭᠡᠢ ᠠᠯᠲᠠ᠂ ᠮᠥᠩᠭᠥ᠂ ᠬᠦᠷᠡᠯ᠂ ᠲᠡᠮᠦᠷ᠂ ᠮᠣᠳᠣ᠂ ᠴᠢᠯᠠᠭᠤᠨ ᠪᠤᠷᠬᠠᠳ ᠢ ᠮᠠᠭᠲᠠᠭᠰᠠᠨ ᠪᠢᠯᠡ᠃

24 ᠡᠢᠮᠦ ᠡᠴᠡ ᠪᠤᠷᠬᠠᠨ ᠨᠥᠭᠥᠭᠡ ᠭᠠᠷ ᠢ ᠢᠯᠡᠭᠡᠵᠦ᠂ ᠡᠨᠡ ᠪᠢᠴᠢᠭᠡᠰᠦ ᠶᠢ ᠪᠢᠴᠢᠭᠦᠯᠦᠭᠰᠡᠨ ᠶᠤᠮ᠃ 25 ᠪᠢᠴᠢᠭᠳᠡᠭᠰᠡᠨ ᠵᠦᠢᠯ ᠨᠢ ᠡᠢᠮᠦ ᠪᠠᠢᠨ᠎ᠠ᠄ 〈ᠮᠧᠨᠧ᠂ ᠮᠧᠨᠧ᠂ ᠲᠧᠺᠧᠯ᠂ ᠫᠠᠷᠰᠢᠨ〉᠃ 26 ᠲᠡᠳᠡᠭᠡᠷ ᠦᠨ ᠤᠳᠬ᠎ᠠ ᠨᠢ ᠭᠡᠪᠡᠯ᠄ 〈ᠮᠧᠨᠧ〉 ᠭᠡᠳᠡᠭ ᠨᠢ ᠪᠤᠷᠬᠠᠨ ᠲᠠᠨ ᠤ ᠬᠠᠭᠠᠨᠴᠢᠯᠠᠯ ᠤᠨ ᠡᠳᠦᠷ ᠤᠳ ᠢ ᠲᠣᠭᠠᠯᠠᠵᠤ᠂ ᠲᠡᠭᠦᠨ ᠢ ᠳᠠᠭᠤᠰᠬᠠᠭᠰᠠᠨ᠂ 27 〈ᠲᠧᠺᠧᠯ〉 ᠭᠡᠳᠡᠭ ᠨᠢ ᠬᠠᠭᠠᠨ ᠲᠠᠨ ᠢ ᠵᠢᠩᠯᠡᠭᠦᠷ ᠳᠡᠭᠡᠷ᠎ᠡ ᠲᠠᠯᠪᠢᠭᠰᠠᠨ ᠳᠤ᠂ ᠲᠠ ᠬᠡᠮᠵᠢᠶᠡᠨ ᠳᠦ ᠬᠦᠷᠦᠭᠰᠡᠨ ᠦᠭᠡᠢ᠂ 28 〈ᠫᠧᠷᠰ〉 ᠭᠡᠳᠡᠭ ᠨᠢ ᠲᠠᠨ ᠤ ᠬᠠᠭᠠᠨᠴᠢᠯᠠᠯ ᠬᠤᠪᠢᠶᠠᠭᠳᠠᠵᠤ᠂ ᠮᠧᠳᠧ ᠪᠠ ᠫᠧᠷᠰᠴᠤᠳ ᠤᠨ ᠭᠠᠷ ᠲᠤ ᠣᠷᠣᠭᠰᠠᠨ ᠭᠡᠰᠡᠨ ᠤᠳᠬ᠎ᠠ ᠲᠠᠢ》 ᠭᠡᠪᠡ᠃

29 ᠪᠧᠯᠱᠠᠽᠠᠷ ᠳ᠋ᠠᠨᠢᠶᠧᠯ ᠳᠤ ᠨᠢᠯ ᠶᠠᠭᠠᠨ ᠳᠡᠪᠡᠯ ᠡᠮᠦᠰᠬᠡᠵᠦ᠂ ᠬᠦᠵᠦᠭᠦᠨ ᠳᠦᠨᠢ ᠠᠯᠲᠠᠨ ᠰᠣᠨᠳᠣᠷ ᠵᠡᠭᠦᠯᠭᠡᠬᠦ ᠶᠢ ᠲᠤᠰᠢᠶᠠᠵᠤ᠂ ᠵᠠᠷᠯᠢᠭ ᠪᠠᠭᠤᠯᠭᠠᠨ ᠲᠡᠭᠦᠨ ᠢ ᠬᠠᠭᠠᠨᠴᠢᠯᠠᠯ ᠤᠨ ᠢᠶᠠᠨ ᠭᠤᠷᠪᠠᠳᠠᠬᠢ ᠵᠠᠬᠢᠷᠤᠭᠴᠢ ᠪᠣᠯᠭᠠᠪᠠ᠃ 30 ᠶᠠᠭ ᠲᠡᠷᠡ ᠰᠥᠨᠢ ᠨᠢ ᠪᠠᠪᠢᠯᠣᠨ ᠤ ᠬᠠᠭᠠᠨ ᠪᠧᠯᠱᠠᠽᠠᠷ ᠠᠯᠠᠭᠳᠠᠵᠤ᠂ 31 ᠮᠧᠳᠧ ᠬᠥᠮᠦᠨ ᠳ᠋ᠠᠷᠢᠶᠦ᠋ ᠪᠠᠷᠤᠭ ᠵᠢᠷᠠᠨ ᠬᠣᠶᠠᠷ ᠨᠠᠰᠤᠨ ᠳᠠᠭᠠᠨ ᠲᠡᠷᠡ ᠬᠠᠭᠠᠨᠴᠢᠯᠠᠯ ᠢ ᠠᠪᠤᠭᠰᠠᠨ ᠪᠠᠢᠨ᠎ᠠ᠃