1 2 3 4 5 6 7 8 9 10 11 12


ᠳ᠋ᠠᠨᠢᠶᠧᠯ ᠠᠷᠪᠠᠨ ᠬᠣᠶᠠᠷ

1 ᠲᠡᠷᠡ ᠦᠶ᠎ᠡ ᠳᠦ ᠲᠠᠨ ᠤ ᠠᠷᠠᠳ ᠲᠦᠮᠡᠨ ᠢ ᠬᠠᠮᠠᠭᠠᠯᠠᠳᠠᠭ ᠶᠡᠬᠡ ᠵᠠᠩᠵᠤᠨ ᠮᠢᠺᠠᠶᠧᠯ ᠪᠣᠰᠬᠤ ᠪᠥᠭᠡᠳ ᠦᠨᠳᠦᠰᠦᠲᠡᠨ ᠨᠦᠭᠦᠳ ᠡᠭᠦᠰᠦᠭᠰᠡᠨ ᠡᠴᠡ ᠬᠣᠢᠰᠢ ᠲᠡᠷᠡ ᠦᠶ᠎ᠡ ᠬᠦᠷᠲᠡᠯ᠎ᠡ ᠬᠡᠵᠢᠶ᠎ᠡ ᠴᠤ ᠪᠠᠢᠭ᠎ᠠ ᠦᠭᠡᠢ ᠵᠣᠪᠠᠯᠠᠩ ᠤᠨ ᠴᠠᠭ ᠪᠣᠯᠣᠨ᠎ᠠ᠃ ᠬᠠᠷᠢᠨ ᠲᠡᠷᠡ ᠦᠶ᠎ᠡ ᠳᠦ ᠨᠣᠮ ᠳᠤ ᠪᠢᠴᠢᠭᠳᠡᠭᠰᠡᠨ ᠲᠠᠨ ᠤ ᠠᠷᠠᠳ ᠲᠦᠮᠡᠨ ᠪᠦᠭᠦᠳᠡ ᠠᠪᠤᠷᠠᠭᠳᠠᠬᠤ ᠪᠣᠯᠣᠨ᠎ᠠ᠃ 2 ᠭᠠᠵᠠᠷ ᠤᠨ ᠰᠢᠷᠣᠢ ᠳᠣᠣᠷ᠎ᠠ ᠨᠣᠢᠷᠰᠣᠭᠰᠠᠨ ᠦᠢ ᠣᠯᠠᠨ ᠨᠢ ᠰᠡᠷᠢᠵᠦ᠂ ᠵᠠᠷᠢᠮ ᠨᠢ ᠮᠥᠩᠬᠡ ᠠᠮᠢ ᠲᠠᠢ ᠪᠣᠯᠵᠤ᠂ ᠵᠠᠷᠢᠮ ᠨᠢ ᠢᠴᠢᠭᠦᠷᠢ ᠲᠠᠢ᠂ ᠮᠥᠩᠬᠡ ᠶᠢᠨ ᠭᠤᠲᠤᠮᠰᠢᠭ ᠲᠠᠢ ᠪᠣᠯᠣᠨ᠎ᠠ᠃ 3 ᠮᠡᠷᠭᠡᠨ ᠤᠬᠠᠭᠠᠨ ᠲᠠᠢ ᠨᠢ ᠲᠩᠷᠢ ᠶᠢᠨ ᠭᠡᠭᠡ ᠮᠡᠲᠦ᠂ ᠣᠯᠠᠨ ᠢ ᠵᠥᠪ ᠵᠠᠮ ᠤᠷᠤᠭᠤ ᠬᠥᠲᠥᠯᠥᠭᠴᠢᠳ ᠨᠢ ᠣᠳᠣ ᠮᠡᠲᠦ ᠡᠭᠦᠷᠢᠳᠡ ᠮᠥᠩᠬᠡ ᠭᠡᠷᠡᠯᠲᠦᠬᠦ ᠪᠣᠯᠣᠨ᠎ᠠ᠃ 4 ᠬᠠᠷᠢᠨ ᠳ᠋ᠠᠨᠢᠶᠧᠯ ᠴᠢ ᠡᠳᠡᠭᠡᠷ ᠦᠭᠡ ᠶᠢ ᠬᠤᠢᠯᠠᠵᠤ᠂ ᠡᠨᠡ ᠬᠤᠢᠯᠠᠮᠠᠯ ᠢ ᠪᠢᠲᠡᠭᠦᠮᠵᠢᠯᠡᠭᠡᠳ ᠲᠡᠭᠦᠰᠬᠡᠯ ᠦᠨ ᠴᠠᠭ ᠪᠣᠯᠲᠠᠯ᠎ᠠ ᠬᠠᠳᠠᠭᠠᠯᠠᠭᠲᠤᠨ᠃ ᠣᠯᠠᠨ ᠬᠥᠮᠦᠨ ᠨᠠᠰᠢ ᠴᠠᠰᠢ ᠶᠠᠪᠤᠵᠠᠭᠠᠵᠤ ᠮᠡᠳᠡᠯᠭᠡ ᠨᠢ ᠨᠡᠮᠡᠭᠳᠡᠨ᠎ᠡ》 ᠭᠡᠵᠦ ᠬᠡᠯᠡᠪᠡ᠃

5 ᠳ᠋ᠠᠨᠢᠶᠧᠯ ᠪᠢ ᠦᠵᠡᠬᠦ ᠳᠦ᠂ ᠥᠭᠡᠷ᠎ᠡ ᠬᠣᠶᠠᠷ ᠬᠥᠮᠦᠨ ᠪᠠᠢᠭᠰᠠᠨ᠂ ᠨᠢᠭᠡ ᠨᠢ ᠭᠣᠣᠯ ᠤᠨ ᠨᠠᠭᠠᠳᠤ ᠬᠥᠪᠡᠭᠡᠨ ᠳᠦ᠂ ᠨᠥᠭᠥᠭᠡ ᠨᠢ ᠭᠣᠣᠯ ᠤᠨ ᠴᠠᠭᠠᠲᠤ ᠬᠥᠪᠡᠭᠡᠨ ᠳᠦ ᠵᠣᠭᠰᠣᠵᠤ ᠪᠠᠢᠪᠠ᠃ 6 ᠲᠡᠳᠡᠨ ᠦ ᠨᠢᠭᠡ ᠨᠢ ᠭᠣᠣᠯ ᠤᠨ ᠤᠰᠤᠨ ᠳᠡᠭᠡᠷ᠎ᠡ ᠵᠣᠭᠰᠣᠵᠤ ᠪᠠᠢᠭᠰᠠᠨ ᠮᠠᠭᠠᠯᠢᠩ᠋ᠭᠤᠨ ᠬᠤᠪᠴᠠᠰᠤ ᠲᠠᠢ ᠨᠥᠭᠥᠭᠡ ᠬᠥᠮᠦᠨ ᠡᠴᠡ᠄ 《ᠡᠳᠡᠭᠡᠷ ᠭᠠᠢᠬᠠᠮᠰᠢᠭᠲᠤ ᠵᠦᠢᠯ ᠤᠨ ᠲᠡᠭᠦᠰᠬᠡᠯ ᠪᠣᠯᠲᠠᠯ᠎ᠠ ᠬᠡᠳᠦᠢ ᠤᠳᠠᠬᠤ ᠪᠤᠢ︖》 ᠭᠡᠵᠦ ᠠᠰᠠᠭᠤᠬᠤ ᠳᠤ᠂ 7 ᠭᠣᠣᠯ ᠤᠨ ᠤᠰᠤᠨ ᠳᠡᠭᠡᠷ᠎ᠡ ᠵᠣᠭᠰᠣᠭᠰᠠᠨ᠂ ᠮᠠᠭᠠᠯᠢᠩ᠋ᠭᠤᠨ ᠬᠤᠪᠴᠠᠰᠤ ᠲᠠᠢ ᠬᠥᠮᠦᠨ ᠪᠠᠷᠠᠭᠤᠨ ᠵᠡᠭᠦᠨ ᠭᠠᠷ ᠢᠶᠠᠨ ᠲᠩᠷᠢ ᠥᠭᠡᠳᠡ ᠰᠤᠩ᠋ᠭᠠᠭᠠᠳ ᠮᠥᠩᠬᠡᠳᠡ ᠠᠮᠢᠳᠤᠷᠠᠭᠴᠢ ᠪᠤᠷᠬᠠᠨ ᠤ ᠨᠡᠷ᠎ᠡ ᠪᠡᠷ ᠲᠠᠩ᠋ᠭᠠᠷᠢᠭᠯᠠᠨ᠄ 《ᠨᠢᠭᠡ ᠴᠠᠭ ᠦᠶ᠎ᠡ᠂ ᠬᠣᠶᠠᠷ ᠴᠠᠭ ᠦᠶ᠎ᠡ᠂ ᠬᠠᠭᠠᠰ ᠴᠠᠭ ᠦᠶ᠎ᠡ ᠥᠩᠭᠡᠷᠡᠵᠦ᠂ ᠠᠷᠢᠭᠤᠨ ᠠᠷᠠᠳ ᠲᠦᠮᠡᠨ ᠦ ᠬᠦᠴᠦ ᠤᠰᠠᠳᠬᠠᠭᠳᠠᠵᠤ ᠳᠠᠭᠤᠰᠬᠤ ᠳᠤ᠂ ᠡᠳᠡᠭᠡᠷ ᠪᠦᠬᠦᠨ ᠲᠡᠭᠦᠰᠦᠨ᠎ᠡ》 ᠭᠡᠬᠦ ᠶᠢ ᠪᠢ ᠰᠣᠨᠣᠰᠣᠯ᠎ᠠ᠃ 8 ᠬᠠᠷᠢᠨ ᠪᠢ ᠰᠣᠨᠣᠰᠣᠭᠰᠠᠨ ᠪᠣᠯᠪᠠᠴᠤ ᠣᠢᠯᠠᠭᠠᠭ᠎ᠠ ᠦᠭᠡᠢ ᠲᠤᠯᠠ᠄ 《ᠡᠵᠡᠨ ᠮᠢᠨᠢ᠂ ᠡᠳᠡᠭᠡᠷ ᠦᠨ ᠬᠣᠢᠨ᠎ᠠ ᠨᠢ ᠶᠠᠭᠤ ᠪᠣᠯᠬᠤ ᠪᠤᠢ︖》 ᠭᠡᠬᠦ ᠳᠦ᠂ 9 ᠲᠡᠷᠡ᠄ 《ᠳ᠋ᠠᠨᠢᠶᠧᠯ ᠡ᠂ ᠴᠢ ᠵᠠᠮ ᠢᠶᠠᠷ ᠢᠶᠠᠨ ᠶᠠᠪᠤ᠃ ᠡᠨᠡ ᠦᠭᠡᠰ ᠬᠤᠢᠯᠠᠭᠳᠠᠭᠰᠠᠨ᠂ ᠡᠴᠦᠰ ᠦᠨ ᠴᠠᠭ ᠪᠣᠯᠲᠠᠯ᠎ᠠ ᠪᠢᠲᠡᠭᠦᠮᠵᠢ ᠲᠠᠢ ᠪᠠᠢᠬᠤ ᠪᠣᠯᠣᠨ᠎ᠠ᠃ 10 ᠣᠯᠠᠨ ᠬᠥᠮᠦᠨ ᠴᠡᠪᠡᠷᠰᠢᠨ ᠥ ᠰᠡᠪ ᠦᠭᠡᠢ ᠪᠣᠯᠵᠤ ᠠᠷᠢᠭᠤᠰᠤᠨ᠎ᠠ᠃ ᠭᠡᠪᠡᠴᠦ ᠪᠤᠷᠤᠭᠤᠲᠠᠳ ᠨᠢ ᠪᠤᠷᠤᠭᠤ ᠶᠢ ᠦᠢᠯᠡᠳᠦᠭᠰᠡᠭᠡᠷ ᠪᠠᠢᠬᠤ ᠪᠣᠯᠣᠨ᠎ᠠ᠃ ᠪᠤᠷᠤᠭᠤᠲᠠᠳ ᠤᠨ ᠬᠡᠨ ᠨᠢ ᠴᠤ ᠤᠬᠠᠭᠠᠷᠠᠬᠤ ᠦᠭᠡᠢ᠂ ᠬᠠᠷᠢᠨ ᠮᠡᠷᠭᠡᠨ ᠨᠢ ᠤᠬᠠᠭᠠᠷᠠᠬᠤ ᠪᠣᠯᠣᠨ᠎ᠠ᠃ 11 ᠪᠠᠢᠩ᠋ᠭᠤ ᠶᠢᠨ ᠲᠠᠬᠢᠯ ᠢ ᠵᠣᠭᠰᠣᠭᠠᠵᠤ᠂ ᠰᠦᠢᠷᠡᠯ ᠢ ᠠᠪᠴᠢᠷᠠᠬᠤ ᠵᠢᠭᠰᠢᠭᠦᠷᠢᠲᠦ ᠵᠦᠢᠯ ᠢ ᠪᠣᠰᠬᠠᠬᠤ ᠴᠠᠭ ᠠᠴᠠ ᠮᠢᠩ᠋ᠭ᠎ᠠ ᠬᠣᠶᠠᠷ ᠵᠠᠭᠤ ᠶᠡᠷᠡᠨ ᠡᠳᠦᠷ ᠥᠩᠭᠡᠷᠡᠨ᠎ᠡ᠃ 12 ᠬᠦᠯᠢᠶᠡᠭᠰᠡᠭᠡᠷ ᠪᠠᠢᠵᠤ ᠮᠢᠩ᠋ᠭ᠎ᠠ ᠭᠤᠷᠪᠠᠨ ᠵᠠᠭᠤ ᠭᠤᠴᠢᠨ ᠲᠠᠪᠤᠨ ᠡᠳᠦᠷ ᠬᠦᠷᠬᠦ ᠬᠥᠮᠦᠨ ᠪᠤᠶᠠᠨ ᠲᠠᠢ ᠡ︕ 13 ᠬᠠᠷᠢᠨ ᠴᠢ ᠡᠴᠦᠰ ᠪᠣᠯᠲᠠᠯ᠎ᠠ ᠵᠠᠮ ᠢᠶᠠᠷ ᠢᠶᠠᠨ ᠶᠠᠪᠤ᠃ ᠲᠡᠭᠡᠪᠡᠯ ᠴᠢ ᠠᠮᠠᠷᠠᠭᠠᠳ ᠴᠠᠭ ᠦᠶ᠎ᠡ ᠶᠢᠨ ᠡᠴᠦᠰ ᠲᠦ ᠪᠣᠰᠴᠤ᠂ ᠬᠤᠪᠢ ᠪᠠᠨ ᠬᠦᠷᠲᠡᠬᠦ ᠪᠣᠯᠣᠨ᠎ᠠ》 ᠭᠡᠪᠡ᠃