ᠨᠢᠭᠡᠳᠦᠭᠡᠷ ᠫᠧᠲ᠋ᠧᠷ ᠬᠣᠶᠠᠷ
ᠪᠤᠷᠬᠠᠨ ᠤ ᠠᠷᠠᠳ
1 ᠲᠠ ᠨᠠᠷ ᠠᠯᠢᠪᠠ ᠮᠠᠭᠤ ᠶᠠᠪᠤᠳᠠᠯ᠂ ᠠᠯᠢᠪᠠ ᠵᠠᠯᠢ ᠪᠠ ᠬᠠᠭᠤᠷᠮᠠᠭ ᠴᠢᠷᠠᠢ᠂ ᠠᠲᠠᠭᠠᠷᠬᠠᠯ᠂ ᠠᠯᠢᠪᠠ ᠭᠦᠳᠬᠡᠯ ᠢ ᠬᠠᠶᠠᠵᠤ᠂ 2 ᠦᠭᠡ ᠶᠢᠨ ᠴᠡᠪᠡᠷ ᠰᠦ᠋ 1 ᠤᠷᠤᠭᠤ ᠨᠢᠯᠬ᠎ᠠ ᠬᠡᠦᠬᠡᠳ ᠮᠡᠲᠦ ᠲᠡᠮᠡᠦᠯᠦᠭᠲᠦᠨ᠂ ᠠᠪᠤᠷᠠᠯ ᠳᠤ ᠬᠦᠷᠲᠡᠯ᠎ᠡ ᠡᠨᠡ ᠬᠦ ᠰᠦ᠋ ᠪᠠᠷ ᠥᠰᠬᠦ ᠪᠣᠯᠲᠤᠭᠠᠢ᠃ 3 ᠤᠴᠢᠷ ᠨᠢ᠂ ᠡᠵᠡᠨ ᠦ ᠰᠠᠢᠨ ᠢ ᠲᠠ ᠨᠠᠷ ᠠᠮᠰᠠᠭᠰᠠᠨ ᠪᠢᠯᠡ᠃
4 ᠾᠷᠢᠰᠲ᠋ᠣᠰ ᠤᠷᠤᠭᠤ ᠢᠷᠡᠭᠲᠦᠨ᠃ ᠲᠡᠷᠡ ᠪᠣᠯ ᠬᠥᠮᠦᠨ ᠳᠦ ᠭᠣᠯᠣᠭᠳᠠᠵᠤ᠂ ᠪᠤᠷᠬᠠᠨ ᠳᠤ ᠰᠢᠯᠢᠭᠳᠡᠭᠰᠡᠨ ᠦᠨᠡᠲᠦ ᠠᠮᠢᠳᠤ ᠴᠢᠯᠠᠭᠤ ᠮᠥᠨ᠃ 5 ᠲᠠ ᠨᠠᠷ ᠴᠤ ᠠᠮᠢᠳᠤ ᠴᠢᠯᠠᠭᠤ ᠮᠡᠲᠦ ᠪᠢᠯᠡ᠂ ᠢᠰᠦ᠋ᠰ ᠾᠷᠢᠰᠲ᠋ᠣᠰ ᠢᠶᠠᠷ ᠳᠠᠮᠵᠢᠵᠤ ᠪᠤᠷᠬᠠᠨ ᠳᠤ ᠲᠠᠭᠠᠯᠠᠭᠳᠠᠬᠤ ᠰᠦᠨᠡᠰᠦᠯᠢᠭ ᠲᠠᠬᠢᠯ ᠢ ᠡᠷᠭᠦᠳᠡᠭ ᠠᠷᠢᠭᠤᠨ ᠲᠠᠬᠢᠯᠴᠢ ᠪᠣᠯᠬᠤ ᠶᠢᠨ ᠲᠤᠯᠠᠳᠠ ᠰᠦᠨᠡᠰᠦᠯᠢᠭ ᠪᠠᠢᠰᠢᠩ ᠪᠣᠯᠵᠤ ᠪᠠᠢᠭᠤᠯᠤᠭᠳᠠᠵᠤ ᠪᠠᠢᠨ᠎ᠠ᠃ 6 ᠠᠷᠢᠭᠤᠨ ᠨᠣᠮ ᠳᠤ᠄ 《ᠬᠠᠷ᠎ᠠ᠂ ᠪᠢ ᠰᠢᠯᠢᠭᠰᠡᠨ ᠦᠨᠡᠲᠦ ᠪᠤᠯᠤᠩ ᠤᠨ ᠴᠢᠯᠠᠭᠤ ᠪᠠᠨ ᠽᠢᠶᠣᠨ ᠳᠤ ᠲᠠᠯᠪᠢᠨ᠎ᠠ ᠲᠡᠭᠦᠨ ᠳᠦ ᠢᠲᠡᠭᠡᠭᠴᠢ ᠨᠢ ᠶᠡᠷᠦ ᠢᠴᠢᠭᠦᠷᠢ ᠳᠤ ᠣᠷᠣᠬᠤ ᠦᠭᠡᠢ》
ᠭᠡᠵᠦ ᠠᠢᠯᠠᠳᠤᠭᠰᠠᠨᠴᠢᠯᠠᠨ 7 ᠲᠡᠷᠡ ᠪᠡᠷ ᠢᠲᠡᠭᠡᠭᠴᠢ ᠲᠠ ᠨᠠᠷ ᠲᠤ ᠦᠨᠡᠲᠦ ᠴᠢᠯᠠᠭᠤ ᠪᠣᠯᠪᠠᠴᠤ ᠦᠯᠦ ᠢᠲᠡᠭᠡᠭᠴᠢ ᠳᠤ ᠪᠣᠯ 《ᠪᠠᠷᠢᠯᠭᠠᠴᠢᠳ ᠲᠤ ᠭᠣᠯᠣᠭᠳᠠᠭᠰᠠᠨ ᠴᠤ ᠪᠤᠯᠤᠩ ᠤᠨ ᠲᠤᠯᠭᠠᠭᠤᠷᠢ ᠪᠣᠯᠣᠭᠰᠠᠨ ᠲᠡᠷᠡ ᠴᠢᠯᠠᠭᠤ 2 》᠂
8 ᠮᠥᠨ 《ᠪᠦᠳᠦᠷᠢᠭᠦᠯᠬᠦ ᠴᠢᠯᠠᠭᠤ᠂ ᠣᠢᠴᠢᠭᠤᠯᠬᠤ ᠬᠠᠳᠠ》 ᠶᠤᠮ᠃ ᠲᠡᠳᠡ ᠦᠭᠡᠨ ᠳᠦ ᠳᠤᠭᠤᠯᠭᠠᠪᠤᠷᠢ ᠦᠭᠡᠢ ᠪᠣᠯᠬᠣᠷ ᠤᠨᠠᠳᠠᠭ᠃ ᠡᠨᠡ ᠪᠠᠰᠠ ᠲᠡᠳᠡᠨ ᠦ ᠲᠠᠪᠢᠯᠠᠩ ᠪᠢᠯᠡ᠃
9 ᠬᠠᠷᠢᠨ ᠲᠠ ᠨᠠᠷ ᠪᠣᠯ ᠰᠢᠯᠢᠭᠳᠡᠭᠰᠡᠨ ᠤᠭᠰᠠᠭ᠎ᠠ᠂ ᠬᠠᠭᠠᠨ ᠤ ᠲᠠᠬᠢᠯᠴᠢᠳ᠂ ᠠᠷᠢᠭᠤᠨ ᠦᠨᠳᠦᠰᠦᠲᠡᠨ᠂ ᠲᠡᠭᠦᠨ ᠦ ᠬᠠᠷᠢᠶᠠᠨ ᠤ ᠠᠷᠠᠳ ᠲᠦᠮᠡᠨ ᠶᠤᠮ᠃ ᠡᠢᠮᠦ ᠡᠴᠡ ᠥᠪᠡᠷᠰᠡᠳ ᠢ ᠴᠢᠨᠢ ᠬᠠᠷᠠᠩ᠋ᠭᠤᠢ ᠠᠴᠠ ᠭᠠᠢᠬᠠᠮᠰᠢᠭᠲᠤ ᠭᠡᠷᠡᠯ ᠤᠷᠤᠭᠤ ᠪᠠᠨ ᠳᠠᠭᠤᠳᠠᠭᠰᠠᠨ ᠲᠡᠭᠦᠨ ᠦ ᠰᠦᠷ ᠬᠦᠴᠦ ᠶᠢ ᠲᠠ ᠨᠠᠷ ᠢᠯᠡᠷᠬᠡᠶᠢᠯᠡᠬᠦ ᠤᠴᠢᠷᠲᠠᠢ᠃
10 ᠲᠠ ᠨᠠᠷ ᠤᠷᠢᠳᠤ ᠨᠢ ᠠᠷᠠᠳ ᠪᠢᠰᠢ ᠪᠣᠯᠪᠠᠴᠤ ᠣᠳᠣ ᠪᠤᠷᠬᠠᠨ ᠤ ᠠᠷᠠᠳ ᠪᠣᠯᠣᠭᠰᠠᠨ ᠪᠠᠢᠨ᠎ᠠ ᠤᠷᠢᠳᠤ ᠨᠢ ᠡᠨᠡᠷᠢᠭᠳᠡᠭᠰᠡᠨ ᠦᠭᠡᠢ ᠪᠣᠯᠪᠠᠴᠤ ᠣᠳᠣ ᠡᠨᠡᠷᠢᠭᠳᠡᠭᠰᠡᠨ ᠪᠠᠢᠨ᠎ᠠ᠃
ᠦᠯᠦ ᠢᠲᠡᠭᠡᠭᠴᠢᠳ ᠤᠨ ᠳᠤᠮᠳᠠ ᠪᠠᠢᠬᠤ ᠳᠠᠭᠠᠨ
11 ᠬᠠᠢᠷᠠᠲᠤ ᠨᠤᠭᠤᠳ ᠮᠢᠨᠢ᠂ ᠠᠶᠠᠨᠴᠢᠨ ᠪᠠ ᠴᠠᠭᠠᠴᠢᠨ ᠪᠣᠯᠣᠭᠰᠠᠨ ᠲᠠ ᠨᠠᠷ ᠢ ᠢᠳᠬᠠᠶ᠎ᠠ᠃ ᠰᠡᠳᠬᠢᠯ ᠲᠠᠢ ᠴᠢᠨᠢ ᠲᠤᠯᠤᠯᠳᠤᠳᠠᠭ ᠮᠢᠬᠠᠨ ᠪᠡᠶ᠎ᠡ ᠶᠢᠨ ᠲᠠᠴᠢᠶᠠᠯ ᠢ ᠲᠡᠪᠴᠢᠨ᠂ 12 ᠬᠠᠷᠢᠴᠤᠳ ᠤᠨ ᠳᠤᠮᠳᠠ ᠲᠥᠪ ᠰᠠᠢᠨ ᠶᠠᠪᠤᠳᠠᠯ ᠲᠠᠢ ᠪᠠᠢᠭᠠᠷᠠᠢ᠃ ᠲᠡᠳᠡ ᠲᠠ ᠨᠠᠷ ᠢ ᠮᠠᠭᠤ ᠶᠢ ᠦᠢᠯᠡᠳᠦᠭᠴᠢᠳ ᠭᠡᠵᠦ ᠭᠦᠳᠬᠡᠳᠡᠭ ᠬᠢᠷᠢ ᠨᠢ ᠲᠠ ᠨᠠᠷ ᠤᠨ ᠰᠠᠢᠨ ᠦᠢᠯᠡᠰ ᠢ ᠠᠵᠢᠭᠯᠠᠭᠠᠳ ᠪᠤᠷᠬᠠᠨ ᠤ ᠢᠷᠡᠬᠦ ᠡᠳᠦᠷ 3 ᠲᠤ ᠪᠤᠷᠬᠠᠨ ᠢ ᠠᠯᠳᠠᠷᠰᠢᠭᠤᠯᠬᠤ ᠪᠣᠯᠲᠤᠭᠠᠢ᠃
13 ᠡᠵᠡᠨ ᠦ ᠲᠥᠯᠥᠭᠡ ᠬᠥᠮᠦᠨ ᠦ ᠠᠯᠢᠪᠠ ᠵᠦᠢ ᠲᠣᠭᠲᠠᠭᠠᠯ ᠳᠤ ᠵᠠᠬᠢᠷᠤᠭᠳᠠ᠃ ᠡᠷᠬᠡ ᠮᠡᠳᠡᠯᠲᠦ ᠬᠠᠭᠠᠨ ᠳᠤ ᠴᠤ᠂ 14 ᠵᠠᠬᠢᠷᠤᠭᠴᠢᠳ ᠲᠤ ᠴᠤ ᠪᠦᠷ ᠲᠡᠭᠡ᠃ ᠬᠠᠭᠠᠨ ᠪᠣᠯᠣᠨ ᠵᠠᠬᠢᠷᠤᠭᠴᠢᠳ ᠢ ᠢᠯᠡᠭᠡᠳᠡᠭ ᠨᠢ ᠮᠠᠭᠤ ᠶᠢ ᠦᠢᠯᠡᠳᠦᠭᠴᠢ ᠶᠢ ᠴᠡᠭᠡᠷᠯᠡᠭᠦᠯᠵᠦ᠂ ᠰᠠᠢᠨ ᠢ ᠦᠢᠯᠡᠳᠦᠭᠴᠢ ᠶᠢ ᠰᠠᠢᠰᠢᠶᠠᠬᠤ ᠶᠢᠨ ᠲᠤᠯᠠᠳᠠ ᠶᠤᠮ᠃ 15 ᠲᠠ ᠨᠠᠷ ᠵᠥᠪ ᠢ ᠦᠢᠯᠡᠳᠴᠦ ᠮᠤᠩ᠋ᠬᠠᠭ ᠬᠥᠮᠦᠰ ᠦᠨ ᠪᠦᠳᠦᠭᠦᠯᠢᠭ ᠶᠠᠷᠢᠶ᠎ᠠ ᠶᠢ ᠵᠣᠭᠰᠣᠭᠠᠬᠤ ᠨᠢ ᠪᠤᠷᠬᠠᠨ ᠤ ᠬᠦᠰᠡᠯ ᠪᠢᠯᠡ᠃ 16 ᠪᠤᠷᠬᠠᠨ ᠤ ᠵᠠᠷᠤᠴᠠ ᠮᠡᠲᠦ᠂ ᠡᠷᠬᠡ ᠴᠢᠯᠥᠭᠡᠲᠦ ᠬᠥᠮᠦᠨ ᠮᠡᠲᠦ ᠵᠥᠪ ᠢ ᠦᠢᠯᠡᠳ᠂ ᠮᠠᠭᠤ ᠶᠢ ᠳᠠᠯᠳᠠᠯᠠᠬᠤ ᠶᠢᠨ ᠲᠤᠯᠠᠳᠠ ᠡᠷᠬᠡ ᠴᠢᠯᠥᠭᠡ ᠪᠡᠨ ᠠᠰᠢᠭᠯᠠᠵᠤ ᠪᠣᠯᠬᠤ ᠦᠭᠡᠢ᠃ 17 ᠪᠦᠬᠦ ᠬᠥᠮᠦᠨ ᠢ ᠬᠦᠨᠳᠦᠯᠡ᠂ ᠠᠬ᠎ᠠ ᠳᠡᠭᠦᠦᠰ ᠢᠶᠡᠨ ᠬᠠᠢᠷᠠᠯᠠ᠂ ᠪᠤᠷᠬᠠᠨ ᠠᠴᠠ ᠡᠮᠢᠶᠡ᠂ ᠬᠠᠭᠠᠨ ᠢ ᠬᠦᠨᠳᠦᠯᠡ᠃
ᠢᠳᠬᠠᠯᠭ᠎ᠠ᠄ ᠵᠠᠷᠤᠴᠠ ᠨᠠᠷ ᠲᠤ
18 ᠵᠠᠷᠤᠴᠠ ᠨᠠᠷ ᠡ᠂ ᠬᠠᠮᠤᠭ ᠬᠦᠨᠳᠦᠳᠬᠡᠯ ᠢᠶᠡᠷ ᠡᠵᠡᠨ ᠳᠡᠭᠡᠨ ᠵᠠᠬᠢᠷᠤᠭᠳᠠ᠃ ᠰᠠᠢᠨ᠂ ᠡᠯᠢᠭᠡᠰᠡᠭ ᠡᠵᠡᠨ ᠳᠡᠭᠡᠨ ᠲᠡᠳᠦᠢ ᠦᠭᠡᠢ᠂ ᠠᠪᠤᠷᠢᠲᠠᠢ ᠡᠵᠡᠨ ᠳᠡᠭᠡᠨ ᠴᠤ ᠲᠡᠭᠡ᠃ 19 ᠬᠢᠯᠢᠰ ᠵᠣᠪᠠᠯᠠᠩ ᠲᠠᠢ ᠪᠠᠢᠬᠤ ᠳᠠᠭᠠᠨ ᠪᠤᠷᠬᠠᠨ ᠢ ᠪᠣᠳᠣᠨ ᠤᠢ ᠭᠠᠰᠢᠭᠤ ᠶᠢ ᠲᠡᠰᠪᠦᠷᠢᠯᠡᠬᠦ ᠨᠢ ᠢᠪᠡᠭᠡᠯ ᠲᠡᠢ᠃ 20 ᠬᠡᠷᠪᠡ ᠨᠢᠭᠦᠯ ᠦᠢᠯᠡᠳᠴᠦ ᠵᠣᠳᠣᠭᠳᠠᠭᠠᠳ ᠲᠡᠰᠪᠦᠷᠢᠯᠡᠬᠦ ᠶᠤᠮ ᠪᠣᠯ ᠶᠠᠮᠠᠷ ᠮᠠᠭᠲᠠᠭᠠᠯ ᠣᠯᠬᠤ ᠪᠢᠯᠡ︖ ᠬᠠᠷᠢᠨ ᠵᠥᠪ ᠢ ᠦᠢᠯᠡᠳᠦᠭᠡᠳ ᠵᠣᠪᠠᠯᠠᠩ ᠡᠳ᠋ᠯᠡᠵᠦ ᠬᠦᠯᠢᠴᠡᠬᠦ ᠨᠢ ᠪᠤᠷᠬᠠᠨ ᠤ ᠡᠮᠦᠨ᠎ᠡ ᠢᠪᠡᠭᠡᠯ ᠲᠡᠢ ᠶᠤᠮ᠃ 21 ᠡᠭᠦᠨ ᠦ ᠲᠥᠯᠥᠭᠡ ᠲᠠ ᠨᠠᠷ ᠳᠠᠭᠤᠳᠠᠭᠳᠠᠭᠰᠠᠨ᠃ ᠾᠷᠢᠰᠲ᠋ᠣᠰ ᠴᠤ ᠲᠠ ᠨᠠᠷ ᠤᠨ ᠲᠥᠯᠥᠭᠡ ᠵᠣᠪᠠᠯᠠᠩ ᠠᠮᠰᠠᠵᠤ᠂ ᠲᠠ ᠨᠠᠷ ᠲᠤ ᠳᠠᠭᠤᠷᠢᠶᠠᠯ ᠦᠯᠡᠳᠡᠭᠡᠭᠰᠡᠨ ᠨᠢ ᠥᠪᠡᠷ ᠦᠨ ᠢᠶᠠᠨ ᠮᠥᠷ ᠢᠶᠡᠷ ᠳᠠᠭᠠᠭᠤᠯᠬᠤ ᠭᠡᠰᠡᠨ ᠶᠤᠮ᠃ 22 《ᠲᠡᠷᠡ ᠨᠢᠭᠦᠯ ᠦᠢᠯᠡᠳᠦᠭᠡ ᠦᠭᠡᠢ᠂ ᠲᠡᠭᠦᠨ ᠦ ᠠᠮᠠᠨ ᠠᠴᠠ ᠵᠠᠯᠢ ᠣᠯᠳᠠᠭ᠎ᠠ ᠦᠭᠡᠢ᠃》 23 ᠵᠦᠬᠡᠭᠳᠡᠭᠰᠡᠨ ᠪᠣᠯᠪᠠᠴᠤ ᠵᠦᠬᠡᠭᠡ ᠦᠭᠡᠢ᠃ ᠵᠣᠪᠠᠯᠠᠩ ᠠᠮᠰᠠᠭᠰᠠᠨ ᠪᠣᠯᠪᠠᠴᠤ ᠵᠠᠨᠤᠯ ᠦᠭᠡᠢ᠂ ᠵᠥᠪ ᠰᠢᠭᠦᠭᠴᠢ ᠨᠢᠭᠡᠨ ᠳᠦ ᠪᠡᠶ᠎ᠡ ᠪᠡᠨ ᠳᠠᠭᠠᠭᠠᠯᠭᠠᠭᠰᠠᠨ ᠪᠠᠢᠯ᠎ᠠ᠃ 24 ᠲᠡᠷᠡ ᠥᠪᠡᠷ ᠢᠶᠡᠨ ᠮᠣᠳᠣᠨ ᠳᠡᠭᠡᠷ᠎ᠡ ᠪᠢᠳᠡᠨ ᠦ ᠭᠡᠮ ᠨᠢᠭᠦᠯ ᠢ ᠪᠡᠶ᠎ᠡ ᠳᠡᠭᠡᠨ ᠡᠭᠦᠷᠦᠭᠰᠡᠨ ᠨᠢ ᠪᠢᠳᠡᠨ ᠢ ᠭᠡᠮ ᠨᠢᠭᠦᠯ ᠳᠦ ᠦᠬᠦᠵᠦ᠂ ᠵᠥᠪ ᠲᠤ ᠠᠮᠢᠳᠤᠷᠠᠭᠠᠰᠠᠢ ᠭᠡᠰᠡᠨ ᠶᠤᠮ᠃ ᠲᠡᠭᠦᠨ ᠦ ᠰᠢᠷᠬ᠎ᠠ ᠶᠢᠨ ᠠᠴᠢ ᠪᠠᠷ ᠲᠠ ᠨᠠᠷ ᠢᠯᠠᠷᠢᠰᠢᠭᠰᠠᠨ ᠶᠤᠮ᠃ 25 ᠲᠠ ᠨᠠᠷ ᠶᠡᠷᠦ ᠨᠢ ᠲᠥᠭᠡᠷᠢᠭᠰᠡᠨ ᠬᠣᠨᠢ ᠮᠡᠲᠦ ᠪᠠᠢᠭᠰᠠᠨ ᠪᠣᠯᠪᠠᠴᠤ ᠣᠳᠣ ᠰᠦᠨᠡᠰᠦᠨ ᠦ ᠪᠠᠨ ᠬᠣᠨᠢᠴᠢᠨ᠂ ᠬᠠᠷᠠᠭᠠᠯᠵᠠᠭᠴᠢ ᠤᠷᠤᠭᠤ ᠪᠠᠨ ᠪᠤᠴᠠᠵᠤ ᠢᠷᠡᠭᠰᠡᠨ ᠶᠤᠮ᠃