1 2 3 4 5 6 7 8 9 10 11 12 13 14 15 16 17 18 19 20 21 22 23 24 25 26 27 28


ᠮᠠᠲ᠋ᠠᠢ ᠠᠷᠪᠠᠨ ᠬᠣᠶᠠᠷ
 ᠠᠮᠠᠷᠠᠯ ᠤᠨ ᠡᠳᠦᠷ ᠦᠨ ᠡᠵᠡᠨ

1 ᠲᠡᠷᠡ ᠦᠶ᠎ᠡ ᠳᠦ᠂ ᠢᠰᠦ᠋ᠰ ᠠᠮᠠᠷᠠᠯ ᠤᠨ ᠡᠳᠦᠷ ᠲᠠᠷᠢᠶᠠᠨ ᠳᠤᠮᠳᠠᠭᠤᠷ ᠶᠠᠪᠤᠵᠤ ᠪᠠᠢᠬᠤ ᠳᠤ᠂ ᠥᠯᠥᠰᠥᠭᠰᠡᠨ ᠱᠠᠪᠢ ᠨᠠᠷ ᠨᠢ ᠲᠠᠷᠢᠶᠠᠨ ᠲᠦᠷᠦᠭᠦᠦ ᠰᠢᠪᠲᠤᠷᠤᠨ ᠢᠳᠡᠵᠦ ᠡᠬᠢᠯᠡᠪᠡ᠃ 2 ᠹᠠᠷᠢᠰᠠᠢᠴᠤᠳ ᠡᠭᠦᠨ ᠢ ᠬᠠᠷᠠᠭᠠᠳ ᠢᠰᠦ᠋ᠰ ᠲᠤ᠄ 《ᠬᠠᠷᠠᠭᠠᠴᠢ᠂ ᠱᠠᠪᠢ ᠨᠠᠷ ᠴᠢᠨᠢ ᠠᠮᠠᠷᠠᠯ ᠤᠨ ᠡᠳᠦᠷ ᠬᠢᠵᠦ ᠪᠣᠯᠬᠤ ᠦᠭᠡᠢ ᠵᠦᠢᠯ ᠢ ᠬᠢᠵᠦ ᠪᠠᠢᠨ᠎ᠠ》 ᠭᠡᠵᠡᠭᠡᠬᠦ ᠳᠦ᠂ 3 ᠢᠰᠦ᠋ᠰ ᠲᠡᠳᠡᠨ ᠳᠦ᠄ 《ᠳ᠋ᠠᠸᠢᠳ᠋ ᠪᠣᠯᠣᠨ ᠬᠠᠮᠲᠤ ᠪᠠᠢᠭᠰᠠᠳ ᠨᠢ ᠥᠯᠥᠰᠬᠦ ᠳᠦ᠂ ᠳ᠋ᠠᠸᠢᠳ᠋ ᠶᠠᠭᠠᠬᠢᠭᠰᠠᠨ ᠢ ᠲᠠ ᠨᠠᠷ ᠤᠩ᠋ᠰᠢᠭ᠎ᠠ ᠦᠭᠡᠢ ᠤᠤ︖ 4 ᠲᠡᠷᠡ ᠪᠤᠷᠬᠠᠨ ᠤ ᠥᠷᠭᠥᠭᠡᠨ ᠳᠦ ᠣᠷᠣᠭᠠᠳ᠂ ᠥᠪᠡᠷ ᠢᠶᠡᠨ ᠴᠤ᠂ ᠬᠠᠮᠲᠤ ᠪᠠᠢᠭᠰᠠᠳ ᠨᠢ ᠴᠤ ᠢᠳᠡᠵᠦ ᠪᠣᠯᠬᠤ ᠦᠭᠡᠢ᠂ ᠲᠠᠬᠢᠯᠴᠢᠳ ᠯᠠ ᠢᠳᠡᠳᠡᠭ ᠲᠠᠪᠢᠭ ᠪᠣᠣᠪᠣ ᠶᠢ ᠢᠳᠡᠭᠰᠡᠨ ᠪᠢᠯᠡ᠃ 5 ᠮᠥᠨ ᠠᠮᠠᠷᠠᠯ ᠤᠨ ᠡᠳᠦᠷ ᠲᠠᠬᠢᠯᠴᠢᠳ ᠠᠷᠢᠭᠤᠨ ᠣᠷᠳᠣᠨ ᠳᠣᠲᠣᠷ᠎ᠠ ᠠᠮᠠᠷᠠᠯ ᠤᠨ ᠡᠳᠦᠷ ᠢ ᠵᠥᠷᠢᠴᠡᠪᠡᠴᠦ ᠪᠤᠷᠤᠭᠤ ᠦᠭᠡᠢ ᠭᠡᠳᠡᠭ ᠢ ᠲᠠ ᠨᠠᠷ ᠬᠠᠤᠯᠢ ᠡᠴᠡ ᠤᠩ᠋ᠰᠢᠭ᠎ᠠ ᠦᠭᠡᠢ ᠤᠤ︖ 6 ᠬᠠᠷᠢᠨ ᠪᠢ ᠲᠠ ᠨᠠᠷ ᠲᠤ ᠬᠡᠯᠡᠶ᠎ᠡ᠂ ᠣᠷᠳᠣᠨ ᠠᠴᠠ ᠢᠯᠡᠭᠦᠦ ᠠᠭᠤᠤ ᠨᠢᠭᠡᠨ ᠨᠢ ᠡ᠊ᠨᠳᠡ ᠪᠠᠢᠨ᠎ᠠ᠃ 7 ᠬᠡᠷᠪᠡ 〈ᠪᠢ ᠲᠠᠬᠢᠯ ᠢ ᠪᠤᠰᠤ᠂ ᠡᠨᠡᠷᠢᠯ ᠢ ᠬᠦᠰᠡᠳᠡᠭ〉 ᠭᠡᠳᠡᠭ ᠦᠭᠡ ᠶᠢᠨ ᠤᠳᠬ᠎ᠠ ᠶᠢ ᠲᠠ ᠨᠠᠷ ᠣᠢᠯᠠᠭᠠᠭᠰᠠᠨ ᠪᠣᠯ᠂ ᠪᠤᠷᠤᠭᠤ ᠦᠭᠡᠢ ᠬᠥᠮᠦᠨ ᠢ ᠪᠤᠷᠤᠭᠤᠳᠬᠠᠬᠤ ᠦᠭᠡᠢ ᠪᠠᠢᠬᠤ ᠰᠠᠨ᠃ 8 ᠬᠥᠮᠦᠨ ᠦ ᠬᠦᠦ ᠪᠣᠯ ᠠᠮᠠᠷᠠᠯ ᠤᠨ ᠡᠳᠦᠷ ᠦᠨ ᠡᠵᠡᠨ ᠶᠤᠮ》 ᠭᠡᠵᠡᠢ᠃

9 ᠢᠰᠦ᠋ᠰ ᠲᠡᠨᠳᠡ ᠡᠴᠡ ᠶᠠᠪᠤᠵᠤ᠂ ᠲᠡᠳᠡᠨ ᠦ ᠬᠤᠷᠠᠯ ᠤᠨ ᠲᠠᠩᠬᠢᠮ ᠳᠤ ᠣᠷᠣᠪᠠ᠃ 10 ᠲᠡᠭᠡᠬᠦ ᠳᠦ᠂ ᠥᠷᠥᠭᠡᠰᠦᠨ ᠭᠠᠷ ᠨᠢ ᠲᠠᠲᠠᠩ᠋ᠬᠠᠢ ᠨᠢᠭᠡ ᠬᠥᠮᠦᠨ ᠲᠡᠨᠳᠡ ᠪᠠᠢᠵᠠᠢ᠃ ᠲᠡᠳᠡ ᠢᠰᠦ᠋ᠰ ᠢ ᠵᠠᠭᠠᠯᠳᠤᠬᠤ ᠶᠢᠨ ᠲᠤᠯᠠᠳᠠ ᠲᠡᠭᠦᠨ ᠡᠴᠡ᠄ 《ᠠᠮᠠᠷᠠᠯ ᠤᠨ ᠡᠳᠦᠷ ᠡᠳᠡᠭᠡᠭᠡᠬᠦ ᠨᠢ ᠵᠥᠪ ᠤᠤ︖》 ᠭᠡᠵᠦ ᠠᠰᠠᠭᠤᠪᠠ᠃ 11 ᠲᠡᠷᠡ ᠲᠡᠳᠡᠨ ᠳᠦ᠄ 《ᠲᠠ ᠨᠠᠷ ᠤᠨ ᠳᠣᠲᠣᠷᠠᠬᠢ ᠵᠠᠷᠢᠮ ᠬᠥᠮᠦᠨ ᠳᠦ ᠨᠢᠭᠡ ᠬᠣᠨᠢ ᠪᠠᠢᠬᠤ ᠳᠤ᠂ ᠬᠣᠨᠢ ᠨᠢ ᠠᠮᠠᠷᠠᠯ ᠤᠨ ᠡᠳᠦᠷ ᠨᠦᠬᠡᠨ ᠳᠦ ᠤᠨᠠᠴᠢᠬᠠᠪᠠᠯ᠂ ᠲᠡᠭᠦᠨ ᠢ ᠪᠠᠨ ᠭᠠᠷᠭᠠᠵᠤ ᠠᠪᠬᠤ ᠦᠭᠡᠢ ᠤᠤ︖ 12 ᠬᠥᠮᠦᠨ ᠬᠣᠨᠢᠨ ᠠᠴᠠ ᠬᠡᠴᠢᠨᠡᠨ ᠡᠷᠬᠢᠮ ᠪᠢᠯᠡ᠂ ᠡᠢᠨ ᠬᠦ ᠠᠮᠠᠷᠠᠯ ᠤᠨ ᠡᠳᠦᠷ ᠰᠠᠢᠨ ᠢ ᠦᠢᠯᠡᠳᠬᠦ ᠨᠢ ᠵᠦᠢ ᠲᠡᠢ》 ᠭᠡᠳ᠂ 13 ᠥᠨᠥᠬᠢ ᠬᠥᠮᠦᠨ ᠳᠦ᠄ 《ᠭᠠᠷ ᠢᠶᠠᠨ ᠰᠤᠩ᠋ᠭ᠎ᠠ》 ᠭᠡᠪᠡ᠃ ᠲᠡᠷᠡ ᠬᠥᠮᠦᠨ ᠭᠠᠷ ᠢᠶᠠᠨ ᠰᠤᠩ᠋ᠭᠠᠲᠠᠯ᠎ᠠ ᠭᠠᠷ ᠨᠢ ᠨᠥᠭᠥᠭᠡ ᠭᠠᠷ ᠲᠠᠢ ᠪᠠᠨ ᠠᠳᠠᠯᠢ ᠡᠷᠡᠭᠦᠯ ᠪᠣᠯᠪᠠ᠃ 14 ᠬᠠᠷᠢᠨ ᠹᠠᠷᠢᠰᠠᠢᠴᠤᠳ ᠭᠠᠷᠴᠤ᠂ ᠢᠰᠦ᠋ᠰ ᠢ ᠬᠡᠷᠬᠢᠨ ᠬᠥᠨᠥᠭᠡᠬᠦ ᠲᠤᠬᠠᠢ ᠬᠤᠤᠪᠢᠯᠳᠤᠵᠠᠢ᠃

15 ᠢᠰᠦ᠋ᠰ ᠡᠭᠦᠨ ᠢ ᠮᠡᠳᠡᠭᠡᠳ ᠲᠡᠨᠳᠡ ᠡᠴᠡ ᠬᠣᠯᠠᠳᠪᠠ᠃ ᠦᠯᠡᠮᠵᠢ ᠣᠯᠠᠨ ᠬᠥᠮᠦᠨ ᠳᠠᠭᠠᠭᠰᠠᠨ ᠳᠤ᠂ ᠲᠡᠳᠡᠨ ᠢ ᠴᠥᠮ ᠢᠶᠡᠷ ᠨᠢ ᠡᠳᠡᠭᠡᠭᠡᠭᠡᠳ᠂ 16 《ᠮᠢᠨᠦ ᠲᠤᠬᠠᠢ ᠪᠢᠲᠡᠭᠡᠢ ᠦᠭᠡ ᠭᠠᠷᠭ᠎ᠠ》 ᠭᠡᠵᠦ ᠬᠠᠲᠠᠭᠤ ᠰᠠᠨᠠᠭᠤᠯᠪᠠ᠃ 17 ᠡᠢᠨ ᠬᠦ ᠡᠰᠢ ᠦᠵᠡᠭᠦᠯᠦᠭᠴᠢ ᠢᠰᠠᠢᠶ᠎ᠠ ᠪᠠᠷ᠂
18 《ᠮᠢᠨᠦ ᠰᠣᠩ᠋ᠭᠣᠭᠰᠠᠨ ᠵᠠᠷᠤᠴᠠ᠂ ᠮᠢᠨᠦ ᠲᠠᠭᠠᠯᠠᠳᠠᠭ ᠬᠠᠢᠷᠠᠲᠠᠢ ᠨᠢᠭᠡᠨ ᠢ ᠮᠢᠨᠢ ᠬᠠᠷᠠ ᠪᠢ ᠲᠡᠭᠦᠨ ᠦ ᠳᠡᠭᠡᠷ᠎ᠡ ᠰᠦᠨᠡᠰᠦ ᠪᠡᠨ ᠪᠠᠢᠯᠭᠠᠨ᠎ᠠ ᠲᠡᠷᠡ ᠬᠠᠷᠢᠴᠤᠳ ᠲᠤ ᠭᠣᠣᠯᠴᠢ ᠶᠣᠰᠣ ᠶᠢ ᠲᠤᠩ᠋ᠬᠠᠭᠯᠠᠨ᠎ᠠ᠃
19 ᠲᠡᠷᠡ ᠬᠡᠷᠡᠯᠳᠦᠬᠦ ᠦᠭᠡᠢ᠂ ᠬᠠᠰᠬᠢᠷᠬᠤ ᠦᠭᠡᠢ ᠲᠡᠭᠦᠨ ᠦ ᠳᠠᠭᠤ ᠭᠤᠳᠤᠮᠵᠢ ᠳᠤ ᠰᠣᠨᠣᠰᠳᠠᠬᠤ ᠦᠭᠡᠢ᠃
20 ᠲᠡᠷᠡ ᠪᠢᠴᠠᠯᠤᠭᠳᠠᠭᠰᠠᠨ ᠵᠡᠭᠡᠰᠦ ᠶᠢ ᠬᠤᠭᠤᠯᠬᠤ ᠦᠭᠡᠢ ᠪᠦᠳᠡᠭᠢᠷᠡᠵᠦ ᠪᠤᠢ ᠵᠤᠯᠠ ᠶᠢ ᠴᠤ ᠪᠥᠬᠥᠭᠡᠬᠦ ᠦᠭᠡᠢ ᠬᠣᠵᠢᠮ ᠭᠣᠣᠯᠴᠢ ᠶᠣᠰᠣ ᠪᠠᠨ ᠢᠯᠠᠯᠲᠠ ᠳᠤ ᠬᠦᠷᠭᠡᠨ᠎ᠡ᠃
21 ᠬᠠᠷᠢᠴᠤᠳ ᠲᠡᠭᠦᠨ ᠦ ᠨᠡᠷ᠎ᠡ ᠤᠷᠤᠭᠤ ᠲᠡᠮᠡᠦᠯᠬᠦ ᠪᠣᠯᠣᠨ᠎ᠠ》
ᠭᠡᠵᠦ ᠬᠡᠯᠭᠦᠯᠦᠭᠰᠡᠨ ᠨᠢ ᠪᠡᠶᠡᠯᠡᠭᠳᠡᠵᠡᠢ᠃
 ᠹᠠᠷᠢᠰᠠᠢᠴᠤᠳ ᠢ ᠵᠢᠮᠡᠯᠡᠭᠰᠡᠨ ᠨᠢ

22 ᠲᠡᠷᠡ ᠦᠶ᠎ᠡ ᠳᠦ᠂ ᠴᠢᠳᠬᠥᠷ ᠣᠷᠣᠰᠢᠭᠰᠠᠨ ᠬᠠᠷᠠᠭ᠎ᠠ ᠦᠭᠡᠢ᠂ ᠬᠡᠯᠡ ᠦᠭᠡᠢ ᠬᠥᠮᠦᠨ ᠢ ᠲᠡᠭᠦᠨ ᠳᠦ ᠠᠪᠴᠢᠷᠠᠬᠤ ᠳᠤ᠂ ᠢᠰᠦ᠋ᠰ ᠲᠡᠭᠦᠨ ᠢ ᠡᠳᠡᠭᠡᠭᠡᠭᠡᠳ ᠲᠡᠷᠡ ᠬᠡᠯᠡ ᠦᠭᠡᠢ ᠬᠥᠮᠦᠨ ᠢ ᠶᠠᠷᠢᠳᠠᠭ᠂ ᠬᠠᠷᠠᠳᠠᠭ ᠪᠣᠯᠭᠠᠵᠠᠢ᠃ 23 ᠣᠯᠠᠨ ᠬᠥᠮᠦᠨ ᠪᠦᠭᠦᠳᠡᠭᠡᠷ ᠢᠶᠡᠨ ᠴᠣᠴᠢᠷᠳᠠᠵᠤ᠄ 《ᠡᠨᠡ ᠴᠢᠨᠢ ᠳ᠋ᠠᠸᠢᠳ᠋ ᠤᠨ ᠤᠳᠤᠮ ᠪᠢᠰᠢ ᠤᠤ︖》 ᠭᠡᠯᠴᠡᠵᠦ ᠪᠠᠢᠪᠠ᠃ 24 ᠬᠠᠷᠢᠨ ᠹᠠᠷᠢᠰᠠᠢᠴᠤᠳ ᠡᠭᠦᠨ ᠢ ᠰᠣᠨᠣᠰᠣᠭᠠᠳ᠄ 《ᠡᠨᠡ ᠬᠥᠮᠦᠨ ᠴᠢᠳᠬᠥᠷ ᠤᠳ ᠤᠨ ᠲᠣᠯᠣᠭᠠᠢᠯᠠᠭᠴᠢ ᠪᠧᠯᠽᠧᠪᠦ᠋ᠯ ᠢᠶᠠᠷ ᠯᠠ ᠴᠢᠳᠬᠥᠷ ᠤᠳ ᠢ ᠬᠥᠭᠡᠭᠡᠳᠡᠭ》 ᠭᠡᠯᠴᠡᠭᠰᠡᠨ ᠳᠦ᠂ 25 ᠢᠰᠦ᠋ᠰ ᠲᠡᠳᠡᠨ ᠦ ᠪᠣᠳᠣᠯ ᠢ ᠮᠡᠳᠡᠭᠡᠳ ᠲᠡᠳᠡᠨ ᠳᠦ᠄ 《ᠬᠠᠮᠤᠭ ᠤᠯᠤᠰ ᠳᠣᠲᠣᠷ᠎ᠠ ᠪᠠᠨ ᠬᠠᠭᠠᠷᠠᠪᠠᠯ ᠮᠥᠬᠥᠨ᠎ᠡ᠃ ᠬᠠᠮᠤᠭ ᠬᠣᠲᠠ᠂ ᠡᠰᠡᠪᠡᠯ ᠭᠡᠷ ᠳᠣᠲᠣᠷ᠎ᠠ ᠪᠠᠨ ᠬᠠᠭᠠᠷᠠᠪᠠᠯ ᠲᠣᠭᠲᠠᠨᠢᠬᠤ ᠦᠭᠡᠢ᠃ 26 ᠰᠠᠲ᠋ᠠᠨ ᠰᠠᠲ᠋ᠠᠨ ᠢᠶᠠᠨ ᠬᠥᠭᠡᠭᠡᠪᠡᠯ᠂ ᠳᠣᠲᠣᠷ᠎ᠠ ᠪᠠᠨ ᠬᠠᠭᠠᠷᠠᠬᠤ ᠪᠣᠯᠣᠨ᠎ᠠ᠂ ᠢᠩᠭᠢᠪᠡᠯ ᠤᠯᠤᠰ ᠨᠢ ᠬᠡᠷᠬᠢᠨ ᠲᠣᠭᠲᠠᠨᠢᠬᠤ ᠪᠢᠯᠡ︖ 27 ᠬᠡᠷᠪᠡ ᠪᠢ ᠪᠧᠯᠽᠧᠪᠦ᠋ᠯ ᠢᠶᠠᠷ ᠴᠢᠳᠬᠥᠷ ᠤᠳ ᠢ ᠬᠥᠭᠡᠭᠡᠳᠡᠭ ᠪᠣᠯ᠂ ᠲᠠ ᠨᠠᠷ ᠤᠨ ᠬᠥᠪᠡᠭᠦᠳ ᠬᠡᠨ ᠢᠶᠡᠷ ᠴᠢᠳᠬᠥᠷ ᠬᠥᠭᠡᠭᠡᠳᠡᠭ ᠪᠤᠢ︖ ᠲᠡᠭᠡᠬᠦ ᠪᠡᠷ ᠬᠥᠪᠡᠭᠦᠳ ᠴᠢᠨᠢ ᠲᠠ ᠨᠠᠷ ᠢ ᠰᠢᠭᠦᠬᠦ ᠪᠣᠯᠣᠨ᠎ᠠ᠃ 28 ᠬᠠᠷᠢᠨ ᠪᠢ ᠪᠤᠷᠬᠠᠨ ᠤ ᠰᠦᠨᠡᠰᠦ ᠪᠡᠷ ᠴᠢᠳᠬᠥᠷ ᠤᠳ ᠢ ᠬᠥᠭᠡᠭᠡᠳᠡᠭ ᠲᠤᠯᠠ ᠪᠤᠷᠬᠠᠨ ᠤ ᠬᠠᠭᠠᠨᠴᠢᠯᠠᠯ ᠲᠠ ᠨᠠᠷ ᠲᠤ ᠢᠷᠡᠴᠢᠬᠡᠭᠰᠡᠨ᠃ 29 ᠬᠥᠮᠦᠨ ᠬᠦᠴᠦᠲᠡᠨ ᠢ ᠤᠷᠢᠳᠠᠪᠠᠷ ᠬᠦᠯᠢᠬᠦ ᠡᠴᠡ ᠨᠠᠰᠢ ᠶᠠᠭᠠᠬᠢᠨ ᠲᠡᠭᠦᠨ ᠦ ᠭᠡᠷ ᠲᠦ ᠣᠷᠣᠵᠤ ᠡᠳ᠋ ᠬᠥᠷᠥᠩᠭᠡ ᠶᠢ ᠨᠢ ᠲᠣᠨᠣᠵᠤ ᠴᠢᠳᠠᠬᠤ ᠪᠢᠯᠡ︖ ᠬᠦᠯᠢᠴᠢᠭᠡᠭᠡᠳ ᠯᠠ ᠭᠡᠷ ᠢ ᠨᠢ ᠲᠣᠨᠣᠬᠤ ᠪᠣᠯᠣᠨ᠎ᠠ᠃
 ᠦᠯᠦ ᠠᠭᠤᠴᠢᠯᠠᠭᠳᠠᠬᠤ ᠨᠢᠭᠦᠯ

30 ᠨᠠᠳᠠ ᠲᠠᠢ ᠨᠡᠢᠯᠡᠳᠡᠭ ᠦᠭᠡᠢ ᠨᠢ ᠨᠠᠮᠠᠶᠢ ᠡᠰᠡᠷᠭᠦᠴᠡᠭᠴᠢ᠂ ᠨᠠᠳᠠ ᠲᠠᠢ ᠬᠠᠮᠲᠤ ᠬᠤᠷᠢᠶᠠᠯᠴᠠᠳᠠᠭ ᠦᠭᠡᠢ ᠨᠢ ᠪᠤᠲᠠᠷᠠᠭᠠᠭᠴᠢ ᠮᠥᠨ᠃ 31 ᠲᠡᠢᠮᠦ ᠡᠴᠡ ᠲᠠ ᠨᠠᠷ ᠲᠤ ᠬᠡᠯᠡᠶ᠎ᠡ᠂ ᠬᠥᠮᠦᠰ ᠦᠨ ᠠᠯᠢᠪᠠ ᠨᠢᠭᠦᠯ ᠪᠠ ᠳᠣᠷᠣᠮᠵᠢᠯᠠᠯ ᠠᠭᠤᠴᠢᠯᠠᠭᠳᠠᠨ᠎ᠠ᠃ ᠬᠠᠷᠢᠨ ᠠᠷᠢᠭᠤᠨ ᠰᠦᠨᠡᠰᠦ ᠶᠢ ᠳᠣᠷᠣᠮᠵᠢᠯᠠᠭᠰᠠᠨ ᠨᠢ ᠠᠭᠤᠴᠢᠯᠠᠭᠳᠠᠬᠤ ᠦᠭᠡᠢ᠃ 32 ᠬᠥᠮᠦᠨ ᠦ ᠬᠦᠦ ᠶᠢ ᠦᠭᠡ ᠪᠡᠷ ᠡᠰᠡᠷᠭᠦᠴᠡᠭᠴᠢ ᠨᠢ ᠠᠭᠤᠴᠢᠯᠠᠭᠳᠠᠨ᠎ᠠ᠃ ᠬᠠᠷᠢᠨ ᠠᠷᠢᠭᠤᠨ ᠰᠦᠨᠡᠰᠦ ᠶᠢ ᠦᠭᠡ ᠪᠡᠷ ᠡᠰᠡᠷᠭᠦᠴᠡᠭᠴᠢ ᠨᠢ ᠡᠨᠡ ᠦᠶ᠎ᠡ ᠳᠦ ᠴᠤ᠂ ᠢᠷᠡᠬᠦ ᠦᠶ᠎ᠡ ᠳᠦ ᠴᠤ ᠠᠭᠤᠴᠢᠯᠠᠭᠳᠠᠬᠤ ᠦᠭᠡᠢ᠃
 ᠬᠥᠮᠦᠨ ᠦᠭᠡ ᠪᠡᠷ ᠢᠶᠠᠨ ᠲᠠᠨᠢᠭᠳᠠᠨ᠎ᠠ

33 ᠰᠠᠢᠨ ᠮᠣᠳᠣ ᠲᠠᠷᠢᠪᠠᠯ ᠰᠠᠢᠨ ᠵᠢᠮᠢᠰ ᠣᠯᠣᠨ᠎ᠠ᠂ ᠮᠠᠭᠤ ᠮᠣᠳᠣ ᠲᠠᠷᠢᠪᠠᠯ ᠮᠠᠭᠤ ᠵᠢᠮᠢᠰ ᠣᠯᠣᠨ᠎ᠠ᠂ ᠮᠣᠳᠣ ᠶᠢ ᠵᠢᠮᠢᠰ ᠢᠶᠠᠷ ᠨᠢ ᠲᠠᠨᠢᠨ᠎ᠠ᠃ 34 ᠬᠣᠣᠷᠲᠤ ᠮᠣᠭᠠᠢ ᠶᠢᠨ ᠦᠷ᠎ᠡ ᠲᠥᠯ︕ ᠲᠠ ᠨᠠᠷ ᠬᠣᠷᠣᠨ ᠮᠠᠭᠤ ᠲᠤᠯᠠ ᠶᠠᠭᠠᠬᠢᠨ ᠰᠠᠢᠨ ᠢ ᠶᠠᠷᠢᠵᠤ ᠴᠢᠳᠠᠬᠤ ᠪᠤᠢ︖ ᠬᠥᠮᠦᠨ ᠰᠡᠳᠬᠢᠯ ᠳᠡᠭᠡᠨ ᠪᠢᠯᠬᠠᠭᠰᠠᠨ ᠢ ᠠᠮᠠ ᠪᠠᠷ ᠢᠶᠠᠨ ᠶᠠᠷᠢᠳᠠᠭ᠃ 35 ᠰᠠᠢᠨ ᠬᠥᠮᠦᠨ ᠬᠠᠳᠠᠭᠠᠯᠠᠭᠰᠠᠨ ᠰᠠᠢᠨ ᠠᠴᠠ ᠪᠠᠨ ᠰᠠᠢᠨ ᠢ ᠭᠠᠷᠭᠠᠨ᠂ ᠮᠠᠭᠤ ᠬᠥᠮᠦᠨ ᠬᠠᠳᠠᠭᠠᠯᠠᠭᠰᠠᠨ ᠮᠠᠭᠤ ᠠᠴᠠ ᠪᠠᠨ ᠮᠠᠭᠤ ᠶᠢ ᠭᠠᠷᠭᠠᠨ᠎ᠠ᠃ 36 ᠲᠠ ᠨᠠᠷ ᠲᠤ ᠬᠡᠯᠡᠶ᠎ᠡ᠂ ᠬᠥᠮᠦᠨ ᠳᠡᠮᠡᠢ ᠶᠠᠷᠢᠭᠰᠠᠨ ᠦᠭᠡ ᠪᠣᠯᠭᠠᠨ ᠢᠶᠠᠨ ᠰᠢᠭᠦᠯᠲᠡ ᠶᠢᠨ ᠡᠳᠦᠷ ᠥᠴᠢᠭᠯᠡᠬᠦ ᠶᠣᠰᠣᠲᠠᠢ᠃ 37 ᠴᠢ ᠦᠭᠡᠰ ᠢᠶᠡᠷ ᠢᠶᠠᠨ ᠵᠥᠪᠲᠥᠭᠡᠭᠳᠡᠵᠦ᠂ ᠮᠥᠨ ᠦᠭᠡᠰ ᠢᠶᠡᠷ ᠢᠶᠠᠨ ᠶᠠᠯᠠᠯᠠᠭᠳᠠᠨ᠎ᠠ》 ᠭᠡᠪᠡ᠃
 ᠰᠢᠳᠢ ᠲᠡᠮᠳᠡᠭ ᠬᠦᠰᠡᠭᠰᠡᠨ ᠨᠢ

38 ᠡᠭᠦᠨ ᠦ ᠬᠠᠷᠢᠭᠤ ᠳᠤ ᠪᠢᠴᠢᠭᠲᠡᠳ ᠪᠠ ᠹᠠᠷᠢᠰᠠᠢᠴᠤᠳ ᠤᠨ ᠵᠠᠷᠢᠮ ᠨᠢ᠄ 《ᠪᠠᠭᠰᠢ ᠡ᠂ ᠪᠢᠳᠡ ᠲᠠᠨ ᠠᠴᠠ ᠰᠢᠳᠢ ᠲᠡᠮᠳᠡᠭ ᠦᠵᠡᠬᠦ ᠶᠢ ᠬᠦᠰᠡᠵᠦ ᠪᠠᠢᠨ᠎ᠠ》 ᠭᠡᠰᠡᠨ ᠳᠦ᠂ 39 ᠢᠰᠦ᠋ᠰ᠄ 《ᠮᠠᠭᠤ᠂ ᠵᠠᠪᠬᠠᠢ ᠦᠶ᠎ᠡ ᠶᠢᠨ ᠬᠢᠨ ᠰᠢᠳᠢ ᠲᠡᠮᠳᠡᠭ ᠱᠠᠭᠠᠷᠳᠠᠳᠠᠭ ᠪᠣᠯᠪᠠᠴᠤ ᠡᠰᠢ ᠦᠵᠡᠭᠦᠯᠦᠭᠴᠢ ᠶᠣᠨᠠ ᠶᠢᠨ ᠰᠢᠳᠢ ᠲᠡᠮᠳᠡᠭ ᠡᠴᠡ ᠥᠭᠡᠷ᠎ᠡ ᠰᠢᠳᠢ ᠲᠡᠮᠳᠡᠭ ᠲᠡᠳᠡᠨ ᠳᠦ ᠥᠭᠭᠥᠭᠳᠡᠬᠦ ᠦᠭᠡᠢ᠃ 40 ᠶᠣᠨᠠ ᠠᠪᠤᠷᠭᠤ ᠵᠢᠭᠠᠰᠤᠨ ᠤ ᠭᠡᠳᠡᠰᠦᠨ ᠳᠦ ᠭᠤᠷᠪᠠᠨ ᠡᠳᠦᠷ ᠭᠤᠷᠪᠠᠨ ᠰᠥᠨᠢ ᠪᠠᠢᠭᠰᠠᠨᠴᠢᠯᠠᠨ ᠬᠥᠮᠦᠨ ᠦ ᠬᠦᠦ ᠭᠠᠵᠠᠷ ᠤᠨ ᠵᠢᠷᠦᠬᠡᠨ ᠳᠦ ᠭᠤᠷᠪᠠᠨ ᠡᠳᠦᠷ ᠭᠤᠷᠪᠠᠨ ᠰᠥᠨᠢ ᠪᠠᠢᠬᠤ ᠪᠣᠯᠣᠨ᠎ᠠ᠃ 41 ᠰᠢᠭᠦᠯᠲᠡ ᠶᠢᠨ ᠦᠶ᠎ᠡ ᠳᠦ ᠨᠢᠨᠧᠸᠧ ᠶᠢᠨ ᠬᠥᠮᠦᠰ ᠡᠨᠡ ᠦᠶ᠎ᠡ ᠶᠢᠨ ᠬᠢᠨ ᠲᠠᠢ ᠬᠠᠮᠲᠤ ᠪᠣᠰᠴᠤ᠂ ᠡᠳᠡ ᠨᠠᠷ ᠢ ᠶᠠᠯᠠᠯᠠᠬᠤ ᠪᠣᠯᠣᠨ᠎ᠠ᠃ ᠤᠴᠢᠷ ᠨᠢ ᠲᠡᠳᠡ ᠶᠣᠨᠠ ᠶᠢᠨ ᠰᠤᠷᠭᠠᠯ ᠳᠤ ᠭᠡᠮᠰᠢᠵᠡᠭᠡᠭᠰᠡᠨ ᠶᠤᠮ᠃ ᠠᠩ᠋ᠬᠠᠷᠤᠭᠲᠤᠨ᠂ ᠶᠣᠨᠠ ᠠᠴᠠ ᠠᠭᠤᠤ ᠨᠢᠭᠡᠨ ᠨᠢ ᠡ᠊ᠨᠳᠡ ᠪᠠᠢᠨ᠎ᠠ᠃ 42 ᠰᠢᠭᠦᠯᠲᠡ ᠳᠡᠭᠡᠷ᠎ᠡ ᠡᠮᠦᠨᠡᠲᠦ ᠶᠢᠨ ᠬᠠᠲᠤᠨ ᠬᠠᠭᠠᠨ ᠡᠨᠡ ᠦᠶ᠎ᠡ ᠶᠢᠨ ᠬᠢᠨ ᠲᠠᠢ ᠬᠠᠮᠲᠤ ᠠᠮᠢᠯᠠᠵᠤ ᠡᠳᠡ ᠨᠠᠷ ᠢ ᠶᠠᠯᠠᠯᠠᠬᠤ ᠪᠣᠯᠣᠨ᠎ᠠ᠃ ᠤᠴᠢᠷ ᠨᠢ ᠲᠡᠷᠡ ᠰᠣᠯᠣᠮᠣᠨ ᠤ ᠮᠡᠷᠭᠡᠨ ᠤᠬᠠᠭᠠᠨ ᠢ ᠰᠣᠨᠣᠰᠬᠤ ᠪᠠᠷ ᠳᠡᠯᠡᠬᠡᠢ ᠶᠢᠨ ᠬᠢᠵᠠᠭᠠᠷ ᠠᠴᠠ ᠢᠷᠡᠭᠰᠡᠨ ᠪᠢᠯᠡ᠃ ᠠᠩ᠋ᠬᠠᠷᠤᠭᠲᠤᠨ︕ ᠰᠣᠯᠣᠮᠣᠨ ᠠᠴᠠ ᠠᠭᠤᠤ ᠨᠢᠭᠡᠨ ᠨᠢ ᠡ᠊ᠨᠳᠡ ᠪᠠᠢᠨ᠎ᠠ᠃

43 ᠪᠤᠵᠠᠷ ᠴᠢᠳᠬᠥᠷ ᠬᠥᠮᠦᠨ ᠡᠴᠡ ᠵᠠᠢᠯᠠᠵᠤ᠂ ᠠᠮᠠᠷᠠᠬᠤ ᠣᠷᠣᠨ ᠡᠷᠢᠭᠰᠡᠭᠡᠷ ᠤᠰᠤ ᠦᠭᠡᠢ ᠭᠠᠵᠠᠷ ᠢᠶᠠᠷ ᠬᠡᠰᠦᠭᠰᠡᠨ ᠪᠣᠯᠪᠠᠴᠤ ᠣᠯᠣᠭᠰᠠᠨ ᠦᠭᠡᠢ ᠳᠡᠭᠡᠨ᠄ 44 〈ᠤᠤᠯ ᠤᠨ ᠭᠡᠷ ᠲᠡᠭᠡᠨ ᠬᠠᠷᠢᠶ᠎ᠠ〉 ᠬᠡᠮᠡᠨ ᠪᠤᠴᠠᠭᠠᠳ ᠦᠵᠡᠬᠦ ᠳᠦ᠂ ᠭᠡᠷ ᠨᠢ ᠡᠵᠡᠭᠦᠢᠷᠡᠵᠦ ᠴᠡᠪᠡᠷᠬᠡᠨ ᠴᠡᠭᠴᠡ ᠲᠠᠢ ᠪᠣᠯᠣᠭᠰᠠᠨ ᠪᠠᠢᠵᠠᠢ᠃ 45 ᠢᠩᠭᠢᠬᠦ ᠳᠦ ᠲᠡᠷᠡ ᠶᠠᠪᠤᠵᠤ᠂ ᠥᠪᠡᠷ ᠡᠴᠡ ᠪᠡᠨ ᠮᠠᠭᠤ ᠳᠣᠯᠣᠭᠠᠨ ᠴᠢᠳᠬᠥᠷ ᠢ ᠳᠠᠭᠠᠭᠤᠯᠤᠨ ᠲᠡᠨᠳᠡ ᠣᠷᠣᠩᠨᠠᠬᠤ ᠪᠣᠯᠣᠨ᠎ᠠ᠃ ᠢᠩᠭᠢᠭᠡᠳ ᠲᠡᠷᠡ ᠬᠥᠮᠦᠨ ᠦ ᠡᠴᠦᠰ ᠨᠢ ᠤᠤᠯ ᠠᠴᠠ ᠪᠠᠨ ᠨᠡᠩ ᠳᠣᠣᠷᠠᠳᠤᠨ᠎ᠠ᠃ ᠡᠨᠡ ᠬᠣᠷᠣᠨ ᠮᠠᠭᠤ ᠦᠶ᠎ᠡ ᠶᠢᠨ ᠬᠢᠨ ᠴᠤ ᠮᠥᠨ ᠲᠡᠢᠮᠦ ᠪᠠᠢᠬᠤ ᠪᠣᠯᠣᠨ᠎ᠠ》 ᠭᠡᠵᠦ ᠬᠠᠷᠢᠭᠤᠯᠵᠠᠢ᠃
 ᠢᠰᠦ᠋ᠰ ᠤᠨ ᠭᠡᠷ ᠪᠦᠯᠢ ᠶᠢᠨ ᠬᠢᠨ

46 ᠢᠰᠦ᠋ᠰ ᠴᠤᠭᠯᠠᠷᠠᠭᠰᠠᠨ ᠣᠯᠠᠨ ᠳᠤ ᠶᠠᠷᠢᠵᠤ ᠪᠠᠢᠬᠤ ᠵᠠᠭᠤᠷ᠎ᠠ᠂ ᠡᠵᠢ ᠪᠣᠯᠣᠨ ᠳᠡᠭᠦᠦ ᠨᠠᠷ ᠨᠢ ᠲᠡᠭᠦᠨ ᠳᠦ ᠶᠠᠭᠤᠮ᠎ᠠ ᠬᠡᠯᠡᠬᠦ ᠭᠡᠵᠦ ᠭᠠᠳᠠᠨ᠎ᠠ ᠵᠣᠭᠰᠣᠵᠤ ᠪᠠᠢᠯ᠎ᠠ᠃ 47 [ᠬᠡᠨ ᠨᠢᠭᠡ ᠨᠢ ᠲᠡᠭᠦᠨ ᠳᠦ᠄ 《ᠬᠠᠷᠠᠭᠠᠴᠢ᠂ ᠡᠵᠢ ᠪᠣᠯᠣᠨ ᠳᠡᠭᠦᠦ ᠨᠠᠷ ᠴᠢᠨᠢ ᠲᠠᠨ ᠳᠤ ᠶᠠᠭᠤᠮ᠎ᠠ ᠬᠡᠯᠡᠬᠦ ᠭᠡᠵᠦ ᠭᠠᠳᠠᠨ᠎ᠠ ᠵᠣᠭᠰᠣᠵᠤ ᠪᠠᠢᠨ᠎ᠠ》 ᠭᠡᠬᠦ ᠳᠦ᠂] 48 ᠢᠰᠦ᠋ᠰ ᠲᠡᠷᠡ ᠬᠥᠮᠦᠨ ᠳᠦ ᠬᠠᠷᠢᠭᠤᠯᠤᠨ᠄ 《ᠬᠡᠨ ᠮᠢᠨᠦ ᠡᠵᠢ᠂ ᠬᠡᠨ ᠮᠢᠨᠦ ᠳᠡᠭᠦᠦ ᠨᠠᠷ ᠶᠤᠮ ᠪᠤᠢ︖》 ᠭᠡᠳ᠂ 49 ᠭᠠᠷ ᠢᠶᠠᠷ ᠢᠶᠠᠨ ᠱᠠᠪᠢ ᠨᠠᠷ ᠢᠶᠠᠨ ᠵᠢᠭᠠᠵᠤ᠄ 《ᠮᠢᠨᠦ ᠡᠵᠢ ᠪᠣᠯᠣᠨ ᠮᠢᠨᠦ ᠳᠡᠭᠦᠦ ᠨᠠᠷ ᠡᠨᠡ ᠪᠠᠢᠨ᠎ᠠ᠄ 50 ᠲᠩᠷᠢ ᠳᠠᠬᠢ ᠡᠴᠢᠭᠡ ᠶᠢᠨ ᠮᠢᠨᠢ ᠰᠠᠨᠠᠭ᠎ᠠ ᠶᠢ ᠪᠡᠶᠡᠯᠡᠭᠦᠯᠦᠭᠴᠢ ᠪᠣᠯᠭᠠᠨ ᠮᠢᠨᠦ ᠬᠦᠦ ᠳᠡᠭᠦᠦ᠂ ᠥᠬᠢᠨ ᠳᠡᠭᠦᠦ ᠪᠣᠯᠣᠨ ᠡᠵᠢ ᠮᠥᠨ》 ᠭᠡᠪᠡ᠃