ᠮᠠᠲ᠋ᠠᠢ ᠬᠣᠷᠢᠨ ᠳᠣᠯᠣᠭ᠎ᠠ
ᠶᠦᠳᠠ ᠠᠮᠢ ᠪᠠᠨ ᠬᠣᠣᠷᠯᠠᠭᠰᠠᠨ ᠨᠢ
1 ᠥᠷᠯᠥᠭᠡ ᠪᠣᠯᠬᠤ ᠳᠤ᠂ ᠠᠬᠠᠯᠠᠬᠤ ᠲᠠᠬᠢᠯᠴᠢᠳ ᠪᠣᠯᠣᠨ ᠠᠷᠠᠳ ᠤᠨ ᠠᠬᠠᠯᠠᠭᠴᠢᠳ ᠪᠦᠭᠦᠳᠡᠭᠡᠷ ᠢᠶᠡᠨ ᠢᠰᠦ᠋ᠰ ᠢ ᠠᠯᠠᠭᠤᠯᠬᠤ ᠪᠠᠷ ᠵᠥᠪᠯᠡᠯᠳᠦᠪᠡ᠃ 2 ᠲᠡᠳᠡ ᠢᠰᠦ᠋ᠰ ᠢ ᠬᠦᠯᠢᠵᠦ ᠠᠪᠠᠴᠢᠭᠠᠳ᠂ ᠵᠠᠬᠢᠷᠤᠭᠴᠢ ᠫᠢᠯᠠᠲ ᠲᠤ ᠲᠤᠰᠢᠶᠠᠪᠠ᠃
3 ᠲᠡᠭᠡᠬᠦ ᠳᠦ ᠤᠷᠪᠠᠭᠴᠢ ᠶᠦᠳᠠ ᠢᠰᠦ᠋ᠰ ᠤᠨ ᠶᠠᠯᠠᠯᠠᠭᠳᠠᠭᠰᠠᠨ ᠢ ᠬᠠᠷᠠᠭᠠᠳ ᠬᠠᠷᠠᠮᠰᠠᠵᠤ᠂ ᠭᠤᠴᠢᠨ ᠮᠥᠩᠭᠥᠨ ᠵᠣᠭᠣᠰ ᠢᠶᠠᠨ ᠠᠬᠠᠯᠠᠬᠤ ᠲᠠᠬᠢᠯᠴᠢᠳ ᠪᠣᠯᠣᠨ ᠠᠬᠠᠯᠠᠭᠴᠢᠳ ᠲᠤ ᠪᠤᠴᠠᠭᠠᠨ ᠥᠭᠴᠡᠢ᠃ 4 ᠶᠦᠳᠠ᠄ 《ᠪᠢ ᠪᠤᠷᠤᠭᠤ ᠦᠭᠡᠢ ᠴᠢᠰᠤ ᠶᠢ ᠲᠤᠰᠢᠶᠠᠭᠰᠠᠨ ᠢᠶᠠᠷ ᠢᠶᠠᠨ ᠨᠢᠭᠦᠯ ᠬᠢᠭᠰᠡᠨ》 ᠭᠡᠬᠦ ᠳᠦ᠂ ᠲᠡᠳᠡ᠄ 《ᠪᠢᠳᠡᠨ ᠳᠦ ᠶᠠᠮᠠᠷ ᠬᠠᠮᠢᠶ᠎ᠠ ᠪᠠᠢᠨ᠎ᠠ︖ ᠥᠪᠡᠷ ᠢᠶᠡᠨ ᠮᠡᠳᠡ》 ᠭᠡᠰᠡᠨ ᠳᠦ᠂ 5 ᠶᠦᠳᠠ ᠮᠥᠩᠭᠥᠨ ᠵᠣᠭᠣᠰ ᠤᠳ ᠢ ᠥᠷᠭᠥᠭᠡᠨ ᠳᠦ ᠰᠢᠳᠡᠭᠡᠳ ᠭᠠᠷᠴᠤ ᠶᠠᠪᠤᠨ ᠪᠣᠭᠣᠵᠤ ᠦᠬᠦᠪᠡ᠃ 6 ᠠᠬᠠᠯᠠᠬᠤ ᠲᠠᠬᠢᠯᠴᠢᠳ ᠮᠥᠩᠭᠥᠨ ᠵᠣᠭᠣᠰ ᠤᠳ ᠢ ᠲᠡᠭᠦᠵᠦ ᠠᠪᠤᠭᠠᠳ᠄ 《ᠡᠳᠡᠭᠡᠷ ᠢ ᠥᠷᠭᠥᠭᠡᠨ ᠦ ᠰᠠᠩ ᠳᠤ ᠬᠢᠵᠦ ᠪᠣᠯᠬᠤ ᠦᠭᠡᠢ᠂ ᠡᠨᠡ ᠴᠢᠨᠢ ᠴᠢᠰᠤᠨ ᠤ ᠦᠨ᠎ᠡ ᠶᠤᠮ》 ᠭᠡᠪᠡ᠃ 7 ᠲᠡᠳᠡ ᠵᠥᠪᠯᠡᠯᠳᠦᠭᠡᠳ ᠲᠡᠷᠡ ᠵᠣᠭᠣᠰ ᠢᠶᠠᠷ ᠸᠠᠭᠠᠷᠴᠢᠨ ᠤ ᠲᠠᠷᠢᠶ᠎ᠠ ᠶᠢ ᠬᠤᠳᠠᠯᠳᠤᠨ ᠠᠪᠴᠤ᠂ ᠭᠠᠳᠠᠨ᠎ᠠ ᠶᠢᠨ ᠬᠥᠮᠦᠰ ᠢ ᠣᠷᠣᠰᠢᠭᠤᠯᠬᠤ ᠭᠠᠵᠠᠷ ᠪᠣᠯᠭᠠᠪᠠ᠃ 8 ᠲᠡᠢᠮᠦ ᠡᠴᠡ ᠲᠡᠷᠡ ᠲᠠᠷᠢᠶ᠎ᠠ ᠨᠢ ᠥᠨᠥᠳᠥᠷ ᠪᠣᠯᠲᠠᠯ᠎ᠠ 《ᠴᠢᠰᠤᠲᠤ ᠲᠠᠷᠢᠶ᠎ᠠ》 ᠭᠡᠭᠳᠡᠬᠦ ᠪᠣᠯᠵᠠᠢ᠃ 9 ᠲᠡᠢᠨ ᠬᠦ ᠡᠰᠢ ᠦᠵᠡᠭᠦᠯᠦᠭᠴᠢ ᠶᠧᠷᠧᠮᠢᠶ᠎ᠠ ᠪᠠᠷ 《ᠲᠡᠳᠡ ᠭᠤᠴᠢᠨ ᠮᠥᠩᠭᠥᠨ ᠵᠣᠭᠣᠰ (ᠢᠰᠷᠧᠯᠴᠦᠳ ᠲᠡᠷᠡ ᠦᠨ᠎ᠡ ᠪᠡᠷ ᠲᠡᠭᠦᠨ ᠦ ᠦᠨ᠎ᠡ ᠶᠢ ᠲᠣᠭᠲᠠᠭᠠᠭᠰᠠᠨ) ᠢ ᠠᠪᠴᠤ᠂ 10 ᠡᠵᠡᠨ ᠦ ᠨᠠᠳᠠ ᠳᠤ ᠵᠠᠬᠢᠭᠰᠠᠨ ᠶᠣᠰᠣᠭᠠᠷ ᠸᠠᠭᠠᠷᠴᠢᠨ ᠤ ᠲᠠᠷᠢᠶᠠᠨ ᠤ ᠦᠨ᠎ᠡ ᠶᠢ ᠲᠥᠯᠥᠪᠡ》 ᠭᠡᠵᠦ ᠬᠡᠯᠡᠭᠦᠯᠦᠭᠰᠡᠨ ᠨᠢ ᠪᠡᠶᠡᠯᠡᠭᠳᠡᠵᠡᠢ᠃
ᠢᠰᠦ᠋ᠰ ᠫᠢᠯᠠᠲ ᠲᠤ ᠪᠠᠢᠴᠠᠭᠠᠭᠳᠠᠭᠰᠠᠨ ᠨᠢ
11 ᠢᠰᠦ᠋ᠰ ᠵᠠᠬᠢᠷᠤᠭᠴᠢ ᠶᠢᠨ ᠡᠮᠦᠨ᠎ᠡ ᠵᠣᠭᠰᠣᠪᠠ᠃ ᠵᠠᠬᠢᠷᠤᠭᠴᠢ ᠲᠡᠭᠦᠨ ᠡᠴᠡ᠄ 《ᠴᠢ ᠶᠦᠳᠠᠢᠴᠤᠳ ᠤᠨ ᠬᠠᠭᠠᠨ ᠮᠥᠨ ᠤᠤ︖》 ᠭᠡᠵᠦ ᠠᠰᠠᠭᠤᠬᠤ ᠳᠤ᠂ ᠢᠰᠦ᠋ᠰ᠄ 《ᠴᠢ ᠥᠪᠡᠷ ᠢᠶᠡᠨ ᠬᠡᠯᠡᠵᠦ ᠪᠠᠢᠨ᠎ᠠ》 ᠭᠡᠪᠡ᠃ 12 ᠠᠬᠠᠯᠠᠬᠤ ᠲᠠᠬᠢᠯᠴᠢᠳ ᠪᠣᠯᠣᠨ ᠠᠬᠠᠯᠠᠭᠴᠢᠳ ᠵᠠᠭᠠᠯᠳᠤᠵᠤ ᠪᠠᠢᠬᠤ ᠳᠤ᠂ ᠢᠰᠦ᠋ᠰ ᠶᠠᠭᠤ ᠴᠤ ᠬᠠᠷᠢᠭᠤᠯᠤᠭᠰᠠᠨ ᠦᠭᠡᠢ᠃ 13 ᠫᠢᠯᠠᠲ ᠲᠡᠭᠦᠨ ᠳᠦ᠄ 《ᠲᠡᠳᠡ ᠬᠡᠴᠢᠨᠡᠨ ᠣᠯᠠᠨ ᠶᠠᠪᠤᠳᠠᠯ ᠢᠶᠠᠷ ᠴᠢᠨᠦ ᠡᠰᠡᠷᠭᠦ ᠭᠡᠷᠡᠴᠢᠯᠡᠵᠦ ᠪᠠᠢᠨ᠎ᠠ︕ ᠴᠢ ᠰᠣᠨᠣᠰᠬᠤ ᠦᠭᠡᠢ ᠪᠠᠢᠨ᠎ᠠ ᠤᠤ︖》 ᠭᠡᠪᠡ᠃ 14 ᠬᠠᠷᠢᠨ ᠢᠰᠦ᠋ᠰ ᠲᠡᠭᠦᠨ ᠳᠦ ᠨᠢᠭᠡ ᠦᠭᠡ ᠴᠤ ᠬᠠᠷᠢᠭᠤᠯᠤᠭᠰᠠᠨ ᠦᠭᠡᠢ᠂ ᠵᠠᠬᠢᠷᠤᠭᠴᠢ ᠶᠡᠬᠡᠳᠡ ᠭᠠᠢᠬᠠᠪᠠ᠃
15 ᠪᠠᠶᠠᠷ ᠤᠨ ᠦᠶ᠎ᠡ ᠳᠦ᠂ ᠵᠠᠬᠢᠷᠤᠭᠴᠢ ᠠᠷᠠᠳ ᠣᠯᠠᠨ ᠤ ᠬᠦᠰᠡᠯᠲᠡ ᠪᠡᠷ ᠨᠢᠭᠡ ᠬᠣᠷᠢᠭᠳᠠᠯ ᠢ ᠰᠤᠯᠠᠯᠠᠳᠠᠭ ᠵᠠᠩᠰᠢᠯ ᠲᠠᠢ ᠪᠠᠢᠵᠠᠢ᠃ 16 ᠲᠡᠷᠡ ᠦᠶ᠎ᠡ ᠳᠦ ᠪᠠᠷᠠᠪ ᠭᠡᠭᠴᠢ ᠴᠤᠤ ᠲᠠᠢ ᠬᠣᠷᠢᠭᠳᠠᠯ ᠪᠠᠢᠪᠠ᠃ 17 ᠫᠢᠯᠠᠲ ᠴᠤᠭᠯᠠᠷᠠᠭᠰᠠᠨ ᠣᠯᠠᠨ ᠠᠴᠠ᠄ 《ᠲᠠ ᠨᠠᠷ ᠬᠡᠨ ᠢ ᠰᠤᠯᠠᠯᠠᠭᠤᠯᠬᠤ ᠶᠢ ᠬᠦᠰᠡᠵᠦ ᠪᠠᠢᠨ᠎ᠠ ᠪᠤᠢ︖ ᠪᠠᠷᠠᠪ ᠢ ᠤᠤ︖ ᠡᠰᠡᠪᠡᠯ ᠾᠷᠢᠰᠲ᠋ᠣᠰ ᠭᠡᠭᠳᠡᠬᠦ ᠢᠰᠦ᠋ᠰ ᠢ ᠤᠤ︖》 ᠭᠡᠵᠦ ᠠᠰᠠᠭᠤᠪᠠ᠃ 18 ᠤᠴᠢᠷ ᠨᠢ ᠲᠡᠳᠡ ᠠᠲᠠᠭᠠᠷᠬᠠᠬᠤ ᠳᠠᠭᠠᠨ ᠢᠰᠦ᠋ᠰ ᠢ ᠲᠤᠰᠢᠶᠠᠭᠰᠠᠨ ᠢ ᠫᠢᠯᠠᠲ ᠮᠡᠳᠡᠵᠦ ᠪᠠᠢᠯ᠎ᠠ᠃ 19 ᠲᠡᠷᠡ ᠰᠢᠭᠦᠭᠴᠢ ᠶᠢᠨ ᠰᠠᠭᠤᠳᠠᠯ ᠳᠠᠭᠠᠨ ᠰᠠᠭᠤᠵᠤ ᠪᠠᠢᠲᠠᠯ᠎ᠠ ᠡᠬᠡᠨᠡᠷ ᠨᠢ᠄ 《ᠲᠡᠷᠡ ᠵᠥᠪᠲᠡᠨ ᠦ ᠶᠠᠪᠤᠳᠠᠯ ᠳᠤ ᠲᠠ ᠪᠢᠲᠡᠭᠡᠢ ᠣᠷᠣᠯᠴᠠᠭᠠᠷᠠᠢ᠂ ᠪᠢ ᠤᠷᠢᠳᠤ ᠰᠥᠨᠢ ᠵᠡᠭᠦᠳᠦᠨ ᠳᠡᠭᠡᠨ ᠲᠡᠭᠦᠨ ᠡᠴᠡ ᠪᠣᠯᠵᠤ ᠶᠡᠬᠡᠳᠡ ᠰᠢᠨᠠᠯᠤᠭᠰᠠᠨ》 ᠭᠡᠵᠦ ᠲᠡᠭᠦᠨ ᠳᠦ ᠬᠡᠯᠡᠭᠦᠯᠵᠡᠢ᠃ 20 ᠠᠬᠠᠯᠠᠬᠤ ᠲᠠᠬᠢᠯᠴᠢᠳ ᠪᠣᠯᠣᠨ ᠠᠬᠠᠯᠠᠭᠴᠢᠳ ᠬᠤᠷᠠᠭᠰᠠᠨ ᠣᠯᠠᠨ ᠢ ᠢᠳᠬᠠᠭᠠᠳ ᠪᠠᠷᠠᠪ ᠢ ᠰᠤᠯᠠᠯᠠᠬᠤ ᠪᠠ ᠢᠰᠦ᠋ᠰ ᠢ ᠠᠯᠠᠬᠤ ᠶᠢ ᠭᠤᠶᠤᠭᠤᠯᠪᠠ᠃ 21 ᠵᠠᠬᠢᠷᠤᠭᠴᠢ ᠲᠡᠳᠡᠨ ᠳᠦ᠄ 《ᠡᠨᠡ ᠬᠣᠶᠠᠷ ᠤᠨ ᠬᠡᠨ ᠢ ᠨᠢ ᠰᠤᠯᠠᠯᠠᠬᠤ ᠶᠢ ᠬᠦᠰᠡᠵᠦ ᠪᠠᠢᠨ᠎ᠠ ᠪᠤᠢ︖》 ᠭᠡᠬᠦ ᠳᠦ᠂ ᠲᠡᠳᠡ᠄ 《ᠪᠠᠷᠠᠪ ᠢ》 ᠭᠡᠵᠡᠭᠡᠯ᠎ᠡ᠃ 22 ᠲᠡᠭᠡᠲᠡᠯ᠎ᠡ ᠫᠢᠯᠠᠲ᠄ 《ᠾᠷᠢᠰᠲ᠋ᠣᠰ ᠭᠡᠭᠳᠡᠬᠦ ᠢᠰᠦ᠋ᠰ ᠢ ᠪᠢ ᠶᠠᠭᠠᠬᠢᠬᠤ ᠪᠤᠢ︖》 ᠭᠡᠵᠦ ᠠᠰᠠᠭᠤᠭᠰᠠᠨ ᠳᠤ᠂ ᠲᠡᠳᠡ ᠴᠥᠮ ᠢᠶᠡᠷ ᠢᠶᠠᠨ᠄ 《ᠵᠠᠭᠠᠯᠮᠠᠢ ᠳᠤ ᠴᠣᠪᠳᠣᠯᠠ》 ᠭᠡᠪᠡ᠃ 23 ᠫᠢᠯᠠᠲ᠄ 《ᠶᠠᠭᠤᠨ ᠳᠤ ᠪᠤᠢ︖ ᠲᠡᠷᠡ ᠶᠠᠮᠠᠷ ᠮᠠᠭᠤ ᠶᠢ ᠦᠢᠯᠡᠳᠦᠭᠰᠡᠨ ᠪᠤᠢ︖》 ᠭᠡᠬᠦ ᠳᠦ᠂ ᠲᠡᠳᠡ ᠤᠯᠠᠮ ᠴᠢᠩᠭ᠍᠎ᠠ ᠳᠠᠭᠤ ᠪᠠᠷ᠄ 《ᠵᠠᠭᠠᠯᠮᠠᠢ ᠳᠤ ᠴᠣᠪᠳᠣᠯᠠ︕》 ᠭᠡᠵᠦ ᠪᠠᠢᠯ᠎ᠠ᠃
24 ᠫᠢᠯᠠᠲ ᠲᠤᠰᠠ ᠪᠣᠯᠵᠤ ᠴᠢᠳᠠᠭᠰᠠᠨ ᠦᠭᠡᠢ᠂ ᠦᠢᠮᠡᠭᠡᠨ ᠡᠭᠦᠰᠴᠦ ᠪᠠᠢᠭ᠎ᠠ ᠶᠢ ᠬᠠᠷᠠᠭᠠᠳ ᠤᠰᠤ ᠠᠪᠴᠢᠷᠠᠭᠤᠯᠵᠤ᠂ ᠬᠤᠷᠠᠭᠰᠠᠨ ᠣᠯᠠᠨ ᠤ ᠡᠮᠦᠨ᠎ᠡ ᠭᠠᠷ ᠢᠶᠠᠨ ᠤᠬᠢᠶᠠᠨ᠄ 《ᠪᠢ ᠡᠨᠡ ᠬᠥᠮᠦᠨ ᠦ ᠴᠢᠰᠤᠨ ᠳᠤ ᠪᠤᠷᠤᠭᠤ ᠦᠭᠡᠢ᠃ ᠲᠠ ᠨᠠᠷ ᠥᠪᠡᠷᠰᠡᠳ ᠢᠶᠡᠨ ᠮᠡᠳᠡᠲᠦᠭᠡᠢ》 ᠭᠡᠵᠡᠢ᠃ 25 ᠲᠡᠭᠡᠬᠦ ᠳᠦ᠂ ᠠᠷᠠᠳ ᠣᠯᠠᠨ ᠪᠦᠭᠦᠳᠡᠭᠡᠷ ᠢᠶᠡᠨ᠄ 《ᠲᠡᠭᠦᠨ ᠦ ᠴᠢᠰᠤ ᠪᠢᠳᠡ ᠪᠣᠯᠣᠨ ᠪᠢᠳᠡᠨ ᠦ ᠦᠷ᠎ᠡ ᠬᠡᠦᠬᠡᠳ ᠦᠨ ᠳᠡᠭᠡᠷ᠎ᠡ ᠪᠠᠭᠤᠭ》 ᠭᠡᠵᠡᠭᠡᠪᠡ᠃ 26 ᠡᠢᠮᠦ ᠳᠦ ᠫᠢᠯᠠᠲ ᠪᠠᠷᠠᠪ ᠢ ᠰᠤᠯᠠᠯᠠᠭᠰᠠᠨ ᠪᠥᠭᠡᠳ ᠢᠰᠦ᠋ᠰ ᠢ ᠲᠠᠰᠢᠭᠤᠷᠳᠠᠭᠤᠯᠤᠭᠰᠠᠨ ᠤ ᠳᠠᠷᠠᠭ᠎ᠠ᠂ ᠵᠠᠭᠠᠯᠮᠠᠢ ᠳᠤ ᠴᠣᠪᠳᠣᠯᠠᠭᠤᠯᠬᠤ ᠪᠠᠷ ᠲᠤᠰᠢᠶᠠᠯ᠎ᠠ᠃
ᠢᠰᠦ᠋ᠰ ᠳᠣᠷᠣᠮᠵᠢᠯᠠᠭᠳᠠᠭᠰᠠᠨ ᠨᠢ
27 ᠲᠡᠭᠡᠬᠦ ᠳᠦ᠂ ᠵᠠᠬᠢᠷᠤᠭᠴᠢ ᠶᠢᠨ ᠴᠡᠷᠢᠭ ᠤᠳ ᠢᠰᠦ᠋ᠰ ᠢ ᠣᠷᠳᠣᠨ ᠳᠤ ᠠᠪᠠᠴᠢᠭᠠᠳ ᠪᠦᠬᠦ ᠬᠤᠸᠠᠷᠠᠨ ᠤ ᠬᠢᠨ ᠢᠶᠠᠨ ᠲᠡᠭᠦᠨ ᠦ ᠳᠡᠷᠭᠡᠳᠡ ᠴᠤᠭᠯᠠᠭᠤᠯᠪᠠ᠃ 28 ᠲᠡᠳᠡ ᠲᠡᠭᠦᠨ ᠢ ᠲᠠᠢᠴᠢᠭᠠᠳ ᠴᠢᠰ ᠤᠯᠠᠭᠠᠨ ᠨᠥᠮᠥᠷᠭᠡ ᠨᠥᠮᠥᠷᠭᠡᠵᠦ᠂ 29 ᠥᠷᠭᠡᠰᠦᠲᠦ ᠮᠥᠴᠢᠷ ᠢᠶᠠᠷ ᠲᠢᠲᠢᠮ ᠰᠦᠯᠵᠢᠭᠡᠳ ᠲᠣᠯᠣᠭᠠᠢ ᠳᠡᠭᠡᠷ᠎ᠡ ᠨᠢ ᠲᠠᠯᠪᠢᠵᠤ᠂ ᠪᠠᠷᠠᠭᠤᠨ ᠭᠠᠷ ᠲᠤᠨᠢ ᠵᠡᠭᠡᠰᠦᠨ ᠰᠠᠪᠠᠭ᠎ᠠ ᠪᠠᠷᠢᠭᠤᠯᠤᠭᠰᠠᠨ ᠤ ᠳᠠᠷᠠᠭ᠎ᠠ᠂ ᠲᠡᠭᠦᠨ ᠦ ᠡᠮᠦᠨ᠎ᠡ ᠰᠥᠭᠥᠳᠥᠨ᠄ 《ᠶᠦᠳᠠᠢᠴᠤᠳ ᠤᠨ ᠬᠠᠭᠠᠨ ᠮᠠᠨᠳᠤᠲᠤᠭᠠᠢ》 ᠬᠡᠮᠡᠨ ᠳᠣᠭᠣᠭᠢᠯᠠᠵᠠᠢ᠃ 30 ᠲᠡᠳᠡ ᠲᠡᠭᠦᠨ ᠦ ᠳᠡᠭᠡᠷ᠎ᠡ ᠨᠤᠯᠮᠤᠵᠤ᠂ ᠵᠡᠭᠡᠰᠦᠨ ᠰᠠᠪᠠᠭ᠎ᠠ ᠶᠢ ᠨᠢ ᠠᠪᠤᠭᠠᠳ ᠲᠣᠯᠣᠭᠠᠢ ᠤᠷᠤᠭᠤ ᠨᠢ ᠴᠣᠬᠢᠯᠠᠪᠠ᠃ 31 ᠢᠩᠭᠢᠵᠦ ᠳᠣᠭᠣᠭᠢᠯᠠᠭᠠᠳ ᠲᠡᠭᠦᠨ ᠦ ᠨᠥᠮᠥᠷᠭᠡ ᠶᠢ ᠲᠠᠢᠯᠵᠤ ᠬᠤᠪᠴᠠᠰᠤ ᠬᠤᠨᠠᠷ ᠢ ᠨᠢ ᠡᠮᠦᠰᠬᠡᠪᠡ᠃ ᠲᠡᠭᠡᠭᠡᠳ ᠵᠠᠭᠠᠯᠮᠠᠢ ᠳᠤ ᠴᠣᠪᠳᠣᠯᠠᠬᠤ ᠪᠠᠷ ᠲᠡᠭᠦᠨ ᠢ ᠠᠪᠴᠤ ᠶᠠᠪᠤᠵᠠᠢ᠃
ᠢᠰᠦ᠋ᠰ ᠴᠣᠪᠳᠣᠯᠠᠭᠳᠠᠭᠰᠠᠨ ᠨᠢ
32 ᠲᠡᠳᠡ ᠭᠠᠷᠬᠤ ᠳᠠᠭᠠᠨ ᠰᠢᠮᠣᠨ ᠭᠡᠳᠡᠭ ᠺᠦᠷᠧᠨᠠᠢ ᠬᠥᠮᠦᠨ ᠲᠡᠢ ᠲᠠᠭᠠᠷᠠᠯᠳᠤᠵᠤ᠂ ᠲᠡᠭᠦᠨ ᠢ ᠠᠯᠪᠠᠳᠠᠨ ᠢᠰᠦ᠋ᠰ ᠤᠨ ᠵᠠᠭᠠᠯᠮᠠᠢ ᠶᠢ ᠡᠭᠦᠷᠦᠭᠦᠯᠪᠡ᠃ 33 ᠲᠡᠳᠡ ᠭᠣᠯᠭᠣᠲ᠋ᠠ (ᠭᠠᠪᠠᠯᠠ ᠶᠢᠨ ᠭᠠᠵᠠᠷ ᠭᠡᠰᠡᠨ ᠤᠳᠬ᠎ᠠ ᠲᠠᠢ) ᠬᠡᠮᠡᠬᠦ ᠭᠠᠵᠠᠷ ᠲᠤ ᠬᠦᠷᠦᠭᠡᠳ 34 ᠰᠥᠰᠥ ᠬᠣᠯᠢᠭᠰᠠᠨ ᠦᠵᠦᠮ ᠦᠨ ᠠᠷᠢᠬᠢ ᠶᠢ ᠢᠰᠦ᠋ᠰ ᠲᠤ ᠤᠤᠭᠤᠯᠭᠠᠬᠤ ᠪᠠᠷ ᠥᠭᠭᠥᠭᠰᠡᠨ ᠳᠦ᠂ ᠲᠡᠷᠡ ᠠᠮᠰᠠᠭᠰᠠᠨ ᠪᠣᠯᠪᠠᠴᠤ ᠤᠤᠭᠤᠬᠤ ᠦᠭᠡᠢ ᠪᠠᠢᠯ᠎ᠠ᠃ 35 ᠲᠡᠳᠡ ᠢᠰᠦ᠋ᠰ ᠢ ᠵᠠᠭᠠᠯᠮᠠᠢ ᠳᠤ ᠴᠣᠪᠳᠣᠯᠠᠭᠠᠳ᠂ ᠰᠢᠪᠠᠭᠠᠳᠠᠵᠤ ᠬᠤᠪᠴᠠᠰᠤ ᠬᠤᠨᠠᠷ ᠢ ᠨᠢ ᠬᠤᠪᠢᠶᠠᠯᠴᠠᠭᠰᠠᠨ ᠪᠥᠭᠡᠳ 36 ᠲᠡᠨᠳᠡ ᠪᠡᠨ ᠰᠠᠭᠤᠭᠠᠳ ᠢᠰᠦ᠋ᠰ ᠢ ᠰᠠᠬᠢᠵᠤ ᠪᠠᠢᠪᠠ᠃ 37 ᠲᠣᠯᠣᠭᠠᠢ ᠶᠢᠨ ᠬᠢᠨᠢ ᠳᠡᠭᠡᠳᠦ ᠲᠠᠯ᠎ᠠ ᠳᠤ 《ᠡᠨᠡ ᠪᠣᠯ ᠶᠦᠳᠠᠢᠴᠤᠳ ᠤᠨ ᠬᠠᠭᠠᠨ ᠢᠰᠦ᠋ᠰ》 ᠭᠡᠰᠡᠨ ᠪᠢᠴᠢᠭᠡᠰᠦ ᠲᠠᠢ ᠶᠠᠯ᠎ᠠ ᠶᠢᠨ ᠫᠠᠢᠵᠠ ᠶᠢ ᠬᠠᠳᠠᠵᠠᠢ᠃
38 ᠢᠰᠦ᠋ᠰ ᠲᠠᠢ ᠬᠠᠮᠲᠤ ᠬᠣᠶᠠᠷ ᠳᠡᠭᠡᠷᠡᠮᠴᠢᠨ ᠤ ᠨᠢᠭᠡ ᠶᠢ ᠨᠢ ᠪᠠᠷᠠᠭᠤᠨ ᠲᠠᠯ᠎ᠠ ᠳᠤᠨᠢ᠂ ᠨᠥᠭᠥᠭᠡ ᠶᠢ ᠨᠢ ᠵᠡᠭᠦᠨ ᠲᠠᠯ᠎ᠠ ᠳᠤᠨᠢ ᠴᠣᠪᠳᠣᠯᠠᠵᠠᠢ᠃ 39 ᠳᠡᠷᠭᠡᠳᠡᠭᠦᠷ ᠨᠢ ᠶᠠᠪᠤᠭᠰᠠᠳ ᠲᠣᠯᠣᠭᠠᠢ ᠰᠡᠭᠰᠦᠷᠦᠨ ᠢᠰᠦ᠋ᠰ ᠢ ᠳᠣᠷᠣᠮᠵᠢᠯᠠᠵᠤ᠄ 40 《ᠥᠷᠭᠥᠭᠡ ᠶᠢ ᠨᠤᠷᠠᠭᠠᠵᠤ᠂ ᠭᠤᠷᠪᠠᠨ ᠡᠳᠦᠷ ᠦᠨ ᠳᠣᠲᠣᠷ᠎ᠠ ᠪᠣᠰᠬᠠᠭᠴᠢ ᠡ︕ ᠥᠪᠡᠷ ᠢ ᠪᠠᠨ ᠠᠪᠤᠷᠠᠭᠠᠴᠢ ᠳᠠ᠃ ᠬᠡᠷᠪᠡ ᠴᠢ ᠪᠤᠷᠬᠠᠨ ᠤ ᠬᠦᠦ ᠮᠥᠨ ᠶᠤᠮ ᠪᠣᠯ᠂ ᠵᠠᠭᠠᠯᠮᠠᠢ ᠠᠴᠠ ᠪᠠᠨ ᠪᠠᠭᠤᠵᠤ ᠦᠵᠡ》 ᠭᠡᠵᠡᠭᠡᠵᠦ ᠪᠠᠢᠯ᠎ᠠ᠃ 41 ᠡᠭᠦᠨᠴᠢᠯᠡᠨ ᠠᠬᠠᠯᠠᠬᠤ ᠲᠠᠬᠢᠯᠴᠢᠳ ᠴᠤ ᠪᠢᠴᠢᠭᠲᠡᠳ ᠪᠣᠯᠣᠨ ᠠᠬᠠᠯᠠᠭᠴᠢᠳ ᠤᠨ ᠬᠠᠮᠲᠤ ᠲᠡᠭᠦᠨ ᠢ ᠳᠣᠭᠣᠭᠢᠯᠠᠨ᠄ 42 《ᠪᠤᠰᠤᠳ ᠢ ᠠᠪᠤᠷᠠᠭᠰᠠᠨ ᠬᠢᠷᠢ ᠨᠢ ᠥᠪᠡᠷ ᠢ ᠪᠠᠨ ᠠᠪᠤᠷᠠᠵᠤ ᠴᠢᠳᠠᠬᠤ ᠦᠭᠡᠢ ᠶᠤᠮ ᠪᠠᠢᠨ᠎ᠠ᠃ ᠢᠰᠷᠧᠯ ᠤᠨ ᠬᠠᠭᠠᠨ ᠭᠡᠨ᠎ᠡ᠂ ᠣᠳᠣ ᠵᠠᠭᠠᠯᠮᠠᠢ ᠠᠴᠠ ᠪᠠᠨ ᠪᠠᠭᠤ ᠳᠠ︕ ᠲᠡᠭᠡᠪᠡᠯ ᠪᠢᠳᠡ ᠲᠡᠭᠦᠨ ᠳᠦ ᠢᠲᠡᠭᠡᠨ᠎ᠡ᠃ 43 ᠲᠡᠷᠡ ᠪᠤᠷᠬᠠᠨ ᠳᠤ ᠨᠠᠢᠳᠠᠭᠰᠠᠨ ᠶᠤᠮ᠂ ᠪᠤᠷᠬᠠᠨ ᠲᠡᠭᠦᠨ ᠢ ᠲᠠᠭᠠᠯᠠᠪᠠᠯ ᠣᠳᠣ ᠠᠪᠤᠷᠠᠨ᠎ᠠ᠃ 〈ᠪᠢ ᠪᠤᠷᠬᠠᠨ ᠤ ᠬᠦᠦ〉 ᠭᠡᠰᠡᠨ ᠶᠤᠮ ᠴᠢᠨᠢ》 ᠭᠡᠵᠡᠭᠡᠪᠡ᠃ 44 ᠬᠠᠮᠲᠤ ᠴᠣᠪᠳᠣᠯᠠᠭᠳᠠᠭᠰᠠᠨ ᠳᠡᠭᠡᠷᠡᠮᠴᠢᠳ ᠴᠤ ᠢᠰᠦ᠋ᠰ ᠢ ᠡᠭᠦᠨᠴᠢᠯᠡᠨ ᠲᠠᠪᠠᠯᠠᠵᠤ ᠪᠠᠢᠯ᠎ᠠ᠃
45 ᠦᠳᠡ ᠡᠴᠡ ᠠᠪᠤᠭᠠᠳ ᠭᠤᠷᠪᠠᠨ ᠴᠠᠭ ᠪᠣᠯᠲᠠᠯ᠎ᠠ ᠭᠠᠵᠠᠷ ᠨᠡᠢᠳᠡᠮ ᠬᠠᠷᠠᠩ᠋ᠭᠤᠢᠯᠠᠵᠠᠢ᠃ 46 ᠭᠤᠷᠪᠠᠨ ᠴᠠᠭ ᠤᠨ ᠣᠷᠴᠢᠮ ᠢᠰᠦ᠋ᠰ ᠴᠢᠩᠭ᠍᠎ᠠ ᠳᠠᠭᠤ ᠪᠠᠷ᠄ 《ᠧᠯᠢ᠂ ᠧᠯᠢ᠂ ᠯᠧᠮᠠ ᠰᠠᠪᠠᠺᠲ᠋ᠠᠨᠢ︖ (ᠣᠷᠴᠢᠭᠤᠯᠪᠠᠯ 〈ᠪᠤᠷᠬᠠᠨ ᠮᠢᠨᠢ᠂ ᠪᠤᠷᠬᠠᠨ ᠮᠢᠨᠢ᠂ ᠶᠠᠭᠤᠨ ᠳᠤ ᠲᠠ ᠨᠠᠮᠠᠶᠢ ᠣᠷᠬᠢᠪᠠ︖〉)》 ᠭᠡᠵᠦ ᠬᠠᠰᠬᠢᠷᠤᠯ᠎ᠠ᠃ 47 ᠲᠡᠨᠳᠡ ᠵᠣᠭᠰᠣᠭᠰᠠᠨ ᠵᠠᠷᠢᠮ ᠨᠢ ᠡᠭᠦᠨ ᠢ ᠰᠣᠨᠣᠰᠣᠭᠠᠳ᠄ 《ᠲᠡᠷᠡ ᠧᠯᠢᠶ᠎ᠠ ᠶᠢ ᠳᠠᠭᠤᠳᠠᠵᠤ ᠪᠠᠢᠨ᠎ᠠ》 ᠭᠡᠵᠦ ᠪᠠᠢᠪᠠ᠃ 48 ᠨᠢᠭᠡ ᠨᠢ ᠳᠠᠷᠤᠢᠬᠠᠨ ᠭᠦᠶᠦᠵᠦ ᠳᠠᠯᠠᠢ ᠶᠢᠨ ᠬᠥᠪᠥᠩ ᠠᠪᠴᠤ᠂ ᠢᠰᠭᠦᠯᠡᠩ ᠳᠠᠷᠠᠰᠤᠨ ᠳᠤ ᠨᠣᠷᠭᠠᠭᠠᠳ ᠵᠡᠭᠡᠰᠦᠨ ᠦ ᠰᠠᠪᠠᠭᠠᠨ ᠳᠤ ᠡᠯᠭᠦᠨ ᠲᠡᠭᠦᠨ ᠳᠦ ᠤᠤᠭᠤᠯᠭᠠᠬᠤ ᠭᠡᠰᠡᠨ ᠳᠦ᠂ 49 ᠪᠤᠰᠤᠳ ᠨᠢ᠄ 《ᠪᠠᠢᠵᠠ᠂ ᠧᠯᠢᠶ᠎ᠠ ᠢᠷᠡᠵᠦ ᠠᠪᠤᠷᠠᠬᠤ ᠡᠰᠡᠬᠦ ᠶᠢ ᠬᠠᠷᠠᠵᠠᠭᠠᠶ᠎ᠠ》 ᠭᠡᠯᠴᠡᠪᠡ᠃ 50 ᠢᠰᠦ᠋ᠰ ᠳᠠᠬᠢᠨ ᠴᠢᠩᠭ᠍᠎ᠠ ᠳᠠᠭᠤ ᠪᠠᠷ ᠬᠠᠰᠬᠢᠷᠤᠭᠠᠳ ᠠᠮᠢ ᠲᠠᠯᠪᠢᠪᠠ᠃ 51 ᠬᠠᠷ᠎ᠠ᠂ ᠥᠷᠭᠥᠭᠡᠨ ᠦ ᠬᠥᠰᠢᠭᠡ ᠳᠡᠭᠡᠷ᠎ᠡ ᠡᠴᠡ ᠪᠡᠨ ᠳᠣᠷᠣᠭᠰᠢ ᠬᠣᠶᠠᠷ ᠬᠡᠰᠡᠭ ᠪᠣᠯᠣᠨ ᠴᠤᠤᠷᠠᠵᠤ᠂ ᠭᠠᠵᠠᠷ ᠬᠥᠳᠡᠯᠦᠨ ᠬᠠᠳᠠ ᠴᠢᠯᠠᠭᠤᠳ ᠬᠠᠭᠠᠷᠠᠵᠤ᠂ 52 ᠪᠤᠯᠠᠰᠢ ᠨᠤᠭᠤᠳ ᠨᠡᠭᠡᠭᠡᠭᠳᠡᠨ᠂ ᠨᠣᠢᠷᠰᠣᠭᠰᠠᠨ ᠠᠷᠢᠭᠤᠨ ᠬᠥᠮᠦᠰ ᠦᠨ ᠪᠡᠶ᠎ᠡ ᠣᠯᠠᠨ ᠢᠶᠠᠷ ᠠᠮᠢᠯᠠᠵᠠᠢ᠃ 53 ᠲᠡᠳᠡ ᠪᠤᠯᠠᠰᠢᠨ ᠠᠴᠠ ᠪᠠᠨ ᠭᠠᠷᠤᠭᠰᠠᠨ ᠪᠥᠭᠡᠳ ᠢᠰᠦ᠋ᠰ ᠠᠮᠢᠯᠠᠭᠰᠠᠨ ᠤ ᠳᠠᠷᠠᠭ᠎ᠠ᠂ ᠠᠷᠢᠭᠤᠨ ᠬᠣᠲᠠ ᠳᠤ ᠣᠷᠣᠵᠤ ᠣᠯᠠᠨ ᠬᠥᠮᠦᠨ ᠳᠦ ᠬᠠᠷᠠᠭᠳᠠᠪᠠ᠃ 54 ᠢᠰᠦ᠋ᠰ ᠢ ᠰᠠᠬᠢᠵᠤ ᠪᠠᠢᠭᠰᠠᠨ ᠵᠠᠭᠤᠲᠤ ᠶᠢᠨ ᠳᠠᠷᠤᠭ᠎ᠠ ᠪᠣᠯᠣᠨ ᠬᠠᠮᠲᠤ ᠪᠠᠢᠭᠰᠠᠳ ᠨᠢ ᠭᠠᠵᠠᠷ ᠬᠥᠳᠡᠯᠦᠯᠲᠡ ᠪᠠ ᠪᠣᠯᠣᠭᠰᠠᠨ ᠶᠠᠪᠤᠳᠠᠯ ᠤᠳ ᠢ ᠬᠠᠷᠠᠭᠠᠳ ᠶᠡᠬᠡᠳᠡ ᠡᠮᠢᠶᠡᠵᠦ᠄ 《ᠡᠨᠡ ᠴᠢᠨᠢ ᠨᠡᠭᠡᠷᠡᠨ ᠪᠤᠷᠬᠠᠨ ᠤ ᠬᠦᠦ ᠪᠠᠢᠵᠠᠢ》 ᠭᠡᠵᠡᠭᠡᠪᠡ᠃
55 ᠲᠡᠨᠳᠡ ᠣᠯᠠᠨ ᠡᠮᠡᠭᠲᠡᠢ ᠬᠣᠯᠠ ᠠᠴᠠ ᠠᠵᠢᠭᠯᠠᠵᠤ ᠪᠠᠢᠯ᠎ᠠ᠃ ᠲᠡᠳᠡ ᠢᠰᠦ᠋ᠰ ᠲᠤ ᠦᠢᠯᠡᠴᠢᠯᠡᠭᠰᠡᠭᠡᠷ ᠭᠠᠯᠢᠯᠠᠶ᠎ᠠ ᠠᠴᠠ ᠳᠠᠭᠠᠵᠤ ᠢᠷᠡᠭᠰᠡᠨ ᠪᠥᠭᠡᠳ 56 ᠳᠤᠮᠳᠠ ᠨᠢ ᠮᠠᠭᠳᠠᠯ ᠤᠨ ᠮᠠᠷᠢᠶ᠎ᠠ ᠪᠣᠯᠣᠨ ᠶᠠᠺᠣᠪ᠂ ᠶᠣᠰᠧᠹ ᠬᠣᠶᠠᠷ ᠤᠨ ᠡᠬᠡ ᠮᠠᠷᠢᠶ᠎ᠠ᠂ ᠪᠠᠰᠠ ᠽᠧᠪᠧᠳᠠᠢ ᠶᠢᠨ ᠬᠥᠪᠡᠭᠦᠳ ᠦᠨ ᠡᠬᠡ ᠴᠤ ᠪᠠᠢᠵᠠᠢ᠃
ᠢᠰᠦ᠋ᠰ ᠪᠤᠯᠠᠰᠢᠯᠠᠭᠳᠠᠭᠰᠠᠨ ᠨᠢ
57 ᠣᠷᠣᠢ ᠪᠣᠯᠬᠤ ᠳᠤ᠂ ᠠᠷᠢᠮᠠᠲ᠋ᠠ ᠨᠤᠲᠤᠭ ᠤᠨ ᠶᠣᠰᠧᠹ ᠭᠡᠭᠴᠢ ᠨᠢᠭᠡᠨ ᠪᠠᠶᠠᠨ ᠬᠥᠮᠦᠨ ᠢᠷᠡᠯ᠎ᠡ᠃ ᠲᠡᠷᠡ ᠴᠤ ᠢᠰᠦ᠋ᠰ ᠤᠨ ᠱᠠᠪᠢ ᠪᠠᠢᠪᠠ᠃ 58 ᠡᠨᠡ ᠬᠥᠮᠦᠨ ᠫᠢᠯᠠᠲ ᠳᠡᠭᠡᠷ᠎ᠡ ᠣᠴᠢᠵᠤ ᠢᠰᠦ᠋ᠰ ᠤᠨ ᠴᠣᠭᠴᠠ ᠶᠢ ᠭᠤᠶᠤᠬᠤ ᠳᠤ᠂ ᠫᠢᠯᠠᠲ ᠥᠭ ᠭᠡᠵᠦ ᠵᠠᠬᠢᠪᠠ᠃ 59 ᠶᠣᠰᠧᠹ ᠴᠣᠭᠴᠠ ᠶᠢ ᠠᠪᠤᠭᠠᠳ ᠴᠡᠪᠡᠷ ᠥᠷᠮᠥᠭ ᠢᠶᠡᠷ ᠤᠷᠢᠶᠠᠭᠰᠠᠨ ᠤ ᠳᠠᠷᠠᠭ᠎ᠠ᠂ 60 ᠬᠠᠳᠠ ᠤᠬᠤᠵᠤ ᠪᠡᠯᠡᠳᠬᠡᠭᠰᠡᠨ ᠰᠢᠨ᠎ᠡ ᠪᠤᠯᠠᠰᠢᠨ ᠳᠤ ᠲᠠᠯᠪᠢᠵᠠᠢ᠃ ᠲᠡᠭᠡᠭᠡᠳ ᠲᠣᠮᠣ ᠴᠢᠯᠠᠭᠤ ᠥᠩᠬᠥᠷᠢᠭᠦᠯᠦᠨ ᠪᠤᠯᠠᠰᠢᠨ ᠤ ᠠᠮᠠ ᠶᠢ ᠲᠠᠭᠯᠠᠭᠠᠳ ᠶᠠᠪᠤᠪᠠ᠃ 61 ᠮᠠᠭᠳᠠᠯ ᠤᠨ ᠮᠠᠷᠢᠶ᠎ᠠ ᠪᠣᠯᠣᠨ ᠨᠥᠭᠥᠭᠡ ᠮᠠᠷᠢᠶ᠎ᠠ ᠲᠡᠨᠳᠡ ᠪᠤᠯᠠᠰᠢ ᠶᠢ ᠡᠰᠡᠷᠭᠦᠯᠡᠨ ᠰᠠᠭᠤᠵᠤ ᠪᠠᠢᠪᠠ᠃
62 ᠳᠠᠷᠠᠭ᠎ᠠ ᠡᠳᠦᠷ (ᠪᠡᠯᠡᠳᠬᠡᠯ ᠦᠨ ᠡᠳᠦᠷ ᠦᠨ ᠳᠠᠷᠠᠭᠠᠬᠢ ᠡᠳᠦᠷ) ᠨᠢ ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ ᠫᠢᠯᠠᠲ ᠤᠨ ᠡᠮᠦᠨ᠎ᠡ ᠴᠤᠭᠯᠠᠷᠠᠵᠤ᠄ 63 《ᠨᠣᠶᠠᠨᠲᠠᠨ ᠡ᠂ ᠲᠡᠷᠡ ᠪᠠᠴᠢᠯᠠᠭᠴᠢ ᠠᠮᠢᠳᠤ ᠪᠠᠢᠬᠤ ᠳᠠᠭᠠᠨ᠄ 〈ᠪᠢ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠨ᠎ᠠ〉 ᠭᠡᠵᠦ ᠬᠡᠯᠡᠭᠰᠡᠨ ᠢ ᠪᠢᠳᠡ ᠰᠠᠨᠠᠵᠤ ᠣᠯᠣᠯ᠎ᠠ᠃ 64 ᠲᠠ ᠭᠤᠷᠪᠠᠳᠤᠭᠠᠷ ᠡᠳᠦᠷ ᠨᠢ ᠪᠣᠯᠲᠠᠯ᠎ᠠ ᠪᠤᠯᠠᠰᠢ ᠶᠢ ᠨᠢ ᠴᠢᠩᠳᠠ ᠰᠠᠬᠢ ᠭᠡᠵᠦ ᠵᠠᠬᠢᠨ᠎ᠠ ᠤᠤ︖ ᠱᠠᠪᠢ ᠨᠠᠷ ᠨᠢ ᠢᠷᠡᠵᠦ ᠴᠣᠭᠴᠠ ᠶᠢ ᠬᠤᠯᠠᠭᠠᠢᠯᠠᠨ ᠠᠪᠤᠭᠠᠳ᠂ ᠠᠷᠠᠳ ᠣᠯᠠᠨ ᠳᠤ᠄ 〈ᠲᠡᠷᠡ ᠦᠬᠦᠭᠰᠡᠳ ᠦᠨ ᠳᠤᠮᠳᠠ ᠠᠴᠠ ᠠᠮᠢᠯᠠᠭᠰᠠᠨ〉 ᠭᠡᠵᠦ ᠬᠡᠯᠡᠭᠦᠵᠡᠢ᠃ ᠲᠡᠭᠡᠪᠡᠯ ᠰᠡᠭᠦᠯᠴᠢ ᠶᠢᠨ ᠪᠠᠴᠢ ᠨᠢ ᠠᠩ᠋ᠬᠠᠨ ᠤ ᠬᠢ ᠡᠴᠡ ᠪᠡᠨ ᠴᠤ ᠢᠯᠡᠭᠦᠦ ᠪᠣᠯᠣᠨ᠎ᠠ》 ᠭᠡᠵᠡᠭᠡᠯ᠎ᠡ᠃ 65 ᠫᠢᠯᠠᠲ ᠲᠡᠳᠡᠨ ᠳᠦ᠄ 《ᠬᠠᠷᠠᠭᠤᠯ ᠤᠨ ᠴᠡᠷᠢᠭ ᠠᠪᠤᠭᠠᠳ ᠶᠠᠪᠤ᠂ ᠣᠢᠯᠠᠭᠠᠭᠰᠠᠨ ᠶᠣᠰᠣᠭᠠᠷ ᠢᠶᠠᠨ ᠴᠢᠩᠳᠠ ᠰᠠᠬᠢᠭᠲᠤᠨ》 ᠭᠡᠰᠡᠨ ᠳᠦ᠂ 66 ᠲᠡᠳᠡ ᠣᠴᠢᠭᠠᠳ ᠪᠤᠯᠠᠰᠢ ᠶᠢ ᠴᠢᠩᠭ᠍᠎ᠠ ᠰᠠᠬᠢᠪᠠ᠃ ᠴᠢᠯᠠᠭᠤ ᠶᠢ ᠯᠠᠴᠠᠳᠠᠵᠤ᠂ ᠬᠠᠷᠠᠭᠤᠯ ᠤᠨ ᠴᠡᠷᠢᠭ ᠲᠠᠯᠪᠢᠪᠠ᠃