ᠮᠠᠲ᠋ᠠᠢ ᠠᠷᠪᠠᠨ ᠨᠠᠢ᠌ᠮᠠ
ᠬᠠᠭᠠᠨᠴᠢᠯᠠᠯ ᠤᠨ ᠡᠷᠬᠢᠮ ᠵᠣᠴᠢᠨ
1 ᠲᠡᠷᠡ ᠦᠶ᠎ᠡ ᠳᠦ ᠱᠠᠪᠢ ᠨᠠᠷ ᠨᠢ ᠢᠰᠦ᠋ᠰ ᠲᠤ ᠳᠥᠭᠥᠨ ᠢᠷᠡᠵᠦ᠄ 《ᠲᠩᠷᠢ ᠶᠢᠨ ᠬᠠᠭᠠᠨᠴᠢᠯᠠᠯ ᠳᠤ ᠬᠠᠮᠤᠭ ᠤᠨ ᠠᠭᠤᠤ ᠨᠢ ᠬᠡᠨ ᠪᠣᠯ︖》 ᠭᠡᠪᠡ᠃ 2 ᠢᠰᠦ᠋ᠰ ᠨᠢᠭᠡᠨ ᠬᠡᠦᠬᠡᠳ ᠢ ᠬᠠᠵᠠᠭᠤ ᠳᠠᠭᠠᠨ ᠳᠠᠭᠤᠳᠠᠵᠤ᠂ ᠲᠡᠳᠡᠨ ᠦ ᠳᠤᠮᠳᠠ ᠵᠣᠭᠰᠣᠭᠠᠭᠠᠳ ᠬᠡᠯᠡᠭᠰᠡᠨ ᠨᠢ᠄ 3 《ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠡᠷᠭᠢᠵᠦ ᠬᠡᠦᠬᠡᠳ ᠤᠳ ᠲᠠᠢ ᠠᠳᠠᠯᠢ ᠪᠣᠯᠬᠤ ᠠᠴᠠ ᠨᠠᠰᠢ᠂ ᠲᠩᠷᠢ ᠶᠢᠨ ᠬᠠᠭᠠᠨᠴᠢᠯᠠᠯ ᠳᠤ ᠯᠠᠪ ᠣᠷᠣᠬᠤ ᠦᠭᠡᠢ᠃ 4 ᠬᠡᠨ ᠡᠨᠡ ᠬᠡᠦᠬᠡᠳ ᠲᠡᠢ ᠠᠳᠠᠯᠢ ᠳᠠᠷᠤᠤ ᠪᠠᠢᠪᠠᠯ ᠲᠩᠷᠢ ᠶᠢᠨ ᠬᠠᠭᠠᠨᠴᠢᠯᠠᠯ ᠳᠤ ᠬᠠᠮᠤᠭ ᠤᠨ ᠠᠭᠤᠤ ᠶᠤᠮ᠃ 5 ᠬᠡᠨ ᠡᠢᠮᠦ ᠬᠡᠦᠬᠡᠳ ᠢ ᠮᠢᠨᠦ ᠨᠡᠷ᠎ᠡ ᠪᠡᠷ ᠬᠦᠯᠢᠶᠡᠨ ᠠᠪᠤᠪᠠᠯ ᠨᠠᠮᠠᠶᠢ ᠬᠦᠯᠢᠶᠡᠨ ᠠᠪᠤᠨ᠎ᠠ᠃
ᠨᠢᠭᠦᠯ ᠦᠢᠯᠡᠳᠦᠭᠦᠯᠦᠭᠴᠢ
6 ᠲᠡᠷᠡ ᠬᠥᠮᠦᠨ ᠨᠠᠳᠠ ᠳᠤ ᠢᠲᠡᠭᠡᠳᠡᠭ ᠡᠳᠡᠭᠡᠷ ᠵᠢᠭᠠᠯ ᠤᠳ ᠤᠨ ᠨᠢᠭᠡᠨ ᠢ ᠪᠦᠳᠦᠷᠢᠭᠦᠯᠬᠦ ᠡᠴᠡ᠂ ᠲᠡᠭᠡᠷᠮ᠎ᠡ ᠶᠢᠨ ᠴᠢᠯᠠᠭᠤ ᠶᠢ ᠬᠦᠵᠦᠭᠦᠨ ᠳᠡᠭᠡᠨ ᠳᠡᠭᠦᠵᠢᠯᠡᠵᠦ ᠳᠠᠯᠠᠢ ᠳᠤ ᠬᠠᠶᠠᠭᠳᠠᠬᠤ ᠨᠢ ᠳᠡᠭᠡᠷ᠎ᠡ᠃ 7 ᠪᠦᠳᠦᠷᠢᠯ ᠪᠠᠢᠭ᠎ᠠ ᠲᠤᠯᠠ ᠶᠢᠷᠲᠢᠨᠴᠦ ᠳᠦ ᠭᠠᠢ ᠪᠣᠯᠣᠨ᠎ᠠ᠂ ᠪᠦᠳᠦᠷᠢᠯ ᠤᠴᠠᠷᠠᠬᠤ ᠨᠢ ᠵᠠᠢᠯᠠᠰᠢ ᠦᠭᠡᠢ ᠪᠣᠯᠪᠠᠴᠤ ᠪᠦᠳᠦᠷᠢᠯ ᠤᠴᠠᠷᠠᠭᠤᠯᠤᠭᠴᠢ ᠳᠤ ᠭᠠᠢ ᠪᠣᠯᠣᠨ᠎ᠠ᠃
8 ᠭᠠᠷ ᠪᠤᠶᠤ ᠬᠥᠯ ᠴᠢᠨᠢ ᠴᠢᠮᠠᠶᠢ ᠪᠦᠳᠦᠷᠢᠭᠦᠯᠪᠡᠯ ᠲᠡᠭᠦᠨ ᠢ ᠪᠠᠨ ᠲᠠᠰᠤᠳᠠᠵᠤ ᠬᠠᠶᠠ᠂ ᠬᠣᠶᠠᠷ ᠭᠠᠷ ᠪᠤᠶᠤ ᠬᠣᠶᠠᠷ ᠬᠥᠯ ᠲᠡᠢ ᠪᠠᠷ ᠢᠶᠠᠨ ᠮᠥᠩᠬᠡ ᠶᠢᠨ ᠭᠠᠯ ᠳᠤ ᠬᠠᠶᠠᠭᠳᠠᠭᠰᠠᠨ ᠠᠴᠠ ᠵᠡᠮᠳᠡᠭ ᠪᠤᠶᠤ ᠳᠣᠭᠣᠯᠠᠩ ᠢᠶᠠᠷ ᠮᠥᠩᠬᠡ ᠠᠮᠢ ᠳᠤ ᠣᠷᠣᠬᠤ ᠨᠢ ᠳᠡᠭᠡᠷ᠎ᠡ᠃ 9 ᠨᠢᠳᠦ ᠴᠢᠨᠢ ᠴᠢᠮᠠᠶᠢ ᠪᠦᠳᠦᠷᠢᠭᠦᠯᠪᠡᠯ ᠤᠬᠤᠵᠤ ᠬᠠᠶᠠ᠂ ᠬᠣᠶᠠᠷ ᠨᠢᠳᠦ ᠲᠠᠢ ᠪᠠᠷ ᠢᠶᠠᠨ ᠭᠠᠯ ᠲᠠᠢ ᠲᠠᠮᠤ ᠳᠤ ᠬᠠᠶᠠᠭᠳᠠᠭᠰᠠᠨ ᠠᠴᠠ ᠥᠷᠥᠭᠡᠰᠦᠨ ᠨᠢᠳᠦ ᠲᠠᠢ ᠪᠠᠷ ᠮᠥᠩᠬᠡ ᠠᠮᠢ ᠳᠤ ᠣᠷᠣᠬᠤ ᠨᠢ ᠳᠡᠭᠡᠷ᠎ᠡ᠃
ᠶᠡᠷᠡ ᠶᠢᠰᠦ ᠨᠡᠮᠡᠬᠦ ᠨᠢᠭᠡ
10 ᠲᠠ ᠨᠠᠷ ᠠᠩ᠋ᠬᠠᠷᠤᠭᠲᠤᠨ᠂ ᠡᠳᠡᠭᠡᠷ ᠵᠢᠭᠠᠯ ᠤᠳ ᠤᠨ ᠨᠢᠭᠡ ᠶᠢ ᠨᠢ ᠴᠤ ᠪᠦᠦ ᠬᠥᠩᠭᠡᠪᠴᠢᠯᠡ᠃ ᠲᠠ ᠨᠠᠷ ᠲᠤ ᠬᠡᠯᠡᠶ᠎ᠡ᠂ ᠲᠡᠳᠡᠨ ᠦ ᠲᠩᠷᠢ ᠳᠠᠬᠢ ᠡᠯᠴᠢᠳ ᠲᠩᠷᠢ ᠳᠠᠬᠢ ᠡᠴᠢᠭᠡ ᠶᠢᠨ ᠮᠢᠨᠢ ᠨᠢᠭᠤᠷ ᠢ ᠪᠠᠢᠩ᠋ᠭᠤ ᠬᠠᠷᠠᠳᠠᠭ ᠶᠤᠮ᠃ 11 29 12 ᠲᠠ ᠨᠠᠷ ᠶᠠᠭᠤ ᠭᠡᠵᠦ ᠪᠣᠳᠣᠵᠤ ᠪᠠᠢᠨ᠎ᠠ ᠪᠤᠢ︖ ᠬᠡᠨ ᠨᠢᠭᠡᠨ ᠬᠥᠮᠦᠨ ᠵᠠᠭᠤᠨ ᠬᠣᠨᠢ ᠲᠠᠢ ᠪᠠᠢᠭᠰᠠᠨ ᠢᠶᠠᠨ ᠨᠢᠭᠡ ᠨᠢ ᠲᠥᠭᠡᠷᠢᠭᠰᠡᠨ ᠪᠣᠯ᠂ ᠲᠡᠷᠡ ᠬᠥᠮᠦᠨ ᠶᠡᠷᠡ ᠶᠢᠰᠦᠨ ᠬᠣᠨᠢ ᠪᠠᠨ ᠠᠭᠤᠯᠠᠨ ᠳᠡᠭᠡᠷ᠎ᠡ ᠣᠷᠬᠢᠭᠠᠳ᠂ ᠲᠥᠭᠡᠷᠢᠭᠰᠡᠨ ᠨᠢᠭᠡ ᠶᠢ ᠨᠢ ᠡᠷᠢᠬᠦ ᠦᠭᠡᠢ ᠭᠡᠵᠢ ᠤᠤ︖ 13 ᠲᠠ ᠨᠠᠷ ᠲᠤ ᠪᠠᠲᠤᠲᠠᠢ ᠬᠡᠯᠡᠶ᠎ᠡ᠃ ᠲᠡᠭᠦᠨ ᠢ ᠪᠠᠨ ᠣᠯᠴᠢᠬᠠᠪᠠᠯ᠂ ᠲᠥᠭᠡᠷᠢᠭᠡ ᠦᠭᠡᠢ ᠶᠡᠷᠡ ᠶᠢᠰᠦᠨ ᠬᠣᠨᠢᠨ ᠤ ᠪᠠᠨ ᠲᠥᠯᠥᠭᠡ ᠪᠠᠶᠠᠷᠯᠠᠬᠤ ᠠᠴᠠ ᠢᠯᠡᠭᠦᠦ ᠪᠡᠷ ᠪᠠᠶᠠᠷᠯᠠᠳᠠᠭ᠃ 14 ᠲᠡᠢᠮᠦ ᠡᠴᠡ ᠡᠨᠡ ᠵᠢᠭᠠᠯ ᠤᠳ ᠤᠨ ᠬᠡᠨ ᠨᠢᠭᠡᠨ ᠨᠢ ᠠᠯᠳᠠᠭᠳᠠᠬᠤ ᠨᠢ ᠴᠤ ᠲᠩᠷᠢ ᠳᠠᠬᠢ ᠡᠴᠢᠭᠡ ᠶᠢᠨ ᠴᠢᠨᠢ ᠰᠠᠨᠠᠭ᠎ᠠ ᠪᠢᠰᠢ ᠶᠤᠮ᠃
ᠰᠠᠬᠢᠯᠭᠠᠵᠢᠭᠤᠯᠬᠤ ᠪᠠ ᠳᠠᠭᠠᠳᠬᠠᠬᠤ
15 ᠠᠬ᠎ᠠ ᠳᠡᠭᠦᠦ ᠴᠢᠨᠢ ᠴᠢᠨᠦ ᠡᠰᠡᠷᠭᠦ ᠨᠢᠭᠦᠯ ᠦᠢᠯᠡᠳᠪᠡᠯ᠂ ᠲᠡᠭᠦᠨ ᠳᠦ ᠣᠴᠢᠵᠤ ᠬᠣᠶᠠᠭᠤᠯᠬᠠᠨ ᠢᠶᠠᠨ ᠪᠠᠢᠬᠤ ᠳᠤ ᠪᠤᠷᠤᠭᠤ ᠶᠢ ᠨᠢ ᠣᠢᠯᠠᠭᠠᠭᠤᠯ᠂ ᠦᠭᠡ ᠶᠢ ᠴᠢᠨᠢ ᠣᠢᠰᠢᠶᠠᠪᠠᠯ᠂ ᠴᠢ ᠲᠡᠷᠡ ᠠᠬ᠎ᠠ ᠳᠡᠭᠦᠦ ᠪᠡᠨ ᠣᠯᠵᠤ ᠠᠪᠤᠭᠰᠠᠨ ᠬᠡᠷᠡᠭ᠃ 16 ᠬᠠᠷᠢᠨ ᠦᠭᠡ ᠶᠢ ᠴᠢᠨᠢ ᠦᠯᠦ ᠣᠢᠰᠢᠶᠠᠪᠠᠯ᠂ ᠨᠢᠭᠡ ᠪᠤᠶᠤ ᠬᠣᠶᠠᠷ ᠬᠥᠮᠦᠨ ᠳᠠᠭᠠᠭᠤᠯᠵᠤ ᠶᠠᠪᠤ᠃ ᠡᠢᠨ ᠬᠦ ᠬᠡᠷᠡᠭ ᠪᠣᠯᠭᠠᠨ ᠬᠣᠶᠠᠷ ᠪᠤᠶᠤ ᠭᠤᠷᠪᠠᠨ ᠭᠡᠷᠡᠴᠢ ᠶᠢᠨ ᠠᠮᠠ ᠪᠠᠷ ᠪᠠᠲᠤᠯᠠᠭᠤᠯᠬᠤ ᠤᠴᠢᠷᠲᠠᠢ᠃ 17 ᠬᠡᠷᠪᠡ ᠲᠡᠳᠡᠨ ᠦ ᠦᠭᠡ ᠶᠢ ᠣᠢᠰᠢᠶᠠᠬᠤ ᠦᠭᠡᠢ ᠪᠠᠢᠪᠠᠯ ᠴᠢᠭᠤᠯᠭᠠᠨ ᠳᠤ ᠶᠠᠷᠢ᠃ ᠴᠢᠭᠤᠯᠭᠠᠨ ᠤ ᠦᠭᠡ ᠶᠢ ᠴᠤ ᠣᠢᠰᠢᠶᠠᠬᠤ ᠦᠭᠡᠢ ᠪᠠᠢᠪᠠᠯ ᠲᠡᠭᠦᠨ ᠢ ᠬᠠᠷᠢ ᠶᠢᠨ ᠬᠢᠨ᠂ ᠡᠰᠡᠪᠡᠯ ᠭᠠᠢᠯᠢᠴᠢᠨ ᠮᠡᠲᠦ ᠲᠣᠭᠠᠴᠠ᠃ 18 ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠭᠠᠵᠠᠷ ᠳᠡᠭᠡᠷ᠎ᠡ ᠶᠠᠭᠤ ᠶᠢ ᠬᠦᠯᠢᠪᠡᠯ᠂ ᠲᠩᠷᠢ ᠳᠤ ᠴᠤ ᠬᠦᠯᠢᠭᠳᠡᠨᠡ 30 ᠃ ᠲᠠ ᠨᠠᠷ ᠭᠠᠵᠠᠷ ᠳᠡᠭᠡᠷ᠎ᠡ ᠶᠠᠭᠤ ᠶᠢ ᠰᠤᠯᠠᠯᠠᠪᠠᠯ᠂ ᠲᠩᠷᠢ ᠳᠤ ᠴᠤ ᠰᠤᠯᠠᠯᠠᠭᠳᠠᠨᠠ 31 ᠃ 19 ᠲᠠ ᠨᠠᠷ ᠲᠤ ᠳᠠᠬᠢᠨ ᠪᠠᠲᠤᠲᠠᠢ ᠬᠡᠯᠡᠶ᠎ᠡ᠃ ᠲᠠ ᠨᠠᠷ ᠤᠨ ᠬᠣᠶᠠᠷ ᠨᠢ ᠭᠠᠵᠠᠷ ᠳᠡᠭᠡᠷ᠎ᠡ ᠰᠡᠳᠬᠢᠯ ᠨᠢᠭᠡᠳᠦᠨ ᠶᠠᠭᠤ ᠭᠤᠶᠤᠭᠰᠠᠨ ᠴᠤ᠂ ᠲᠡᠷᠡ ᠲᠠᠯ᠎ᠠ ᠪᠠᠷ ᠢᠶᠠᠨ ᠰᠠᠨᠠᠭ᠎ᠠ ᠨᠡᠢᠯᠡᠪᠡᠯ ᠲᠩᠷᠢ ᠳᠠᠬᠢ ᠡᠴᠢᠭᠡ ᠮᠢᠨᠢ ᠲᠠ ᠨᠠᠷ ᠤᠨ ᠲᠥᠯᠥᠭᠡ ᠪᠡᠶᠡᠯᠡᠭᠦᠯᠵᠦ ᠥᠭᠭᠥᠨ᠎ᠡ᠃ 20 ᠮᠢᠨᠦ ᠨᠡᠷ᠎ᠡ ᠪᠡᠷ ᠬᠣᠶᠠᠷ ᠪᠤᠶᠤ ᠭᠤᠷᠪᠠᠨ ᠬᠥᠮᠦᠨ ᠴᠤᠭᠯᠠᠷᠠᠭᠰᠠᠨ ᠭᠠᠵᠠᠷ ᠲᠤ᠂ ᠪᠢ ᠴᠤ ᠲᠡᠨᠳᠡ ᠲᠡᠳᠡᠨ ᠦ ᠳᠤᠮᠳᠠ ᠪᠠᠢᠨ᠎ᠠ》 ᠭᠡᠪᠡ᠃
ᠠᠭᠤᠴᠢᠯᠠᠯ
21 ᠲᠡᠭᠡᠬᠦ ᠳᠦ ᠫᠧᠲ᠋ᠧᠷ ᠳᠥᠭᠥᠨ ᠢᠷᠡᠵᠦ᠄ 《ᠡᠵᠡᠨ ᠡ᠂ ᠠᠬ᠎ᠠ ᠳᠡᠭᠦᠦ ᠮᠠᠨᠢ ᠮᠢᠨᠦ ᠡᠰᠡᠷᠭᠦ ᠨᠢᠭᠦᠯ ᠦᠢᠯᠡᠳᠪᠡᠯ᠂ ᠪᠢ ᠲᠡᠭᠦᠨ ᠢ ᠬᠡᠳᠦ ᠤᠳᠠᠭ᠎ᠠ ᠠᠭᠤᠴᠢᠯᠠᠬᠤ ᠪᠤᠢ︖ ᠳᠣᠯᠣᠭᠠᠨ ᠤᠳᠠᠭ᠎ᠠ ᠤᠤ︖》 ᠭᠡᠬᠦ ᠳᠦ᠂ 22 ᠢᠰᠦ᠋ᠰ᠄ 《ᠴᠢᠮ᠎ᠠ ᠳᠤ ᠬᠡᠯᠡᠶ᠎ᠡ᠂ ᠳᠣᠯᠣᠭᠠᠨ ᠤᠳᠠᠭ᠎ᠠ ᠪᠢᠰᠢ᠂ ᠳᠣᠯᠣᠭᠠᠨ ᠳᠠᠯ᠎ᠠ ᠤᠳᠠᠭ᠎ᠠ 32 ᠶᠤᠮ᠃
23 ᠡᠢᠮᠦ ᠤᠴᠢᠷ ᠠᠴᠠ ᠲᠩᠷᠢ ᠶᠢᠨ ᠬᠠᠭᠠᠨᠴᠢᠯᠠᠯ ᠢ ᠵᠠᠷᠤᠴᠠ ᠨᠠᠷ ᠲᠠᠢ ᠪᠠᠨ ᠲᠣᠭᠠᠴᠠᠭ᠎ᠠ ᠬᠢᠬᠦ ᠭᠡᠰᠡᠨ ᠨᠢᠭᠡᠨ ᠬᠠᠭᠠᠨ ᠲᠠᠢ ᠦᠯᠢᠭᠡᠷᠯᠡᠵᠦ ᠪᠣᠯᠣᠨ᠎ᠠ᠃ 24 ᠬᠠᠭᠠᠨ ᠲᠣᠭᠠᠴᠠᠭ᠎ᠠ ᠬᠢᠵᠦ ᠡᠬᠢᠯᠡᠭᠰᠡᠨ ᠳᠦ᠂ ᠲᠦᠮᠡᠨ ᠲᠠᠯᠠᠨᠲ 33 ᠤᠨ ᠥᠷᠢ ᠲᠠᠢ ᠨᠢᠭᠡ ᠨᠢ ᠲᠡᠭᠦᠨ ᠦ ᠡᠮᠦᠨ᠎ᠡ ᠬᠦᠷᠭᠡᠭᠳᠡᠵᠦ ᠢᠷᠡᠪᠡ᠃ 25 ᠲᠡᠷᠡ ᠬᠥᠮᠦᠨ ᠥᠷᠢ ᠪᠠᠨ ᠲᠥᠯᠥᠬᠦ ᠴᠢᠳᠠᠯ ᠦᠭᠡᠢ ᠪᠣᠯᠬᠣᠷ ᠡᠵᠡᠨ ᠨᠢ ᠲᠡᠭᠦᠨ ᠳᠦ᠄ 〈ᠥᠪᠡᠷ ᠤᠨ ᠪᠡᠶ᠎ᠡ᠂ ᠡᠬᠡᠨᠡᠷ᠂ ᠬᠡᠦᠬᠡᠳ ᠤᠳ ᠪᠠ ᠪᠠᠢᠭ᠎ᠠ ᠪᠦᠬᠦᠨ ᠢᠶᠡᠨ ᠬᠤᠳᠠᠯᠳᠤᠭᠠᠳ ᠥᠷᠢ ᠪᠠᠨ ᠲᠥᠯᠥ〉 ᠭᠡᠵᠦ ᠲᠤᠰᠢᠶᠠᠪᠠ᠃ 26 ᠵᠠᠷᠤᠴᠠ ᠨᠢ ᠲᠡᠭᠦᠨ ᠦ ᠡᠮᠦᠨ᠎ᠡ ᠰᠥᠭᠥᠳᠥᠨ ᠮᠥᠷᠭᠥᠭᠰᠡᠭᠡᠷ᠄ 〈ᠨᠠᠮᠠᠶᠢ ᠬᠦᠯᠢᠴᠡᠵᠦ ᠪᠠᠢᠭᠠᠷᠠᠢ᠂ ᠲᠠᠨ ᠳᠤ ᠪᠦᠬᠦᠨ ᠢ ᠲᠥᠯᠥᠨ᠎ᠡ〉 ᠭᠡᠬᠦ ᠳᠦ᠂ 27 ᠲᠡᠷᠡ ᠬᠦ ᠵᠠᠷᠤᠴᠠ ᠶᠢᠨ ᠡᠵᠡᠨ ᠥᠷᠥᠪᠳᠥᠭᠡᠳ ᠲᠡᠭᠦᠨ ᠢ ᠰᠤᠯᠠᠯᠠᠵᠠᠢ᠂ ᠥᠷᠢ ᠶᠢ ᠨᠢ ᠴᠤ ᠬᠡᠯᠲᠦᠷᠢᠭᠦᠯᠵᠡᠢ᠃ 28 ᠬᠠᠷᠢᠨ ᠲᠡᠷᠡ ᠵᠠᠷᠤᠴᠠ ᠭᠠᠷᠤᠭᠠᠳ ᠥᠪᠡᠷ ᠲᠤᠨᠢ ᠵᠠᠭᠤᠨ ᠳ᠋ᠧᠨᠠᠷ 34 ᠤᠨ ᠥᠷᠢ ᠲᠠᠢ ᠨᠢᠭᠡᠨ ᠨᠠᠢᠵᠠ ᠵᠠᠷᠤᠴᠠ ᠲᠠᠢ ᠪᠠᠨ ᠲᠠᠭᠠᠷᠠᠯᠳᠤᠭᠰᠠᠨ ᠢᠶᠠᠨ ᠲᠡᠭᠦᠨ ᠢ ᠵᠠᠭᠠᠮᠳᠠᠭᠠᠳ᠄ 〈ᠥᠷᠢ ᠪᠠᠨ ᠲᠥᠯᠥ〉 ᠭᠡᠪᠡ᠃ 29 ᠨᠠᠢᠵᠠ ᠵᠠᠷᠤᠴᠠ ᠨᠢ ᠰᠥᠭᠥᠳᠥᠨ ᠭᠤᠶᠤᠭᠰᠠᠭᠠᠷ᠄ 〈ᠨᠠᠮᠠᠶᠢ ᠬᠦᠯᠢᠶᠡᠭᠡᠴᠢ᠂ ᠪᠢ ᠴᠢᠮ᠎ᠠ ᠳᠤ ᠭᠦᠢᠴᠡᠳ ᠲᠥᠯᠥᠶ᠎ᠡ〉 ᠭᠡᠰᠡᠨ ᠪᠣᠯᠪᠠᠴᠤ 30 ᠲᠡᠷᠡ ᠵᠥᠪᠰᠢᠶᠡᠷᠡᠭᠰᠡᠨ ᠦᠭᠡᠢ ᠪᠠᠷ ᠶᠠᠪᠤᠵᠤ᠂ ᠲᠡᠭᠦᠨ ᠢ ᠥᠷᠢ ᠪᠠᠨ ᠲᠥᠯᠥᠲᠡᠯᠡ ᠨᠢ ᠭᠢᠨᠳᠠᠨ ᠳᠤ ᠬᠣᠷᠢᠭᠤᠯᠪᠠ᠃ 31 ᠪᠤᠰᠤᠳ ᠵᠠᠷᠤᠴᠠ ᠨᠠᠷ ᠨᠢ ᠪᠣᠯᠣᠭᠰᠠᠨ ᠶᠠᠪᠤᠳᠠᠯ ᠢ ᠬᠠᠷᠠᠭᠠᠳ ᠮᠠᠰᠢᠳᠠ ᠬᠠᠷᠠᠮᠰᠠᠵᠤ᠂ ᠡᠵᠡᠨ ᠳᠡᠭᠡᠨ ᠣᠴᠢᠵᠤ ᠪᠣᠯᠣᠭᠰᠠᠨ ᠪᠦᠬᠦ ᠶᠠᠪᠤᠳᠠᠯ ᠢ ᠳᠤᠭᠤᠯᠭᠠᠵᠠᠢ᠃ 32 ᠲᠡᠭᠡᠬᠦ ᠳᠦ ᠡᠵᠡᠨ ᠨᠢ ᠥᠨᠥᠬᠢ ᠵᠠᠷᠤᠴᠠ ᠶᠢ ᠳᠠᠭᠤᠳᠠᠭᠠᠳ᠄ 〈ᠮᠠᠭᠤ ᠵᠠᠷᠤᠴᠠ ᠴᠢ︕ ᠨᠠᠳᠠ ᠠᠴᠠ ᠭᠤᠶᠤᠬᠤ ᠳᠤ ᠪᠢ ᠥᠷᠢ ᠶᠢ ᠴᠢᠨᠢ ᠪᠦᠭᠦᠳᠡ ᠶᠢ ᠬᠡᠯᠲᠦᠷᠢᠭᠦᠯᠦᠭᠰᠡᠨ᠃ 33 ᠪᠢ ᠴᠢᠮᠠᠶᠢ ᠡᠨᠡᠷᠢᠭᠰᠡᠨ ᠮᠡᠲᠦ ᠴᠢ ᠴᠤ ᠨᠠᠢᠵᠠ ᠵᠠᠷᠤᠴᠠ ᠪᠠᠨ ᠡᠨᠡᠷᠢᠬᠦ ᠶᠣᠰᠣᠲᠠᠢ ᠪᠢᠰᠢ ᠤᠤ︖〉 ᠬᠡᠮᠡᠨ 34 ᠠᠭᠤᠷᠯᠠᠵᠤ᠂ ᠪᠦᠬᠦ ᠥᠷᠢ ᠪᠠᠨ ᠲᠥᠯᠥᠲᠡᠯᠡ ᠨᠢ ᠲᠡᠭᠦᠨ ᠢ ᠡᠷᠡᠬᠦᠳᠡᠭᠴᠢᠳ ᠤᠨ ᠮᠡᠳᠡᠯ ᠳᠦ ᠪᠠᠢᠯᠭᠠᠪᠠ᠃ 35 ᠡᠢᠮᠦ ᠡᠴᠡ ᠲᠠ ᠨᠠᠷ ᠬᠥᠮᠦᠨ ᠪᠣᠯᠭᠠᠨ ᠠᠬ᠎ᠠ ᠳᠡᠭᠦᠦ ᠪᠡᠨ ᠵᠢᠷᠦᠬᠡ ᠰᠡᠳᠬᠢᠯ ᠡᠴᠡ ᠪᠡᠨ ᠠᠭᠤᠴᠢᠯᠠᠬᠤ ᠦᠭᠡᠢ ᠪᠣᠯ᠂ ᠲᠩᠷᠢᠯᠢᠭ ᠡᠴᠢᠭᠡ ᠮᠢᠨᠢ ᠴᠤ ᠲᠠ ᠨᠠᠷ ᠲᠤ ᠮᠥᠨ ᠲᠡᠭᠡᠵᠦ ᠬᠠᠨᠳᠤᠬᠤ ᠪᠣᠯᠣᠨ᠎ᠠ》 ᠭᠡᠪᠡ᠃