ᠮᠠᠲ᠋ᠠᠢ ᠬᠣᠷᠢᠨ ᠨᠠᠢ᠌ᠮᠠ
ᠢᠰᠦ᠋ᠰ ᠠᠮᠢᠯᠠᠭᠰᠠᠨ ᠨᠢ
1 ᠠᠮᠠᠷᠠᠯ ᠤᠨ ᠳᠠᠷᠠᠭᠠᠬᠢ ᠡᠳᠦᠷ ᠦᠨ ᠦᠷ ᠢᠶᠡᠷ ᠮᠠᠭᠳᠠᠯ ᠤᠨ ᠮᠠᠷᠢᠶ᠎ᠠ ᠪᠣᠯᠣᠨ ᠨᠥᠭᠥᠭᠡ ᠮᠠᠷᠢᠶ᠎ᠠ ᠪᠤᠯᠠᠰᠢ ᠶᠢ ᠦᠵᠡᠬᠦ ᠪᠡᠷ ᠣᠴᠢᠪᠡ᠃ 2 ᠠᠩ᠋ᠬᠠᠷᠤᠭᠲᠤᠨ᠂ ᠭᠠᠵᠠᠷ ᠮᠠᠰᠢ ᠬᠦᠴᠦᠲᠡᠢ ᠬᠥᠳᠡᠯᠵᠡᠢ᠃ ᠤᠴᠢᠷ ᠨᠢ᠂ ᠡᠵᠡᠨ ᠦ ᠡᠯᠴᠢ ᠲᠩᠷᠢ ᠡᠴᠡ ᠪᠠᠭᠤᠵᠤ ᠢᠷᠡᠭᠡᠳ ᠨᠥᠭᠥᠭᠡ ᠴᠢᠯᠠᠭᠤ ᠶᠢ ᠥᠩᠬᠥᠷᠢᠭᠦᠯᠦᠨ ᠵᠠᠢᠯᠠᠭᠤᠯᠵᠤ ᠳᠡᠭᠡᠷ᠎ᠡ ᠨᠢ ᠰᠠᠭᠤᠵᠤ ᠪᠠᠢᠯ᠎ᠠ᠃ 3 ᠳᠦᠷᠢ ᠨᠢ ᠭᠢᠯᠪᠠᠭ᠎ᠠ ᠮᠡᠲᠦ᠂ ᠬᠤᠪᠴᠠᠰᠤ ᠨᠢ ᠴᠠᠰᠤ ᠴᠠᠭᠠᠨ ᠪᠠᠢᠪᠠ᠃ 4 ᠮᠠᠨᠠᠭᠠᠴᠢᠳ ᠲᠡᠭᠦᠨ ᠡᠴᠡ ᠠᠶᠤᠨ ᠴᠡᠴᠡᠷᠡᠵᠦ᠂ ᠦᠬᠦᠭᠰᠡᠨ ᠮᠡᠲᠦ ᠪᠣᠯᠵᠠᠢ᠃ 5 ᠲᠩᠷᠢ ᠡᠯᠴᠢ ᠡᠮᠡᠭᠲᠡᠢᠴᠦᠳ ᠲᠦ᠄ 《ᠲᠠ ᠨᠠᠷ ᠪᠦᠦ ᠠᠶᠤ᠂ ᠵᠠᠭᠠᠯᠮᠠᠢ ᠳᠤ ᠴᠣᠪᠳᠣᠯᠠᠭᠳᠠᠭᠰᠠᠨ ᠢᠰᠦ᠋ᠰ ᠢ ᠬᠠᠢᠵᠤ ᠪᠠᠢᠭ᠎ᠠ ᠶᠢ ᠴᠢᠨᠢ ᠪᠢ ᠮᠡᠳᠡᠨ᠎ᠡ᠃ 6 ᠲᠡᠷᠡ ᠡ᠊ᠨᠳᠡ ᠪᠠᠢᠬᠤ ᠦᠭᠡᠢ᠂ ᠬᠡᠯᠡᠭᠰᠡᠨ ᠶᠣᠰᠣᠭᠠᠷ ᠢᠶᠠᠨ ᠠᠮᠢᠯᠠᠭᠰᠠᠨ᠃ ᠨᠠᠰᠢ ᠢᠷ᠎ᠠ᠂ ᠲᠡᠭᠦᠨ ᠦ ᠬᠡᠪᠲᠡᠵᠦ ᠪᠠᠢᠭᠰᠠᠨ ᠭᠠᠵᠠᠷ ᠢ ᠦᠵᠡ᠃ 7 ᠲᠡᠭᠡᠭᠡᠳ ᠪᠤᠰᠢᠭᠤᠬᠠᠨ ᠶᠠᠪᠤᠵᠤ᠂ 〈ᠢᠰᠦ᠋ᠰ ᠦᠬᠦᠭᠰᠡᠳ ᠦᠨ ᠳᠤᠮᠳᠠ ᠠᠴᠠ ᠠᠮᠢᠯᠠᠭᠰᠠᠨ᠃ ᠲᠡᠷᠡ ᠯᠠᠪᠲᠠᠢ ᠲᠠ ᠨᠠᠷ ᠠᠴᠠ ᠤᠷᠢᠳᠠᠪᠠᠷ ᠭᠠᠯᠢᠯᠠᠶ᠎ᠠ ᠳᠤ ᠣᠴᠢᠨ᠎ᠠ᠃ ᠲᠠ ᠨᠠᠷ ᠲᠡᠭᠦᠨ ᠢ ᠲᠡᠨᠳᠡ ᠬᠠᠷᠠᠬᠤ ᠪᠣᠯᠣᠨ᠎ᠠ〉 ᠭᠡᠵᠦ ᠱᠠᠪᠢ ᠨᠠᠷ ᠲᠤᠨᠢ ᠬᠡᠯᠡᠭᠡᠷᠡᠢ᠃ ᠬᠠᠷᠠᠭᠲᠤᠨ᠂ ᠪᠢ ᠲᠠ ᠨᠠᠷ ᠲᠤ ᠬᠡᠯᠡᠪᠡ》 ᠭᠡᠪᠡ᠃ 8 ᠲᠡᠳᠡ ᠠᠢᠳᠠᠰ ᠲᠠᠢ᠂ ᠦᠯᠡᠮᠵᠢ ᠪᠠᠶᠠᠷ ᠲᠠᠢ ᠪᠠᠷ ᠪᠤᠯᠠᠰᠢᠨ ᠠᠴᠠ ᠪᠤᠰᠢᠭᠤᠬᠠᠨ ᠭᠠᠷᠴᠤ ᠱᠠᠪᠢ ᠨᠠᠷ ᠲᠤᠨᠢ ᠳᠤᠭᠤᠯᠭᠠᠬᠤ ᠪᠠᠷ ᠭᠦᠶᠦᠯᠳᠦᠪᠡ᠃ 9 ᠲᠡᠭᠡᠲᠡᠯ᠎ᠡ ᠢᠰᠦ᠋ᠰ ᠲᠡᠳᠡᠨ ᠲᠡᠢ ᠤᠴᠠᠷᠠᠵᠠᠢ᠃ ᠲᠡᠷᠡ᠄ 《ᠠᠮᠤᠷ︕》 ᠭᠡᠬᠦ ᠳᠦ᠂ ᠲᠡᠳᠡ ᠳᠥᠭᠥᠨ ᠣᠴᠢᠭᠠᠳ ᠬᠥᠯ ᠡᠴᠡ ᠨᠢ ᠵᠢᠭᠤᠷᠠᠵᠤ ᠲᠡᠭᠦᠨ ᠳᠦ ᠮᠥᠷᠭᠥᠯ᠎ᠡ᠃ 10 ᠲᠡᠭᠡᠬᠦ ᠳᠦ ᠢᠰᠦ᠋ᠰ ᠲᠡᠳᠡᠨ ᠳᠦ᠄ 《ᠪᠦᠦ ᠠᠶᠤ᠃ ᠮᠢᠨᠦ ᠠᠬ᠎ᠠ ᠳᠡᠭᠦᠦᠰ ᠲᠦ ᠣᠴᠢᠵᠤ ᠭᠠᠯᠢᠯᠠᠶ᠎ᠠ ᠤᠷᠤᠭᠤ ᠶᠠᠪᠤ ᠭᠡᠵᠦ ᠳᠤᠭᠤᠯᠭᠠᠭᠠᠷᠠᠢ᠃ ᠲᠡᠳᠡ ᠲᠡᠨᠳᠡ ᠨᠠᠮᠠᠶᠢ ᠬᠠᠷᠠᠬᠤ ᠪᠣᠯᠣᠨ᠎ᠠ》 ᠭᠡᠯᠡ᠃
11 ᠲᠡᠳᠡ ᠶᠠᠪᠤᠵᠤ ᠪᠠᠢᠬᠤ ᠳᠤ᠂ ᠬᠡᠳᠦᠨ ᠮᠠᠨᠠᠭᠠᠴᠢᠨ ᠴᠡᠷᠢᠭ ᠬᠣᠲᠠ ᠣᠷᠣᠵᠤ ᠪᠣᠯᠣᠭᠰᠠᠨ ᠪᠦᠬᠦᠨ ᠢ ᠠᠬᠠᠯᠠᠬᠤ ᠲᠠᠬᠢᠯᠴᠢᠳ ᠲᠤ ᠳᠤᠭᠤᠯᠭᠠᠯ᠎ᠠ᠃ 12 ᠠᠬᠠᠯᠠᠬᠤ ᠲᠠᠬᠢᠯᠴᠢᠳ ᠠᠬᠠᠯᠠᠭᠴᠢᠳ ᠲᠠᠢ ᠨᠡᠢᠯᠡᠵᠦ ᠵᠥᠪᠯᠡᠯᠳᠦᠭᠰᠡᠨ ᠦ ᠳᠠᠷᠠᠭ᠎ᠠ᠂ ᠴᠡᠷᠢᠭ ᠤᠳ ᠲᠤ ᠶᠡᠬᠡ ᠮᠥᠩᠭᠥ ᠥᠭᠴᠦ 13 《〈ᠰᠥᠨᠢ ᠪᠢᠳᠡ ᠤᠨᠲᠠᠵᠤ ᠪᠠᠢᠬᠤ ᠳᠤ᠂ ᠢᠰᠦ᠋ᠰ ᠤᠨ ᠱᠠᠪᠢ ᠨᠠᠷ ᠢᠷᠡᠭᠡᠳ ᠲᠡᠭᠦᠨ ᠢ ᠬᠤᠯᠠᠭᠠᠢᠯᠠᠴᠢᠬᠠᠭᠰᠠᠨ〉 ᠭᠡᠵᠦ ᠬᠡᠯᠡᠭᠡᠷᠡᠢ᠂ 14 ᠡᠨᠡ ᠶᠠᠪᠤᠳᠠᠯ ᠵᠠᠬᠢᠷᠤᠭᠴᠢ ᠶᠢᠨ ᠰᠣᠨᠣᠷ ᠲᠤ ᠬᠦᠷᠦᠭᠰᠡᠨ ᠴᠤ᠂ ᠪᠢᠳᠡ ᠲᠡᠭᠦᠨ ᠢ ᠢᠳᠬᠠᠵᠤ ᠲᠠ ᠨᠠᠷ ᠢ ᠠᠶᠤᠯ ᠠᠴᠠ ᠬᠠᠮᠠᠭᠠᠯᠠᠶ᠎ᠠ》 ᠭᠡᠵᠡᠢ᠃ 15 ᠲᠡᠳᠡ ᠮᠥᠩᠭᠥ ᠶᠢ ᠠᠪᠤᠭᠠᠳ ᠵᠢᠭᠠᠭᠰᠠᠨ ᠶᠣᠰᠣᠭᠠᠷ ᠨᠢ ᠭᠦᠢᠴᠡᠳᠬᠡᠪᠡ᠃ ᠡᠨᠡ ᠶᠠᠷᠢᠶ᠎ᠠ ᠥᠨᠥᠳᠥᠷ ᠬᠦᠷᠲᠡᠯ᠎ᠡ ᠶᠦᠳᠠᠢᠴᠤᠳ ᠤᠨ ᠳᠤᠮᠳᠠ ᠲᠠᠷᠬᠠᠵᠠᠢ᠃
ᠠᠭᠤᠤ ᠵᠠᠷᠯᠢᠭ
16 ᠠᠷᠪᠠᠨ ᠨᠢᠭᠡᠨ ᠱᠠᠪᠢ ᠨᠢ ᠭᠠᠯᠢᠯᠠᠶ᠎ᠠ ᠤᠷᠤᠭᠤ ᠶᠠᠪᠤᠵᠤ᠂ ᠢᠰᠦ᠋ᠰ ᠤᠨ ᠲᠣᠪᠯᠠᠭᠰᠠᠨ ᠠᠭᠤᠯᠠᠨ ᠳᠤ ᠬᠦᠷᠪᠡ᠃ 17 ᠲᠡᠳᠡ ᠢᠰᠦ᠋ᠰ ᠢ ᠦᠵᠡᠭᠡᠳ ᠲᠡᠭᠦᠨ ᠳᠦ ᠮᠥᠷᠭᠥᠯ᠎ᠡ᠃ ᠭᠡᠲᠡᠯ᠎ᠡ ᠵᠠᠷᠢᠮ ᠨᠢ ᠡᠷᠡᠭᠡᠯᠵᠡᠪᠡ᠃ 18 ᠢᠰᠦ᠋ᠰ ᠳᠥᠭᠥᠨ ᠢᠷᠡᠵᠦ᠂ ᠲᠡᠳᠡᠨ ᠳᠦ᠄ 《ᠲᠩᠷᠢ ᠪᠠ ᠭᠠᠵᠠᠷ ᠳᠠᠬᠢ ᠪᠦᠬᠦ ᠡᠷᠬᠡ ᠮᠡᠳᠡᠯ ᠨᠠᠳᠠ ᠳᠤ ᠰᠣᠶᠣᠷᠬᠠᠭᠳᠠᠭᠰᠠᠨ᠃ 19 ᠡᠢᠮᠦ ᠡᠴᠡ ᠲᠠ ᠨᠠᠷ ᠶᠠᠪᠤ᠂ ᠬᠠᠮᠤᠭ ᠦᠨᠳᠦᠰᠦᠲᠡᠨ ᠢ ᠱᠠᠪᠢ ᠪᠣᠯᠭᠠᠭᠲᠤᠨ᠂ ᠲᠡᠳᠡᠨ ᠳᠦ ᠡᠴᠢᠭᠡ᠂ ᠬᠦᠦ᠂ ᠠᠷᠢᠭᠤᠨ ᠰᠦᠨᠡᠰᠦᠨ ᠦ ᠨᠡᠷ᠎ᠡ ᠪᠡᠷ 43 ᠤᠬᠢᠶᠠᠯ 44 ᠬᠦᠷᠲᠡᠭᠡ᠂ 20 ᠲᠠ ᠨᠠᠷ ᠲᠤ ᠵᠠᠷᠯᠢᠭᠳᠠᠭᠰᠠᠨ ᠪᠦᠬᠦᠨ ᠢ ᠮᠢᠨᠢ ᠪᠡᠶᠡᠯᠡᠭᠦᠯᠬᠦ ᠶᠢ ᠲᠡᠳᠡᠨ ᠳᠦ ᠵᠢᠭ᠎ᠠ᠃ ᠠᠩ᠋ᠬᠠᠷᠤᠭᠲᠤᠨ᠂ ᠦᠶ᠎ᠡ ᠶᠢᠨ ᠲᠡᠭᠦᠰᠬᠡᠯ ᠬᠦᠷᠲᠡᠯ᠎ᠡ ᠪᠢ ᠲᠠ ᠨᠠᠷ ᠲᠠᠢ ᠦᠷᠭᠦᠯᠵᠢ ᠬᠠᠮᠲᠤ ᠪᠠᠢᠬᠤ ᠪᠣᠯᠣᠨ᠎ᠠ》 ᠭᠡᠪᠡ᠃