ᠮᠠᠲ᠋ᠠᠢ ᠲᠠᠪᠤ
ᠠᠭᠤᠯᠠᠨ ᠳᠡᠭᠡᠷᠡᠬᠢ ᠨᠣᠮᠯᠠᠯ — ᠨᠠᠢ᠌ᠮᠠᠨ ᠪᠤᠶᠠᠨ
1 ᠢᠰᠦ᠋ᠰ ᠣᠯᠠᠨ ᠬᠥᠮᠦᠨ ᠢ ᠬᠠᠷᠠᠭᠠᠳ ᠠᠭᠤᠯᠠᠨ ᠳᠤ ᠭᠠᠷᠴᠤ ᠰᠠᠭᠤᠭᠰᠠᠨ ᠳᠤ᠂ ᠱᠠᠪᠢ ᠨᠠᠷ ᠨᠢ ᠲᠡᠭᠦᠨ ᠦ ᠳᠡᠷᠭᠡᠳᠡ ᠳᠥᠭᠥᠵᠦ ᠢᠷᠡᠯ᠎ᠡ᠃ 2 ᠲᠡᠷᠡ ᠠᠮᠠ ᠨᠡᠭᠡᠭᠡᠨ ᠲᠡᠳᠡᠨ ᠳᠦ ᠰᠤᠷᠭᠠᠵᠤ ᠡᠬᠢᠯᠡᠪᠡ᠄
3 《ᠰᠦᠨᠡᠰᠦ ᠶᠠᠳᠠᠭᠤ ᠨᠢ ᠪᠤᠶᠠᠨ ᠲᠠᠢ ᠲᠩᠷᠢ ᠶᠢᠨ ᠬᠠᠭᠠᠨᠴᠢᠯᠠᠯ ᠲᠡᠳᠡᠨ ᠦ ᠬᠢ᠃
4 ᠭᠠᠰᠢᠭᠤᠳᠠᠭᠴᠢ ᠨᠢ ᠪᠤᠶᠠᠨ ᠲᠠᠢ ᠲᠡᠳᠡ ᠲᠠᠢᠳᠬᠤᠷᠠᠯ ᠢ ᠣᠯᠣᠨ᠎ᠠ᠃
5 ᠳᠥᠯᠭᠡᠨ ᠳᠠᠷᠤᠤ ᠨᠢ ᠪᠤᠶᠠᠨ ᠲᠠᠢ ᠲᠡᠳᠡ ᠭᠠᠵᠠᠷ ᠢ ᠥᠪᠯᠡᠨᠡ᠃
6 ᠵᠥᠪ ᠦᠨ ᠥᠯᠥᠰᠬᠥᠯᠡᠩ ᠪᠠ ᠴᠠᠩ᠋ᠭᠠᠭ᠎ᠠ ᠲᠠᠢ ᠨᠢ ᠪᠤᠶᠠᠨ ᠲᠠᠢ ᠲᠡᠳᠡ ᠬᠠᠩ᠋ᠭᠠᠭᠳᠠᠨ᠎ᠠ᠃
7 ᠡᠨᠡᠷᠢᠭ᠍ᠴᠢ ᠨᠢ ᠪᠤᠶᠠᠨ ᠲᠠᠢ ᠲᠡᠳᠡ ᠡᠨᠡᠷᠢᠭᠦᠯᠦᠨᠡ᠃
8 ᠴᠡᠪᠡᠷ ᠵᠢᠷᠦᠬᠡᠲᠡᠨ ᠨᠢ ᠪᠤᠶᠠᠨ ᠲᠠᠢ ᠲᠡᠳᠡ ᠪᠤᠷᠬᠠᠨ ᠢ ᠦᠵᠡᠨ᠎ᠡ᠃
9 ᠡᠩᠬᠡ ᠪᠣᠯᠭᠠᠭᠴᠢ ᠨᠢ ᠪᠤᠶᠠᠨ ᠲᠠᠢ ᠲᠡᠳᠡ ᠪᠤᠷᠬᠠᠨ ᠤ ᠬᠡᠦᠬᠡᠳ ᠤᠳ ᠭᠡᠭᠳᠡᠨ᠎ᠡ᠃
10 ᠵᠥᠪ ᠦᠨ ᠲᠥᠯᠥᠭᠡ ᠬᠠᠪᠴᠢᠭᠳᠠᠭᠴᠢ ᠨᠢ ᠪᠤᠶᠠᠨ ᠲᠠᠢ ᠲᠩᠷᠢ ᠶᠢᠨ ᠬᠠᠭᠠᠨᠴᠢᠯᠠᠯ ᠲᠡᠳᠡᠨ ᠦ ᠬᠢ᠃
11 ᠨᠠᠳᠠ ᠠᠴᠠ ᠪᠣᠯᠵᠤ ᠲᠠ ᠨᠠᠷ ᠢ ᠬᠠᠷᠢᠶᠠᠨ ᠬᠠᠪᠴᠢᠵᠤ ᠶᠠᠩᠵᠤ ᠪᠦᠷᠢ ᠶᠢᠨ ᠮᠠᠭᠤ ᠶᠢ ᠲᠠ ᠨᠠᠷ ᠤᠨ ᠡᠰᠡᠷᠭᠦ ᠬᠤᠳᠠᠯ ᠢᠶᠠᠷ ᠥᠭᠦᠯᠡᠪᠡᠯ᠂ ᠲᠠ ᠨᠠᠷ ᠪᠤᠶᠠᠨ ᠲᠠᠢ ᠶᠤᠮ︕ 12 ᠪᠠᠶᠠᠰᠤᠨ ᠴᠡᠩᠭᠡᠯᠳᠦᠵᠡᠭᠡ᠂ ᠲᠩᠷᠢ ᠳᠠᠬᠢ ᠱᠠᠩᠨᠠᠯ ᠴᠢᠨᠢ ᠶᠡᠬᠡ ᠶᠤᠮ᠃ ᠲᠠ ᠨᠠᠷ ᠠᠴᠠ ᠡᠮᠦᠨᠡᠬᠢ ᠡᠰᠢ ᠦᠵᠡᠭᠦᠯᠦᠭᠴᠢᠳ ᠴᠤ ᠲᠡᠢᠨ ᠬᠦ ᠬᠠᠪᠴᠢᠭᠳᠠᠭᠰᠠᠨ ᠶᠤᠮ᠃
ᠱᠠᠪᠢ ᠨᠠᠷ ᠪᠠ ᠶᠢᠷᠲᠢᠨᠴᠦ
13 ᠲᠠ ᠨᠠᠷ ᠪᠣᠯ ᠭᠠᠵᠠᠷ ᠤᠨ ᠳᠠᠪᠤᠰᠤ᠃ ᠭᠡᠪᠡᠴᠦ ᠳᠠᠪᠤᠰᠤ ᠠᠮᠲᠠ ᠪᠠᠨ ᠠᠯᠳᠠᠪᠠᠯ᠂ ᠳᠠᠬᠢᠨ ᠶᠠᠭᠤ ᠪᠠᠷ ᠳᠠᠪᠤᠰᠤᠯᠢᠭ ᠪᠣᠯᠭᠠᠬᠤ ᠪᠢᠯᠡ︖ ᠲᠡᠭᠡᠪᠡᠯ ᠶᠠᠭᠤᠨ ᠳᠤ ᠴᠤ ᠬᠡᠷᠡᠭ ᠦᠭᠡᠢ ᠪᠣᠯᠵᠤ ᠭᠠᠳᠠᠨ᠎ᠠ ᠬᠠᠶᠠᠭᠳᠠᠨ ᠬᠥᠮᠦᠰ ᠲᠦ ᠭᠢᠰᠬᠢᠭᠳᠡᠬᠦ ᠯᠠ ᠪᠣᠯᠣᠨ᠎ᠠ᠃
14 ᠲᠠ ᠨᠠᠷ ᠪᠣᠯ ᠶᠢᠷᠲᠢᠨᠴᠦ ᠶᠢᠨ ᠭᠡᠷᠡᠯ᠃ ᠠᠭᠤᠯᠠᠨ ᠳᠡᠭᠡᠷᠡᠬᠢ ᠬᠣᠲᠠ ᠨᠢᠭᠤᠭᠳᠠᠵᠤ ᠴᠢᠳᠠᠬᠤ ᠦᠭᠡᠢ᠃ 15 ᠬᠡᠨ ᠴᠤ ᠳ᠋ᠧᠩ ᠢ ᠠᠰᠠᠭᠠᠭᠠᠳ ᠰᠠᠪᠠ ᠶᠢᠨ ᠳᠣᠣᠷ᠎ᠠ ᠲᠠᠯᠪᠢᠳᠠᠭ ᠦᠭᠡᠢ᠂ ᠬᠠᠷᠢᠨ ᠲᠠᠯᠪᠢᠭᠤᠷ ᠳᠡᠭᠡᠷ᠎ᠡ ᠲᠠᠯᠪᠢᠳᠠᠭ᠂ ᠢᠩᠭᠢᠪᠡᠯ ᠭᠡᠷ ᠳᠣᠲᠣᠷᠠᠬᠢ ᠪᠦᠬᠦᠨ ᠢ ᠭᠡᠷᠡᠯᠲᠦᠭᠦᠯᠦᠨ᠎ᠡ᠃ 16 ᠲᠠ ᠨᠠᠷ ᠤᠨ ᠭᠡᠷᠡᠯ ᠴᠤ ᠡᠭᠦᠨᠴᠢᠯᠡᠨ ᠬᠥᠮᠦᠰ ᠦᠨ ᠡᠮᠦᠨ᠎ᠡ ᠭᠡᠷᠡᠯᠲᠦᠬᠦ ᠪᠣᠯᠲᠦᠭᠠᠢ᠃ ᠡᠢᠨ ᠬᠦ ᠲᠡᠳᠡ ᠲᠠ ᠨᠠᠷ ᠤᠨ ᠰᠠᠢᠨ ᠦᠢᠯᠡᠰ ᠢ ᠬᠠᠷᠠᠭᠠᠳ ᠲᠩᠷᠢ ᠳᠠᠬᠢ ᠡᠴᠢᠭᠡ ᠶᠢ ᠴᠢᠨᠢ ᠠᠯᠳᠠᠷᠰᠢᠭᠤᠯᠬᠤ ᠪᠣᠯᠣᠨ᠎ᠠ᠃
17 ᠨᠠᠮᠠᠶᠢ ᠬᠠᠤᠯᠢ ᠪᠤᠶᠤ ᠡᠰᠢ ᠦᠵᠡᠭᠦᠯᠦᠭᠴᠢᠳ ᠢ ᠬᠦᠴᠦᠨ ᠦᠭᠡᠢ ᠪᠣᠯᠭᠠᠬᠤ ᠪᠠᠷ ᠢᠷᠡᠭᠰᠡᠨ ᠭᠡᠵᠦ ᠪᠦᠦ ᠪᠣᠳᠣ᠃ ᠬᠦᠴᠦᠨ ᠦᠭᠡᠢ ᠪᠣᠯᠭᠠᠬᠤ ᠪᠠᠷ ᠪᠢᠰᠢ᠂ ᠬᠠᠷᠢᠨ ᠪᠡᠶᠡᠯᠡᠭᠦᠯᠬᠦ ᠪᠡᠷ ᠢᠷᠡᠭᠰᠡᠨ᠃ 18 ᠲᠠ ᠨᠠᠷ ᠲᠤ ᠪᠠᠲᠤᠲᠠᠢ ᠬᠡᠯᠡᠶ᠎ᠡ᠂ ᠲᠩᠷᠢ ᠭᠠᠵᠠᠷ ᠠᠯᠠᠭ᠎ᠠ ᠪᠣᠯᠣᠭᠰᠠᠨ ᠴᠤ ᠬᠠᠤᠯᠢ ᠶᠢᠨ ᠭᠠᠭᠴᠠ ᠵᠢᠷᠤᠭᠠᠰᠤ᠂ ᠭᠠᠭᠴᠠ ᠴᠡᠭ ᠴᠤ ᠯᠠᠪ ᠠᠯᠠᠭ᠎ᠠ ᠪᠣᠯᠬᠤ ᠦᠭᠡᠢ᠂ ᠴᠥᠮ ᠢᠶᠡᠷ ᠢᠶᠠᠨ ᠪᠡᠶᠡᠯᠡᠭᠳᠡᠨ᠎ᠡ᠃ 19 ᠬᠡᠨ ᠴᠤ ᠪᠣᠯᠣᠭ᠂ ᠡᠳᠡᠭᠡᠷ ᠵᠠᠷᠯᠢᠭ ᠤᠨ ᠬᠠᠮᠤᠭ ᠤᠨ ᠥᠴᠦᠬᠡᠨ ᠢ ᠨᠢ ᠴᠤ ᠰᠤᠯᠠᠷᠠᠭᠤᠯᠵᠤ ᠬᠥᠮᠦᠰ ᠢ ᠲᠡᠷᠡ ᠮᠡᠲᠦ ᠪᠡᠷ ᠰᠤᠷᠭᠠᠪᠠᠯ ᠲᠩᠷᠢ ᠶᠢᠨ ᠬᠠᠭᠠᠨᠴᠢᠯᠠᠯ ᠳᠤ ᠬᠠᠮᠤᠭ ᠤᠨ ᠥᠴᠦᠬᠡᠨ ᠭᠡᠭᠳᠡᠬᠦ ᠪᠣᠯᠣᠨ᠎ᠠ᠃ ᠬᠠᠷᠢᠨ ᠬᠡᠨ ᠴᠤ ᠪᠣᠯᠣᠭ᠂ ᠲᠡᠳᠡᠭᠡᠷ ᠢ ᠪᠡᠶᠡᠯᠡᠭᠦᠯᠦᠨ᠂ ᠰᠤᠷᠭᠠᠪᠠᠯ ᠲᠩᠷᠢ ᠶᠢᠨ ᠬᠠᠭᠠᠨᠴᠢᠯᠠᠯ ᠳᠤ ᠠᠭᠤᠤ ᠭᠡᠭᠳᠡᠨ᠎ᠡ᠃ 20 ᠲᠠ ᠨᠠᠷ ᠲᠤ ᠬᠡᠯᠡᠶ᠎ᠡ᠂ ᠵᠥᠪ ᠴᠢᠨᠢ ᠪᠢᠴᠢᠭᠲᠡᠳ ᠪᠠ ᠹᠠᠷᠢᠰᠠᠢᠴᠤᠳ ᠤᠨ ᠵᠥᠪ ᠡᠴᠡ ᠢᠯᠡᠭᠦᠦ ᠪᠢᠰᠢ ᠪᠣᠯ ᠲᠠ ᠨᠠᠷ ᠲᠩᠷᠢ ᠶᠢᠨ ᠬᠠᠭᠠᠨᠴᠢᠯᠠᠯ ᠳᠤ ᠶᠡᠷᠦ ᠡᠴᠡ ᠣᠷᠣᠵᠤ ᠴᠢᠳᠠᠬᠤ ᠦᠭᠡᠢ᠃
ᠬᠥᠮᠦᠰ ᠦᠨ ᠬᠣᠭᠣᠷᠣᠨᠳᠣᠬᠢ ᠬᠠᠷᠢᠯᠴᠠᠭ᠎ᠠ
21 ᠡᠷᠲᠡᠨ ᠦ ᠬᠥᠮᠦᠰ ᠲᠦ᠄ 〈ᠬᠥᠮᠦᠨ ᠪᠦᠦ ᠠᠯᠠ᠂ ᠬᠥᠮᠦᠨ ᠠᠯᠠᠭᠴᠢ ᠪᠣᠯᠭᠠᠨ ᠶᠠᠯ᠎ᠠ ᠬᠦᠯᠢᠶᠡᠬᠦ ᠤᠴᠢᠷ ᠲᠠᠢ〉 ᠭᠡᠵᠦ ᠬᠡᠯᠡᠭᠰᠡᠨ ᠢ ᠲᠠ ᠨᠠᠷ ᠰᠣᠨᠣᠰᠣᠭᠰᠠᠨ᠃ 22 ᠬᠠᠷᠢᠨ ᠪᠢ ᠲᠠ ᠨᠠᠷ ᠲᠤ ᠬᠡᠯᠡᠶ᠎ᠡ᠂ ᠠᠬ᠎ᠠ ᠳᠡᠭᠦᠦ ᠳᠡᠭᠡᠨ ᠠᠭᠤᠷᠯᠠᠭᠴᠢ ᠪᠦᠬᠦᠨ ᠶᠠᠯ᠎ᠠ ᠬᠦᠯᠢᠶᠡᠵᠦ᠂ ᠠᠬ᠎ᠠ ᠳᠡᠭᠦᠦ ᠪᠡᠨ 〈ᠬᠡᠷᠡᠭ ᠦᠭᠡᠢ ᠲᠣᠯᠣᠭᠠᠢ︕〉 7 ᠭᠡᠵᠦ ᠬᠡᠯᠡᠭᠴᠢ ᠨᠢ ᠰᠢᠭᠦᠬᠦ ᠵᠥᠪᠯᠡᠯ ᠳᠦ ᠰᠢᠭᠦᠭᠳᠡᠬᠦ ᠪᠥᠭᠡᠳ 〈ᠮᠤᠩ᠋ᠬᠠᠭ︕〉 ᠭᠡᠵᠦ ᠬᠡᠯᠡᠭᠴᠢ ᠨᠢ ᠲᠠᠮᠤ ᠶᠢᠨ ᠭᠠᠯ ᠳᠤ ᠣᠷᠣᠬᠤ ᠤᠴᠢᠷ ᠲᠠᠢ᠃ 23 ᠲᠡᠢᠮᠦ ᠡᠴᠡ ᠴᠢ ᠲᠠᠬᠢᠯ ᠤᠨ ᠲᠠᠪᠴᠠᠩ ᠳᠤ ᠡᠷᠭᠦᠯ ᠢᠶᠡᠨ ᠡᠷᠭᠦᠬᠦ ᠳᠡᠭᠡᠨ᠂ ᠠᠬ᠎ᠠ ᠳᠡᠭᠦᠦ ᠴᠢᠨᠢ ᠴᠢᠮ᠎ᠠ ᠳᠤ ᠭᠣᠮᠣᠳᠠᠯ ᠲᠠᠢ ᠶᠢ ᠲᠡᠨᠳᠡ ᠰᠠᠨᠠᠵᠤ ᠣᠯᠪᠠᠯ᠂ 24 ᠡᠷᠭᠦᠯ ᠢᠶᠡᠨ ᠲᠠᠬᠢᠯ ᠤᠨ ᠲᠠᠪᠴᠠᠩ ᠤᠨ ᠡᠮᠦᠨ᠎ᠡ ᠲᠠᠯᠪᠢᠭᠠᠳ ᠤᠷᠢᠳᠠᠪᠠᠷ ᠶᠠᠪᠤᠵᠤ ᠠᠬ᠎ᠠ ᠳᠡᠭᠦᠦ ᠲᠠᠢ ᠪᠠᠨ ᠡᠪᠯᠡᠷᠡ᠂ ᠲᠡᠭᠡᠭᠰᠡᠨ ᠦ ᠬᠣᠢᠨ᠎ᠠ ᠢᠷᠡᠵᠦ ᠡᠷᠭᠦᠯ ᠢᠶᠡᠨ ᠡᠷᠭᠦ᠃ 25 ᠵᠠᠭᠠᠯᠳᠤᠭᠴᠢ ᠲᠠᠢ ᠪᠠᠨ ᠵᠠᠮ ᠳᠤ ᠬᠠᠮᠲᠤ ᠶᠠᠪᠤᠭ᠎ᠠ ᠳᠡᠭᠡᠷ᠎ᠡ ᠪᠡᠨ ᠪᠤᠰᠢᠭᠤᠬᠠᠨ ᠡᠶᠡᠳᠡ᠂ ᠡᠰᠡ ᠲᠡᠭᠡᠪᠡᠯ ᠵᠠᠭᠠᠯᠳᠤᠭᠴᠢ ᠴᠢᠨᠢ ᠴᠢᠮᠠᠶᠢ ᠰᠢᠭᠦᠭᠴᠢ ᠳᠤ ᠲᠤᠰᠢᠶᠠᠵᠤ᠂ ᠰᠢᠭᠦᠭᠴᠢ ᠬᠤᠶᠠᠭ ᠲᠠᠭᠠᠨ ᠰᠢᠯᠵᠢᠭᠦᠯᠦᠭᠡᠳ ᠱᠣᠷᠣᠩ ᠳᠤ ᠬᠠᠶᠠᠬᠤ ᠪᠣᠯᠣᠭᠤᠵᠠᠢ᠃ 26 ᠴᠢᠮ᠎ᠠ ᠳᠤ ᠪᠠᠲᠤᠲᠠᠢ ᠬᠡᠯᠡᠶ᠎ᠡ᠂ ᠴᠢ ᠡᠴᠦᠰ ᠦᠨ ᠨᠢᠭᠡ ᠮᠥᠩᠭᠥ ᠬᠦᠷᠲᠡᠯ᠎ᠡ ᠭᠦᠢᠴᠡᠳ ᠲᠥᠯᠥᠬᠦ ᠡᠴᠡ ᠨᠠᠰᠢ ᠲᠡᠨᠳᠡ ᠡᠴᠡ ᠯᠠᠪ ᠭᠠᠷᠴᠤ ᠴᠢᠳᠠᠬᠤ ᠦᠭᠡᠢ᠃
27 〈ᠪᠦᠦ ᠵᠠᠪᠬᠠᠢᠷᠠ〉 ᠭᠡᠰᠡᠨ ᠢ ᠲᠠ ᠨᠠᠷ ᠰᠣᠨᠣᠰᠣᠭᠰᠠᠨ᠃ 28 ᠬᠠᠷᠢᠨ ᠪᠢ ᠲᠠ ᠨᠠᠷ ᠲᠤ ᠬᠡᠯᠡᠶ᠎ᠡ᠂ ᠡᠮᠡᠭᠲᠡᠢ ᠬᠥᠮᠦᠨ ᠢ ᠲᠠᠴᠢᠶᠠᠨ ᠬᠠᠷᠠᠭᠴᠢ ᠪᠦᠬᠦᠨ ᠰᠡᠳᠬᠢᠯ ᠳᠡᠭᠡᠨ ᠲᠡᠭᠦᠨ ᠲᠡᠢ ᠵᠠᠪᠬᠠᠢᠷᠠᠴᠢᠬᠠᠭᠰᠠᠨ ᠬᠡᠷᠡᠭ᠃ 29 ᠪᠠᠷᠠᠭᠤᠨ ᠨᠢᠳᠦ ᠴᠢᠨᠢ ᠴᠢᠮᠠᠶᠢ ᠨᠢᠭᠦᠯ ᠦᠢᠯᠡᠳᠦᠭᠦᠯᠪᠡᠯ ᠤᠬᠤᠵᠤ ᠬᠠᠶᠠ᠂ ᠪᠦᠲᠦᠨ ᠪᠡᠶ᠎ᠡ ᠴᠢᠨᠢ ᠲᠠᠮᠤ ᠳᠤ ᠬᠠᠶᠠᠭᠳᠠᠬᠤ ᠠᠴᠠ ᠨᠢᠭᠡ ᠡᠷᠬᠡᠲᠡᠨ ᠢᠶᠡᠨ ᠠᠯᠳᠠᠬᠤ ᠨᠢ ᠲᠤᠰᠠᠲᠠᠢ᠃ 30 ᠪᠠᠷᠠᠭᠤᠨ ᠭᠠᠷ ᠴᠢᠨᠢ ᠴᠢᠮᠠᠶᠢ ᠨᠢᠭᠦᠯ ᠦᠢᠯᠡᠳᠦᠭᠦᠯᠪᠡᠯ ᠲᠠᠰᠤᠳᠠᠵᠤ ᠬᠠᠶᠠ᠂ ᠪᠦᠲᠦᠨ ᠪᠡᠶ᠎ᠡ ᠴᠢᠨᠢ ᠲᠠᠮᠤ ᠳᠤ ᠤᠨᠠᠬᠤ ᠠᠴᠠ ᠨᠢᠭᠡ ᠡᠷᠬᠡᠲᠡᠨ ᠢᠶᠡᠨ ᠠᠯᠳᠠᠬᠤ ᠨᠢ ᠲᠤᠰᠠᠲᠠᠢ᠃
31 〈ᠡᠬᠡᠨᠡᠷ ᠡᠴᠡ ᠪᠡᠨ ᠰᠠᠯᠤᠭᠴᠢ ᠨᠢ ᠲᠡᠭᠦᠨ ᠳᠡᠭᠡᠨ ᠰᠠᠯᠤᠯᠲᠠ ᠶᠢᠨ ᠭᠡᠷᠡᠴᠢ ᠥᠭᠬᠦ ᠤᠴᠢᠷᠲᠠᠢ〉 ᠭᠡᠵᠦ ᠬᠡᠯᠡᠭᠰᠡᠨ ᠪᠠᠢᠳᠠᠭ᠃ 32 ᠬᠠᠷᠢᠨ ᠪᠢ ᠲᠠ ᠨᠠᠷ ᠲᠤ ᠬᠡᠯᠡᠶ᠎ᠡ᠂ ᠰᠠᠳᠤᠷ ᠰᠠᠮᠠᠭᠤᠨ ᠠᠴᠠ ᠥᠭᠡᠷ᠎ᠡ ᠰᠢᠯᠲᠠᠭᠠᠨ ᠢᠶᠠᠷ ᠡᠬᠡᠨᠡᠷ ᠡᠴᠡ ᠪᠡᠨ ᠰᠠᠯᠤᠭᠴᠢ ᠪᠣᠯᠭᠠᠨ ᠡᠬᠡᠨᠡᠷ ᠢᠶᠡᠨ ᠵᠠᠪᠬᠠᠢᠷᠠᠭᠤᠯᠵᠤ ᠪᠠᠢᠭ᠎ᠠ ᠪᠥᠭᠡᠳ ᠬᠡᠨ ᠰᠠᠯᠤᠭᠰᠠᠨ ᠡᠮᠡᠭᠲᠡᠢ ᠲᠡᠢ ᠭᠡᠷᠯᠡᠪᠡᠯ ᠮᠥᠨ ᠵᠠᠪᠬᠠᠢᠷᠠᠵᠤ ᠪᠠᠢᠭ᠎ᠠ ᠬᠡᠷᠡᠭ ᠶᠤᠮ᠃
33 ᠡᠷᠲᠡᠨ ᠦ ᠬᠥᠮᠦᠰ ᠲᠦ᠄ 〈ᠬᠠᠭᠤᠷᠮᠠᠴᠢ ᠪᠠᠷ ᠪᠦᠦ ᠲᠠᠩ᠋ᠭᠠᠷᠢᠭᠯᠠ᠂ ᠬᠠᠷᠢᠨ ᠡᠵᠡᠨ ᠳᠦ ᠲᠠᠩ᠋ᠭᠠᠷᠢᠭᠯᠠᠭᠰᠠᠨ ᠢᠶᠠᠨ ᠭᠦᠢᠴᠡᠳᠬᠡ〉 ᠭᠡᠵᠦ ᠬᠡᠯᠡᠭᠰᠡᠨ ᠢ ᠲᠠ ᠨᠠᠷ ᠮᠥᠨ ᠰᠣᠨᠣᠰᠣᠭᠰᠠᠨ᠃ 34 ᠬᠠᠷᠢᠨ ᠪᠢ ᠲᠠ ᠨᠠᠷ ᠲᠤ ᠬᠡᠯᠡᠶ᠎ᠡ᠂ ᠣᠭᠲᠣᠬᠠᠨ ᠴᠤ ᠪᠦᠦ ᠲᠠᠩ᠋ᠭᠠᠷᠢᠭᠯᠠ︕ ᠲᠩᠷᠢ ᠪᠠᠷ ᠴᠤ ᠪᠦᠦ ᠲᠠᠩ᠋ᠭᠠᠷᠢᠭᠯᠠ᠂ ᠲᠩᠷᠢ ᠪᠣᠯ ᠪᠤᠷᠬᠠᠨ ᠤ ᠰᠡᠨᠲᠢ ᠶᠤᠮ᠃ 35 ᠭᠠᠵᠠᠷ ᠢᠶᠠᠷ ᠴᠤ ᠪᠦᠦ ᠲᠠᠩ᠋ᠭᠠᠷᠢᠭᠯᠠ᠂ ᠭᠠᠵᠠᠷ ᠪᠣᠯ ᠪᠤᠷᠬᠠᠨ ᠤ ᠬᠥᠯ ᠦᠨ ᠭᠢᠰᠬᠢᠭᠦᠷ ᠶᠤᠮ᠃ ᠶᠧᠷᠦ᠋ᠰᠠᠯᠧᠮ ᠢᠶᠠᠷ ᠪᠦᠦ ᠲᠠᠩ᠋ᠭᠠᠷᠢᠭᠯᠠ᠂ ᠲᠡᠷᠡ ᠪᠣᠯ ᠶᠡᠬᠡ ᠬᠠᠭᠠᠨ ᠤ ᠬᠣᠲᠠ ᠶᠤᠮ᠃ 36 ᠲᠣᠯᠣᠭᠠᠢ ᠪᠠᠷ ᠢᠶᠠᠨ ᠴᠤ ᠪᠦᠦ ᠲᠠᠩ᠋ᠭᠠᠷᠢᠭᠯᠠ᠃ ᠴᠢ ᠰᠢᠷᠬᠡᠭ ᠦᠰᠦ ᠪᠡᠨ ᠴᠤ ᠴᠠᠭᠠᠨ ᠪᠤᠶᠤ ᠬᠠᠷ᠎ᠠ ᠪᠣᠯᠭᠠᠵᠤ ᠦᠯᠦ ᠴᠢᠳᠠᠨ᠎ᠠ᠃ 37 ᠲᠠ ᠨᠠᠷ ᠵᠥᠪᠬᠡᠨ 〈ᠲᠡᠢᠮᠦ᠂ ᠲᠡᠢᠮᠦ〉᠂ ᠡᠰᠡᠪᠡᠯ 〈ᠦᠭᠡᠢ᠂ ᠦᠭᠡᠢ〉 ᠭᠡᠵᠦ ᠬᠡᠯᠡᠭᠡᠷᠡᠢ᠂ ᠡᠳᠡᠭᠡᠷ ᠡᠴᠡ ᠴᠠᠭᠠᠰᠢᠬᠢ ᠨᠢ ᠮᠠᠭᠤ ᠠᠴᠠ ᠡᠭᠦᠰᠳᠡᠭ ᠶᠤᠮ᠃
38 ᠲᠠ ᠨᠠᠷ 〈ᠨᠢᠳᠦ ᠶᠢ ᠨᠢᠳᠦ ᠪᠡᠷ᠂ ᠰᠢᠳᠦ ᠶᠢ ᠰᠢᠳᠦ ᠪᠡᠷ〉 ᠭᠡᠵᠦ ᠬᠡᠯᠡᠭᠰᠡᠨ ᠢ ᠰᠣᠨᠣᠰᠣᠭᠰᠠᠨ᠃ 39 ᠬᠠᠷᠢᠨ ᠪᠢ ᠲᠠ ᠨᠠᠷ ᠲᠤ ᠬᠡᠯᠡᠶ᠎ᠡ᠂ ᠮᠠᠭᠤ ᠬᠥᠮᠦᠨ ᠢ ᠪᠦᠦ ᠡᠰᠡᠷᠭᠦᠴᠡ︕ ᠬᠡᠨ ᠨᠢᠭᠡᠨ ᠨᠢ ᠪᠠᠷᠠᠭᠤᠨ ᠬᠠᠴᠠᠷ ᠢ ᠴᠢᠨᠢ ᠠᠯᠠᠭᠠᠳᠠᠪᠠᠯ᠂ ᠲᠡᠭᠦᠨ ᠳᠦ ᠨᠥᠭᠥᠭᠡ ᠬᠠᠴᠠᠷ ᠢᠶᠠᠨ ᠴᠤ ᠥᠭ᠃ 40 ᠴᠢᠮᠠᠶᠢ ᠵᠠᠭᠠᠯᠳᠤᠨ ᠳᠣᠲᠣᠭᠤᠷ ᠴᠠᠮᠴᠠ ᠶᠢ ᠴᠢᠨᠢ ᠠᠪᠤᠶ᠎ᠠ ᠭᠡᠵᠦ ᠪᠠᠢᠭ᠎ᠠ ᠬᠥᠮᠦᠨ ᠳᠦ ᠭᠠᠳᠠᠭᠤᠷ ᠬᠤᠪᠴᠠᠰᠤ ᠪᠠᠨ ᠴᠤ ᠥᠭ᠃ 41 ᠬᠡᠨ ᠨᠢᠭᠡᠨ ᠨᠢ ᠴᠢᠮᠠᠶᠢ ᠨᠢᠭᠡ ᠪᠡᠷ᠎ᠡ ᠶᠢᠨ ᠭᠠᠵᠠᠷ ᠶᠠᠪᠤᠭᠤᠯᠬᠤ ᠪᠠᠷ ᠠᠯᠪᠠᠳᠠᠪᠠᠯ ᠲᠡᠭᠦᠨ ᠲᠡᠢ ᠬᠣᠶᠠᠷ ᠪᠡᠷ᠎ᠡ ᠶᠢᠨ ᠭᠠᠵᠠᠷ ᠬᠠᠮᠲᠤ ᠶᠠᠪᠤ᠃ 42 ᠴᠢᠮ᠎ᠠ ᠠᠴᠠ ᠭᠤᠶᠤᠭᠰᠠᠨ ᠪᠣᠯᠭᠠᠨ ᠳᠤ ᠥᠭ᠂ ᠴᠢᠮ᠎ᠠ ᠠᠴᠠ ᠵᠢᠭᠡᠯᠡᠶ᠎ᠡ ᠭᠡᠰᠡᠨ ᠬᠥᠮᠦᠨ ᠡᠴᠡ ᠪᠦᠦ ᠵᠠᠢᠯᠠ᠃
43 ᠲᠠ ᠨᠠᠷ 〈ᠬᠥᠷᠰᠢ ᠪᠠᠨ ᠬᠠᠢᠷᠠᠯᠠ᠂ ᠳᠠᠢᠰᠤᠨ ᠢᠶᠠᠨ ᠵᠠᠨᠤ〉 ᠭᠡᠰᠡᠨ ᠢ ᠰᠣᠨᠣᠰᠣᠭᠰᠠᠨ᠃ 44 ᠬᠠᠷᠢᠨ ᠪᠢ ᠲᠠ ᠨᠠᠷ ᠲᠤ ᠬᠡᠯᠡᠶ᠎ᠡ᠂ ᠳᠠᠢᠰᠤᠨ ᠨᠤᠭᠤᠳ ᠢᠶᠠᠨ ᠬᠠᠢᠷᠠᠯᠠ᠂ ᠲᠠ ᠨᠠᠷ ᠢ ᠬᠠᠪᠴᠢᠭᠴᠢᠳ ᠤᠨ ᠲᠥᠯᠥᠭᠡ ᠳᠠᠭᠠᠳᠬ᠎ᠠ᠃ 45 ᠢᠩᠭᠢᠪᠡᠯ ᠲᠠ ᠨᠠᠷ ᠲᠩᠷᠢ ᠳᠠᠬᠢ ᠡᠴᠢᠭᠡ ᠶᠢᠨ ᠢᠶᠠᠨ ᠬᠡᠦᠬᠡᠳ ᠤᠳ ᠪᠣᠯᠣᠨ᠎ᠠ᠃ ᠤᠴᠢᠷ ᠨᠢ ᠲᠡᠷᠡ ᠮᠠᠭᠤ ᠪᠠ ᠰᠠᠢᠨ ᠬᠥᠮᠦᠰ ᠦᠨ ᠳᠡᠭᠡᠷ᠎ᠡ ᠨᠠᠷᠠ ᠪᠠᠨ ᠮᠠᠨᠳᠤᠭᠤᠯᠵᠤ᠂ ᠵᠥᠪᠲᠦ ᠪᠠ ᠵᠥᠪᠲᠦ ᠪᠤᠰᠤ ᠬᠥᠮᠦᠰ ᠦᠨ ᠳᠡᠭᠡᠷ᠎ᠡ ᠪᠣᠷᠣᠭᠠᠨ ᠣᠷᠣᠭᠤᠯᠳᠠᠭ ᠪᠢᠯᠡ᠃ 46 ᠬᠡᠷᠪᠡ ᠲᠠ ᠨᠠᠷ ᠥᠪᠡᠷᠰᠡᠳ ᠢ ᠴᠢᠨᠢ ᠬᠠᠢᠷᠠᠯᠠᠭᠰᠠᠳ ᠢ ᠯᠠ ᠬᠠᠢᠷᠠᠯᠠᠪᠠᠯ ᠲᠠ ᠨᠠᠷ ᠲᠤ ᠶᠠᠮᠠᠷ ᠱᠠᠩᠨᠠᠯ ᠪᠠᠢᠬᠤ ᠪᠤᠢ︖ ᠭᠠᠢᠯᠢᠴᠢᠳ ᠬᠦᠷᠲᠡᠯ᠎ᠡ ᠲᠡᠭᠡᠳᠡᠭ ᠪᠤᠰᠤ ᠤᠤ︖ 47 ᠲᠠ ᠨᠠᠷ ᠵᠥᠪᠬᠡᠨ ᠠᠬ᠎ᠠ ᠳᠡᠭᠦᠦ ᠲᠠᠢ ᠪᠠᠨ ᠯᠠ ᠮᠡᠨᠳᠦᠴᠢᠯᠡᠪᠡᠯ᠂ ᠪᠤᠰᠤᠳ ᠠᠴᠠ ᠶᠠᠭᠤ ᠨᠢ ᠢᠯᠡᠭᠦᠦ ᠶᠤᠮ ᠪᠤᠢ︖ ᠬᠠᠷᠢᠴᠤᠳ ᠬᠦᠷᠲᠡᠯ᠎ᠡ ᠲᠡᠭᠡᠳᠡᠭ ᠪᠤᠰᠤ ᠤᠤ︖ 48 ᠲᠩᠷᠢᠯᠢᠭ ᠡᠴᠢᠭᠡ ᠲᠠᠨᠢ ᠲᠡᠭᠦᠰ ᠪᠠᠢᠳᠠᠭ ᠰᠢᠭ᠋ ᠲᠠ ᠨᠠᠷ ᠴᠤ ᠲᠡᠭᠦᠰ ᠪᠠᠢ᠃