1 2 3 4 5 6 7 8 9 10 11 12 13 14 15 16 17 18 19 20 21 22 23 24 25 26 27 28


ᠮᠠᠲ᠋ᠠᠢ ᠳᠥᠷᠪᠡ
 ᠢᠰᠦ᠋ᠰ ᠲᠡᠩᠰᠡᠭᠳᠡᠭᠰᠡᠨ ᠨᠢ

1 ᠲᠡᠷᠡ ᠦᠶ᠎ᠡ ᠳᠦ᠂ ᠠᠷᠢᠭᠤᠨ ᠰᠦᠨᠡᠰᠦ ᠢᠰᠦ᠋ᠰ ᠢ ᠴᠥᠯ ᠤᠷᠤᠭᠤ ᠤᠳᠤᠷᠢᠳᠤᠭᠰᠠᠨ ᠳᠤ᠂ ᠰᠠᠲ᠋ᠠᠨ ᠲᠡᠭᠦᠨ ᠢ ᠲᠡᠩᠰᠡᠪᠡ᠃ 2 ᠢᠰᠦ᠋ᠰ ᠳᠥᠴᠢᠨ ᠡᠳᠦᠷ ᠳᠥᠴᠢᠨ ᠰᠥᠨᠢ ᠪᠠᠴᠠᠭ ᠪᠠᠷᠢᠭᠰᠠᠨ ᠤ ᠳᠠᠷᠠᠭ᠎ᠠ ᠥᠯᠥᠰᠬᠦ ᠳᠦ᠂ 3 ᠲᠡᠩᠰᠡᠭᠴᠢ ᠳᠥᠭᠥᠨ ᠢᠷᠡᠵᠦ ᠲᠡᠭᠦᠨ ᠳᠦ᠄ 《ᠴᠢ ᠪᠤᠷᠬᠠᠨ ᠤ ᠬᠦᠦ ᠮᠥᠨ ᠪᠣᠯ ᠡᠨᠡ ᠴᠢᠯᠠᠭᠤ ᠨᠤᠭᠤᠳ ᠲᠤ 〈ᠪᠣᠣᠪᠣ ᠪᠣᠯ︕〉 ᠭᠡᠵᠦ ᠬᠡᠯᠡ》 ᠭᠡᠯ᠎ᠡ᠃ 4 ᠢᠰᠦ᠋ᠰ ᠬᠠᠷᠢᠭᠤ ᠳᠤᠨᠢ᠄ 《〈ᠬᠥᠮᠦᠨ ᠵᠥᠪᠬᠡᠨ ᠪᠣᠣᠪᠣ ᠪᠠᠷ ᠪᠤᠰᠤ᠂ ᠬᠠᠷᠢᠨ ᠪᠤᠷᠬᠠᠨ ᠤ ᠠᠮᠠᠨ ᠠᠴᠠ ᠭᠠᠷᠳᠠᠭ ᠠᠯᠢᠪᠠ ᠦᠭᠡ ᠪᠡᠷ ᠠᠮᠢᠳᠤᠷᠠᠨ᠎ᠠ〉 ᠭᠡᠵᠦ ᠪᠢᠴᠢᠭᠳᠡᠭᠰᠡᠨ ᠪᠠᠢᠳᠠᠭ》 ᠭᠡᠵᠦ ᠬᠡᠯᠡᠪᠡ᠃ 5 ᠲᠡᠭᠡᠬᠦ ᠳᠦ ᠰᠠᠲ᠋ᠠᠨ ᠲᠡᠭᠦᠨ ᠢ ᠠᠷᠢᠭᠤᠨ ᠬᠣᠲᠠ ᠳᠤ ᠠᠪᠠᠴᠢᠵᠤ᠂ ᠠᠷᠢᠭᠤᠨ ᠣᠷᠳᠣᠨ ᠤ ᠣᠷᠣᠢ ᠳᠡᠭᠡᠷ᠎ᠡ ᠵᠣᠭᠰᠣᠭᠠᠭᠠᠳ᠂ 6 ᠲᠡᠭᠦᠨ ᠳᠦ᠄ 《ᠴᠢ ᠪᠤᠷᠬᠠᠨ ᠤ ᠬᠦᠦ ᠮᠥᠨ ᠪᠣᠯ ᠳᠣᠷᠣᠭᠰᠢ ᠪᠠᠨ ᠦᠰᠦᠷ᠂ ᠤᠴᠢᠷ ᠨᠢ 〈ᠲᠡᠷᠡ ᠲᠩᠷᠢ ᠶᠢᠨ ᠡᠯᠴᠢᠳ ᠲᠡᠭᠡᠨ ᠴᠢᠨᠦ ᠲᠤᠬᠠᠢ ᠵᠠᠬᠢᠨ᠎ᠠ〉᠂ ᠪᠠᠰᠠ 〈ᠴᠢᠨᠦ ᠬᠥᠯ ᠴᠢᠯᠠᠭᠤᠨ ᠳᠤ ᠤᠨᠤᠭᠤᠵᠠᠢ ᠭᠡᠵᠦ ᠲᠡᠳᠡ ᠴᠢᠮᠠᠶᠢ ᠭᠠᠷ ᠳᠡᠭᠡᠷ᠎ᠡ ᠪᠡᠨ ᠡᠷᠭᠦᠨ᠎ᠡ〉 ᠭᠡᠵᠦ ᠪᠢᠴᠢᠭᠳᠡᠭᠰᠡᠨ ᠪᠠᠢᠳᠠᠭ》 ᠭᠡᠰᠡᠨ ᠳᠦ᠂ 7 ᠢᠰᠦ᠋ᠰ ᠲᠡᠭᠦᠨ ᠳᠦ᠄ 《〈ᠡᠵᠡᠨ ᠪᠤᠷᠬᠠᠨ ᠢᠶᠠᠨ ᠪᠦᠦ ᠲᠡᠩᠰᠡ〉 ᠭᠡᠵᠦ ᠪᠠᠰᠠ ᠪᠢᠴᠢᠭᠳᠡᠭᠰᠡᠨ ᠪᠠᠢᠳᠠᠭ》 ᠭᠡᠪᠡ᠃

8 ᠰᠠᠲ᠋ᠠᠨ ᠪᠠᠰᠠ ᠲᠡᠭᠦᠨ ᠢ ᠮᠠᠰᠢ ᠥᠨᠳᠥᠷ ᠠᠭᠤᠯᠠᠨ ᠳᠤ ᠠᠪᠠᠴᠢᠵᠤ᠂ ᠳᠡᠯᠡᠬᠡᠢ ᠶᠢᠨ ᠬᠠᠮᠤᠭ ᠤᠯᠤᠰ ᠪᠣᠯᠣᠨ ᠲᠡᠳᠡᠨ ᠦ ᠰᠦᠷ ᠵᠢᠪᠬᠤᠯᠠᠩ ᠢ ᠦᠵᠡᠭᠦᠯᠦᠭᠡᠳ᠄ 9 《ᠴᠢ ᠨᠠᠳᠠ ᠳᠤ ᠰᠥᠭᠥᠳᠥᠨ ᠮᠥᠷᠭᠥᠪᠡᠯ ᠡᠨᠡ ᠪᠦᠬᠦᠨ ᠢ ᠪᠢ ᠴᠢᠮ᠎ᠠ ᠳᠤ ᠥᠭᠭᠥᠶ᠎ᠡ》 ᠭᠡᠵᠦ ᠬᠡᠯᠡᠬᠦ ᠳᠦ᠂ 10 ᠢᠰᠦ᠋ᠰ᠄ 《ᠲᠣᠨᠢᠯ᠂ ᠰᠠᠲ᠋ᠠᠨ︕ 〈ᠴᠢ ᠡᠵᠡᠨ ᠪᠤᠷᠬᠠᠨ ᠳᠠᠭᠠᠨ ᠮᠥᠷᠭᠥᠵᠦ᠂ ᠲᠡᠭᠦᠨ ᠳᠡᠭᠡᠨ ᠯᠠ ᠦᠢᠯᠡᠴᠢᠯᠡ〉 ᠭᠡᠵᠦ ᠪᠢᠴᠢᠭᠳᠡᠭᠰᠡᠨ ᠪᠠᠢᠳᠠᠭ》 ᠭᠡᠯ᠎ᠡ᠃ 11 ᠲᠡᠭᠡᠭᠡᠳ ᠰᠠᠲ᠋ᠠᠨ ᠲᠡᠭᠦᠨ ᠡᠴᠡ ᠰᠠᠯᠤᠭᠰᠠᠨ ᠳᠤ᠂ ᠲᠩᠷᠢ ᠶᠢᠨ ᠡᠯᠴᠢᠳ ᠢᠷᠡᠭᠡᠳ ᠲᠡᠭᠦᠨ ᠳᠦ ᠦᠢᠯᠡᠴᠢᠯᠡᠵᠦ ᠪᠠᠢᠪᠠ᠃
 ᠢᠰᠦ᠋ᠰ ᠠᠵᠢᠯ ᠢᠶᠠᠨ ᠡᠬᠢᠯᠡᠭᠰᠡᠨ ᠨᠢ

12 ᠢᠰᠦ᠋ᠰ ᠶᠣᠬᠠᠨ ᠤ ᠪᠠᠷᠢᠪᠴᠢᠯᠠᠭᠳᠠᠭᠰᠠᠨ ᠢ ᠳᠤᠭᠤᠯᠤᠭᠠᠳ ᠭᠠᠯᠢᠯᠠᠶ᠎ᠠ ᠤᠷᠤᠭᠤ ᠣᠳᠣᠯ᠎ᠠ᠃ 13 ᠲᠡᠷᠡ ᠨᠠᠽᠠᠷᠧᠲ ᠡᠴᠡ ᠰᠠᠯᠵᠤ᠂ ᠽᠧᠪᠦ᠋ᠯᠣᠨ ᠪᠣᠯᠣᠨ ᠨᠠᠹᠲ᠋ᠠᠯᠢ ᠶᠢᠨ ᠨᠤᠲᠤᠭ ᠳᠠᠬᠢ ᠨᠠᠭᠤᠷ ᠤᠨ ᠬᠥᠪᠡᠭᠡᠨ ᠳᠦ ᠪᠠᠢᠭ᠎ᠠ ᠺᠠᠹᠠᠷᠨᠠᠦ᠋ᠮ ᠳᠤ ᠬᠦᠷᠴᠦ ᠰᠠᠭᠤᠷᠢᠰᠢᠪᠠ᠃ 14 ᠡᠢᠨ ᠬᠦ ᠡᠰᠢ ᠦᠵᠡᠭᠦᠯᠦᠭᠴᠢ ᠢᠰᠠᠢᠶ᠎ᠠ ᠪᠠᠷ᠄
15 《ᠶᠣᠷᠳᠠᠨ ᠭᠣᠣᠯ ᠤᠨ ᠴᠠᠭᠠᠲᠤ ᠳᠠᠯᠠᠢ ᠬᠦᠷᠬᠦ ᠵᠠᠮ ᠳᠠᠬᠢ ᠽᠧᠪᠦ᠋ᠯᠣᠨ ᠨᠤᠲᠤᠭ᠂ ᠨᠠᠹᠲ᠋ᠠᠯᠢ ᠨᠤᠲᠤᠭ᠂ ᠬᠠᠷᠢ ᠶᠢᠨ ᠬᠢᠨ ᠤ ᠭᠠᠯᠢᠯᠠᠶ᠎ᠠ︕
16 ᠬᠠᠷᠠᠩ᠋ᠭᠤᠢ ᠳᠤ ᠰᠠᠭᠤᠭᠴᠢ ᠠᠷᠠᠳ ᠲᠦᠮᠡᠨ ᠦᠯᠡᠮᠵᠢ ᠶᠢᠨ ᠭᠡᠷᠡᠯ ᠢ ᠬᠠᠷᠠᠪᠠ ᠦᠬᠦᠯ ᠦᠨ ᠰᠡᠭᠦᠳᠡᠷᠲᠦ ᠨᠤᠲᠤᠭ ᠲᠤ ᠰᠠᠭᠤᠭᠰᠠᠳ ᠳᠡᠭᠡᠷ᠎ᠡ ᠭᠡᠷᠡᠯ ᠲᠤᠰᠪᠠ》
ᠭᠡᠵᠦ ᠬᠡᠯᠡᠭᠦᠯᠦᠭᠰᠡᠨ ᠨᠢ ᠪᠡᠶᠡᠯᠡᠭᠳᠡᠵᠡᠢ᠃ 17 ᠲᠡᠷᠡ ᠴᠠᠭ ᠠᠴᠠ ᠬᠣᠢᠰᠢ ᠢᠰᠦ᠋ᠰ᠄ 《ᠭᠡᠮᠰᠢᠵᠡᠭᠡ᠂ ᠲᠩᠷᠢ ᠶᠢᠨ ᠬᠠᠭᠠᠨᠴᠢᠯᠠᠯ ᠣᠢᠷᠠᠲᠤᠯ᠎ᠠ》 ᠭᠡᠵᠦ ᠲᠤᠩ᠋ᠬᠠᠭᠯᠠᠵᠤ ᠡᠬᠢᠯᠡᠪᠡ᠃
 ᠠᠩ᠋ᠬᠠᠨ ᠤ ᠱᠠᠪᠢ ᠨᠠᠷ

18 ᠢᠰᠦ᠋ᠰ ᠭᠠᠯᠢᠯᠠᠶ᠎ᠠ ᠨᠠᠭᠤᠷ ᠤᠨ ᠬᠥᠪᠡᠭᠡ ᠪᠡᠷ ᠶᠠᠪᠤᠵᠤ ᠪᠠᠢᠬᠤ ᠳᠠᠭᠠᠨ᠂ ᠫᠧᠲ᠋ᠧᠷ ᠭᠡᠭᠳᠡᠳᠡᠭ ᠰᠢᠮᠣᠨ᠂ ᠠᠨᠳ᠋ᠷᠧ ᠠᠬ᠎ᠠ ᠳᠡᠭᠦᠦ ᠬᠣᠶᠠᠷ ᠤᠨ ᠨᠠᠭᠤᠷ ᠲᠤ ᠲᠣᠣᠷ ᠬᠠᠶᠠᠵᠤ ᠪᠠᠢᠭ᠎ᠠ ᠶᠢ ᠬᠠᠷᠠᠯ᠎ᠠ᠃ ᠲᠡᠳᠡ ᠵᠢᠭᠠᠰᠤᠴᠢᠨ ᠠᠵᠢ᠃ 19 ᠢᠰᠦ᠋ᠰ ᠲᠡᠳᠡᠨ ᠳᠦ᠄ 《ᠵᠠ᠂ ᠨᠠᠮᠠᠶᠢ ᠳᠠᠭᠠᠭᠠᠷᠠᠢ᠂ ᠪᠢ ᠲᠠ ᠨᠠᠷ ᠢ ᠬᠥᠮᠦᠨ ᠤᠯᠳᠠᠭ ᠵᠢᠭᠠᠰᠤᠴᠢᠨ ᠪᠣᠯᠭᠠᠶ᠎ᠠ》 ᠭᠡᠬᠦ ᠳᠦ᠂ 20 ᠲᠡᠳᠡ ᠳᠠᠷᠤᠢᠬᠠᠨ ᠲᠣᠣᠷ ᠢᠶᠠᠨ ᠣᠷᠬᠢᠵᠤ ᠲᠡᠭᠦᠨ ᠢ ᠳᠠᠭᠠᠪᠠ᠃ 21 ᠲᠡᠨᠳᠡ ᠡᠴᠡ ᠴᠠᠰᠢᠯᠠᠭᠰᠠᠨ ᠢᠶᠠᠨ ᠢᠰᠦ᠋ᠰ ᠥᠭᠡᠷ᠎ᠡ ᠠᠬ᠎ᠠ ᠳᠡᠭᠦᠦ ᠬᠣᠶᠠᠷ᠂ ᠽᠧᠪᠧᠳᠠᠢ ᠶᠢᠨ ᠬᠥᠪᠡᠭᠦᠨ ᠶᠠᠺᠣᠪ ᠪᠣᠯᠣᠨ ᠲᠡᠭᠦᠨ ᠦ ᠳᠡᠭᠦᠦ ᠶᠣᠬᠠᠨ ᠤ ᠵᠠᠪᠢ ᠶᠢᠨ ᠳᠣᠲᠣᠷ᠎ᠠ ᠡᠴᠢᠭᠡ ᠽᠧᠪᠧᠳᠠᠢ ᠲᠠᠢ ᠪᠠᠨ ᠲᠣᠣᠷ ᠢᠶᠠᠨ ᠰᠡᠯᠪᠢᠵᠦ ᠪᠠᠢᠭ᠎ᠠ ᠶᠢ ᠬᠠᠷᠠᠭᠠᠳ ᠲᠡᠷᠡ ᠬᠣᠶᠠᠷ ᠢ ᠳᠠᠭᠤᠳᠠᠭᠰᠠᠨ ᠳᠤ᠂ 22 ᠲᠡᠳᠡ ᠳᠠᠷᠤᠢᠬᠠᠨ ᠵᠠᠪᠢ ᠪᠠ ᠡᠴᠢᠭᠡ ᠪᠡᠨ ᠣᠷᠬᠢᠵᠤ ᠲᠡᠭᠦᠨ ᠢ ᠳᠠᠭᠠᠪᠠ᠃
 ᠭᠠᠯᠢᠯᠠᠶ᠎ᠠ ᠳᠠᠬᠢ ᠦᠢᠯᠡ ᠠᠵᠢᠯᠯᠠᠭ᠎ᠠ

23 ᠢᠰᠦ᠋ᠰ ᠭᠠᠯᠢᠯᠠᠶ᠎ᠠ ᠳᠠᠶᠠᠭᠠᠷ ᠶᠠᠪᠤᠵᠤ ᠬᠤᠷᠠᠯ ᠤᠨ ᠲᠠᠩᠬᠢᠮ ᠳᠤᠨᠢ ᠰᠤᠷᠭᠠᠯ ᠵᠢᠭᠠᠨ᠂ ᠬᠠᠭᠠᠨᠴᠢᠯᠠᠯ ᠤᠨ ᠪᠠᠶᠠᠷ ᠤᠨ ᠮᠡᠳᠡᠭᠡ ᠶᠢ ᠳᠡᠯᠭᠡᠷᠡᠭᠦᠯᠵᠦ᠂ ᠠᠷᠠᠳ ᠤᠨ ᠳᠤᠮᠳᠠ ᠬᠠᠮᠤᠭ ᠡᠪᠡᠳᠴᠢᠨ ᠡᠮᠭᠡᠭ ᠢ ᠡᠳᠡᠭᠡᠭᠡᠵᠦ ᠪᠠᠢᠯ᠎ᠠ᠃ 24 ᠢᠰᠦ᠋ᠰ ᠤᠨ ᠲᠤᠬᠠᠢ ᠰᠤᠷᠠᠭ ᠰᠢᠷᠢᠶ᠎ᠠ ᠳᠠᠶᠠᠭᠠᠷ ᠲᠠᠷᠬᠠᠪᠠ᠃ ᠶᠠᠩᠵᠤ ᠶᠠᠩᠵᠤ ᠶᠢᠨ ᠡᠪᠡᠳᠴᠢᠨ ᠲᠡᠢ᠂ ᠰᠢᠨᠠᠯᠤᠯ ᠲᠠᠢ᠂ ᠴᠢᠳᠬᠥᠷ ᠣᠷᠣᠰᠢᠭᠰᠠᠨ᠂ ᠤᠨᠠᠳᠠᠭ ᠡᠪᠡᠳᠴᠢᠲᠡᠨ᠂ ᠰᠠ ᠡᠪᠡᠳᠴᠢᠲᠡᠨ ᠵᠡᠷᠭᠡ ᠬᠠᠮᠤᠭ ᠡᠪᠡᠳᠴᠢᠲᠡᠨ ᠢ ᠬᠥᠮᠦᠰ ᠠᠪᠴᠢᠷᠠᠬᠤ ᠳᠤ᠂ ᠢᠰᠦ᠋ᠰ ᠲᠡᠳᠡᠨ ᠢ ᠡᠳᠡᠭᠡᠭᠡᠪᠡ᠃ 25 ᠡᠢᠮᠦ ᠡᠴᠡ ᠦᠯᠡᠮᠵᠢ ᠣᠯᠠᠨ ᠬᠥᠮᠦᠨ ᠭᠠᠯᠢᠯᠠᠶ᠎ᠠ᠂ ᠳ᠋ᠧᠺᠠᠫᠣᠯᠢ 6 ᠂ ᠶᠧᠷᠦ᠋ᠰᠠᠯᠧᠮ᠂ ᠶᠦᠳᠠᠢ ᠪᠠ ᠶᠣᠷᠳᠠᠨ ᠭᠣᠣᠯ ᠤᠨ ᠲᠡᠷᠲᠡᠭᠡ ᠡᠴᠡ ᠢᠷᠡᠵᠦ ᠲᠡᠭᠦᠨ ᠢ ᠳᠠᠭᠠᠯ᠎ᠠ᠃