ᠮᠠᠲ᠋ᠠᠢ ᠬᠣᠷᠢᠨ ᠬᠣᠶᠠᠷ
ᠬᠤᠷᠢᠮ ᠤᠨ ᠦᠯᠢᠭᠡᠷᠯᠡᠯ
1 ᠢᠰᠦ᠋ᠰ ᠲᠡᠳᠡᠨ ᠳᠦ ᠦᠯᠢᠭᠡᠷᠯᠡᠯ ᠢᠶᠡᠷ ᠳᠠᠬᠢᠨ ᠶᠠᠷᠢᠭᠰᠠᠨ ᠨᠢ᠄ 2 〈ᠲᠩᠷᠢ ᠶᠢᠨ ᠬᠠᠭᠠᠨᠴᠢᠯᠠᠯ ᠢ ᠬᠦᠦ ᠪᠡᠨ ᠭᠡᠷᠯᠡᠭᠦᠯᠬᠦ ᠬᠤᠷᠢᠮ ᠬᠢᠭᠰᠡᠨ ᠬᠠᠭᠠᠨ ᠲᠠᠢ ᠦᠯᠢᠭᠡᠷᠯᠡᠵᠦ ᠪᠣᠯᠣᠨ᠎ᠠ᠃ 3 ᠬᠠᠭᠠᠨ ᠵᠠᠷᠤᠴᠠ ᠨᠠᠷ ᠢᠶᠠᠨ ᠶᠠᠪᠤᠭᠤᠯᠵᠤ ᠬᠤᠷᠢᠮ ᠳᠤ ᠤᠷᠢᠭᠳᠠᠭᠰᠠᠳ ᠢ ᠳᠠᠭᠤᠳᠠᠭᠤᠯᠤᠭᠰᠠᠨ ᠪᠣᠯᠪᠠᠴᠤ ᠲᠡᠳᠡ ᠢᠷᠡᠬᠦ ᠳᠤᠷ᠎ᠠ ᠦᠭᠡᠢ ᠪᠠᠢᠯ᠎ᠠ᠃ 4 ᠲᠡᠷᠡ ᠳᠠᠬᠢᠨ ᠥᠭᠡᠷ᠎ᠡ ᠵᠠᠷᠤᠴᠠ ᠨᠠᠷ ᠢᠶᠠᠨ ᠢᠯᠡᠭᠡᠵᠦ᠂ ᠤᠷᠢᠭᠳᠠᠭᠰᠠᠳ ᠲᠤ᠄ 〈ᠠᠩ᠋ᠬᠠᠷᠤᠭᠲᠤᠨ᠂ ᠪᠢ ᠵᠣᠭᠣᠭ ᠢᠶᠠᠨ ᠪᠠᠵᠠᠭᠠᠭᠰᠠᠨ᠂ ᠦᠬᠡᠷ ᠪᠣᠯᠣᠨ ᠪᠣᠷᠳᠣᠭᠰᠠᠨ ᠮᠠᠯ ᠢᠶᠠᠨ ᠨᠢᠲᠤᠯᠵᠤ᠂ ᠪᠦᠬᠦ ᠶᠠᠭᠤᠮ᠎ᠠ ᠪᠡᠯᠡᠨ ᠪᠠᠢᠨ᠎ᠠ᠂ ᠬᠤᠷᠢᠮ ᠳᠤ ᠢᠷᠡᠭᠡᠷᠡᠢ〉 ᠭᠡᠵᠦ ᠬᠡᠯᠡᠭᠦᠯᠪᠡ᠃ 5 ᠬᠠᠷᠢᠨ ᠲᠡᠳᠡ ᠦᠯᠦ ᠬᠡᠷᠡᠭᠰᠡᠨ ᠵᠠᠮ ᠢᠶᠠᠨ ᠬᠥᠭᠡᠭᠡᠵᠡᠢ᠃ ᠨᠢᠭᠡ ᠨᠢ ᠲᠠᠷᠢᠶᠠᠨ ᠳᠠᠭᠠᠨ᠂ ᠨᠥᠭᠥᠭᠡ ᠨᠢ ᠬᠤᠳᠠᠯᠳᠤᠭᠠᠨ ᠳᠠᠭᠠᠨ ᠶᠠᠪᠤᠵᠤ᠂ 6 ᠪᠤᠰᠤᠳ ᠨᠢ ᠬᠠᠭᠠᠨ ᠤ ᠵᠠᠷᠤᠴᠠ ᠨᠠᠷ ᠢ ᠪᠠᠷᠢᠵᠤ ᠳᠣᠷᠣᠮᠵᠢᠯᠠᠭᠠᠳ ᠠᠯᠠᠵᠠᠢ᠃ 7 ᠬᠠᠭᠠᠨ ᠠᠭᠤᠷᠯᠠᠪᠠ᠃ ᠲᠡᠷᠡ ᠴᠡᠷᠢᠭ ᠢᠶᠠᠨ ᠢᠯᠡᠭᠡᠵᠦ᠂ ᠶᠠᠷᠭᠠᠴᠢᠳ ᠢ ᠰᠥᠨᠥᠭᠡᠨ ᠬᠣᠲᠠ ᠶᠢ ᠨᠢ ᠭᠠᠯᠳᠠᠭᠤᠯᠪᠠ᠃ 8 ᠲᠡᠭᠡᠭᠡᠳ ᠵᠠᠷᠤᠴᠠ ᠨᠠᠷ ᠲᠠᠭᠠᠨ᠄ 〈ᠬᠤᠷᠢᠮ ᠪᠡᠯᠡᠨ ᠪᠣᠯᠣᠯ᠎ᠠ᠂ ᠬᠠᠷᠢᠨ ᠤᠷᠢᠭᠳᠠᠭᠰᠠᠳ ᠨᠢ ᠵᠣᠬᠢᠮᠵᠢ ᠦᠭᠡᠢ ᠪᠠᠢᠨ᠎ᠠ᠃ 9 ᠲᠠ ᠨᠠᠷ ᠣᠳᠣ ᠭᠣᠣᠯ ᠭᠤᠳᠤᠮᠵᠢ ᠪᠠᠷ ᠶᠠᠪᠤᠵᠤ᠂ ᠲᠠᠭᠠᠷᠠᠯᠳᠤᠭᠰᠠᠨ ᠪᠣᠯᠭᠠᠨ ᠢᠶᠠᠨ ᠬᠤᠷᠢᠮ ᠳᠤ ᠤᠷᠢ〉 ᠭᠡᠬᠦ ᠳᠦ᠂ 10 ᠵᠠᠷᠤᠴᠠ ᠨᠠᠷ ᠨᠢ ᠭᠤᠳᠤᠮᠵᠢ ᠨᠤᠭᠤᠳ ᠢᠶᠠᠷ ᠶᠠᠪᠤᠵᠤ ᠲᠠᠭᠠᠷᠠᠯᠳᠤᠭᠰᠠᠨ ᠰᠠᠢᠨ ᠮᠠᠭᠤ ᠬᠥᠮᠦᠰ ᠢ ᠴᠥᠮ ᠢ ᠨᠢ ᠴᠤᠭᠯᠠᠭᠤᠯᠪᠠ᠃ ᠬᠤᠷᠢᠮ ᠤᠨ ᠲᠠᠩᠬᠢᠮ ᠳᠤ ᠵᠣᠴᠢᠳ ᠢᠶᠠᠷ ᠳᠦᠭᠦᠷᠴᠡᠢ᠃
11 ᠬᠠᠭᠠᠨ ᠵᠣᠴᠢᠳ ᠢᠶᠠᠨ ᠦᠵᠡᠬᠦ ᠪᠡᠷ ᠣᠷᠣᠭᠠᠳ ᠬᠤᠷᠢᠮ ᠤᠨ ᠬᠤᠪᠴᠠᠰᠤ ᠡᠮᠦᠰᠦᠭᠡ ᠦᠭᠡᠢ ᠨᠢᠭᠡᠨ ᠬᠥᠮᠦᠨ ᠢ ᠠᠵᠢᠵᠤ᠂ 12 ᠲᠡᠭᠦᠨ ᠳᠦ᠄ 〈ᠨᠠᠢᠵᠠ ᠡ᠂ ᠴᠢ ᠬᠤᠷᠢᠮ ᠤᠨ ᠬᠤᠪᠴᠠᠰᠤ ᠦᠭᠡᠢ ᠪᠠᠷ ᠡ᠊ᠨᠳᠡ ᠬᠡᠷᠬᠢᠨ ᠣᠷᠣᠵᠤ ᠢᠷᠡᠪᠡ︖〉 ᠭᠡᠬᠦ ᠳᠦ᠂ ᠲᠡᠷᠡ ᠦᠭᠡ ᠳᠠᠭᠤ ᠦᠭᠡᠢ ᠪᠠᠢᠪᠠ᠃ 13 ᠲᠡᠭᠡᠬᠦ ᠳᠦ ᠬᠠᠭᠠᠨ ᠦᠢᠯᠡᠴᠢᠯᠡᠭᠴᠢᠳ ᠲᠡᠭᠡᠨ᠄ 〈ᠲᠡᠭᠦᠨ ᠦ ᠭᠠᠷ ᠬᠥᠯ ᠢ ᠬᠦᠯᠢᠭᠡᠳ ᠭᠠᠳᠠᠨᠠᠬᠢ ᠬᠠᠷᠠᠩ᠋ᠭᠤᠢ ᠳᠤ ᠬᠠᠶᠠ᠃ ᠲᠡᠷᠡ ᠲᠡᠨᠳᠡ ᠤᠬᠢᠯᠠᠵᠤ᠂ ᠰᠢᠳᠦ ᠪᠡᠨ ᠬᠠᠪᠢᠷᠬᠤ ᠪᠣᠯᠣᠨ᠎ᠠ〉 ᠭᠡᠵᠡᠢ᠃ 14 ᠦᠨᠡᠨ ᠳᠡᠭᠡᠨ ᠳᠠᠭᠤᠳᠠᠭᠳᠠᠭᠰᠠᠨ ᠨᠢ ᠣᠯᠠᠨ᠂ ᠰᠣᠩ᠋ᠭᠣᠭᠳᠠᠭᠰᠠᠨ ᠨᠢ ᠴᠥᠭᠡᠨ ᠪᠠᠢᠳᠠᠭ》 ᠭᠡᠪᠡ᠃
ᠺᠠᠶᠧᠰᠠᠷ ᠲᠤ ᠥᠭᠬᠦ ᠲᠠᠲᠠᠪᠤᠷᠢ
15 ᠲᠡᠭᠡᠬᠦ ᠳᠦ ᠹᠠᠷᠢᠰᠠᠢᠴᠤᠳ ᠭᠠᠷᠴᠤ ᠶᠠᠪᠤᠭᠠᠳ᠂ ᠬᠡᠯᠡᠭᠰᠡᠨ ᠦᠭᠡ ᠪᠡᠷ ᠨᠢ ᠤᠷᠠᠬᠠᠳᠠᠬᠤ ᠲᠤᠬᠠᠢ ᠵᠥᠪᠯᠡᠯᠳᠦᠪᠡ᠃ 16 ᠲᠡᠳᠡ ᠱᠠᠪᠢ ᠨᠠᠷ ᠢᠶᠠᠨ ᠾᠧᠷᠣᠳ᠋ ᠶᠢᠨ ᠬᠢᠨ ᠲᠠᠢ ᠬᠠᠮᠲᠤ ᠢᠯᠡᠭᠡᠵᠦ᠂ ᠢᠰᠦ᠋ᠰ ᠲᠤ᠄ 《ᠪᠠᠭᠰᠢ ᠡ᠂ ᠲᠠ ᠪᠣᠯ ᠦᠨᠡᠨᠴᠢ ᠪᠥᠭᠡᠳ ᠪᠤᠷᠬᠠᠨ ᠤ ᠦᠭᠡ ᠶᠢ ᠦᠨᠡᠨ ᠢᠶᠡᠷ ᠵᠢᠭᠠᠳᠠᠭ ᠢ ᠪᠢᠳᠡ ᠮᠡᠳᠡᠨ᠎ᠡ᠂ ᠲᠠ ᠬᠡᠨ ᠳᠦ ᠴᠤ ᠲᠠᠯ᠎ᠠ ᠬᠠᠷᠠᠳᠠᠭ ᠦᠭᠡᠢ ᠲᠤᠯᠠ ᠬᠡᠨ ᠳᠦ ᠴᠤ ᠢᠯᠳᠠᠷ ᠲᠠᠯᠪᠢᠳᠠᠭ ᠦᠭᠡᠢ᠃ 17 ᠣᠳᠣ ᠲᠠ ᠶᠠᠭᠤ ᠪᠣᠳᠣᠵᠤ ᠪᠠᠢᠭ᠎ᠠ ᠪᠠᠨ ᠪᠢᠳᠡᠨ ᠳᠦ ᠬᠡᠯᠡᠵᠦ ᠥᠭᠭᠥᠭᠡᠴᠢ᠂ ᠺᠠᠶᠧᠰᠠᠷ ᠲᠤ ᠭᠠᠢᠯᠢ ᠲᠤᠰᠢᠶᠠᠬᠤ ᠨᠢ ᠵᠥᠪ ᠤᠤ︖ ᠦᠭᠡᠢ ᠤᠤ︖》 ᠭᠡᠵᠦ ᠬᠡᠯᠡᠭᠦᠯᠦᠯ᠎ᠡ᠃ 18 ᠢᠰᠦ᠋ᠰ ᠲᠡᠳᠡᠨ ᠦ ᠮᠠᠭᠤ ᠰᠠᠨᠠᠭ᠎ᠠ ᠶᠢ ᠮᠡᠳᠡᠭᠡᠳ᠄ 《ᠨᠠᠮᠠᠶᠢ ᠶᠠᠭᠤᠨ ᠳᠤ ᠲᠡᠩᠰᠡᠨᠡ ᠪᠤᠢ︖ ᠬᠣᠶᠠᠷ ᠨᠢᠭᠤᠷᠲᠤ ᠬᠥᠮᠦᠰ ᠡ᠂ 19 ᠭᠠᠢᠯᠢ ᠲᠤᠰᠢᠶᠠᠬᠤ ᠳᠤ ᠬᠡᠷᠡᠭᠯᠡᠳᠡᠭ ᠵᠣᠭᠣᠰ ᠢ ᠨᠠᠳᠠ ᠳᠤ ᠦᠵᠡᠭᠦᠯᠦᠭᠡᠴᠢ》 ᠭᠡᠰᠡᠨ ᠳᠦ᠂ ᠲᠡᠳᠡ ᠨᠢᠭᠡ ᠳ᠋ᠧᠨᠠᠷ ᠠᠪᠴᠢᠷᠠᠪᠠ᠃ 20 ᠢᠰᠦ᠋ᠰ ᠲᠡᠳᠡᠨ ᠳᠦ᠄ 《ᠡᠨᠡ ᠴᠢᠨᠢ ᠬᠡᠨ ᠦ ᠬᠥᠷᠥᠭ᠂ ᠬᠡᠨ ᠦ ᠪᠢᠴᠢᠭ ᠪᠤᠢ︖》 ᠭᠡᠰᠡᠨ ᠳᠦ᠂ 21 ᠲᠡᠳᠡ᠄ 《ᠺᠠᠶᠧᠰᠠᠷ ᠤᠨ ᠬᠢ》 ᠭᠡᠪᠡ᠃ ᠢᠰᠦ᠋ᠰ᠄ 《ᠺᠠᠶᠧᠰᠠᠷ ᠤᠨ ᠬᠢ ᠶᠢ ᠺᠠᠶᠧᠰᠠᠷ ᠲᠤ᠂ ᠪᠤᠷᠬᠠᠨ ᠤ ᠬᠢ ᠶᠢ ᠪᠤᠷᠬᠠᠨ ᠳᠤ ᠥᠭ》 ᠭᠡᠯᠡ᠃ 22 ᠲᠡᠳᠡ ᠡᠭᠦᠨ ᠢ ᠰᠣᠨᠣᠰᠣᠭᠠᠳ ᠭᠠᠢᠬᠠᠵᠤ ᠲᠡᠭᠦᠨ ᠢ ᠣᠷᠬᠢᠨ ᠣᠳᠣᠯ᠎ᠠ᠃
ᠢᠰᠦ᠋ᠰ ᠹᠠᠷᠢᠰᠠᠢᠴᠤᠳ ᠪᠠ ᠰᠠᠳᠣᠺᠠᠢᠴᠤᠳ ᠲᠤ ᠬᠠᠷᠢᠭᠤᠯᠤᠭᠰᠠᠨ ᠨᠢ
23 ᠲᠡᠷᠡ ᠡᠳᠦᠷ᠂ ᠠᠮᠢᠯᠠᠯᠲᠠ ᠭᠡᠵᠦ ᠪᠠᠢᠬᠤ ᠦᠭᠡᠢ ᠭᠡᠯᠴᠡᠳᠡᠭ ᠰᠠᠳᠣᠺᠠᠢᠴᠤᠳ ᠢᠷᠡᠵᠦ ᠢᠰᠦ᠋ᠰ ᠲᠤ ᠠᠰᠠᠭᠤᠯᠲᠠ ᠲᠠᠯᠪᠢᠪᠠ᠃ ᠲᠡᠳᠡ᠄ 24 《ᠪᠠᠭᠰᠢ ᠡ᠂ ᠮᠣᠰᠧ 〈ᠬᠡᠨ ᠬᠥᠮᠦᠨ ᠬᠡᠦᠬᠡᠳ ᠦᠭᠡᠢ ᠪᠠᠢᠵᠤ ᠨᠠᠰᠤ ᠪᠠᠷᠠᠪᠠᠯ᠂ ᠳᠡᠭᠦᠦ ᠨᠢ ᠲᠡᠭᠦᠨ ᠦ ᠡᠬᠡᠨᠡᠷ ᠲᠡᠢ ᠭᠡᠷᠯᠡᠵᠦ ᠠᠬ᠎ᠠ ᠳᠠᠭᠠᠨ ᠦᠷ᠎ᠡ ᠤᠳᠤᠮ ᠵᠠᠯᠭᠠᠭᠤᠯᠵᠤ ᠥᠭ〉 ᠭᠡᠵᠦ ᠬᠡᠯᠡᠭᠰᠡᠨ᠃ 25 ᠪᠢᠳᠡᠨ ᠦ ᠡ᠊ᠨᠳᠡ ᠠᠬ᠎ᠠ ᠳᠡᠭᠦᠦ ᠳᠣᠯᠣᠭᠤᠯᠠ ᠪᠠᠢᠭᠰᠠᠨ᠃ ᠤᠤᠭᠠᠨ ᠨᠢ ᠡᠬᠡᠨᠡᠷ ᠠᠪᠤᠭᠠᠳ ᠬᠡᠦᠬᠡᠳ ᠦᠭᠡᠢ ᠪᠠᠷ ᠨᠠᠰᠤ ᠪᠠᠷᠠᠵᠤ᠂ ᠡᠬᠡᠨᠡᠷ ᠢᠶᠡᠨ ᠳᠡᠭᠦᠦ ᠳᠡᠭᠡᠨ ᠦᠯᠡᠳᠡᠭᠡᠵᠡᠢ᠃ 26 ᠬᠣᠶᠠᠳᠠᠬᠢ᠂ ᠭᠤᠷᠪᠠᠳᠠᠬᠢ ᠡᠴᠡ ᠠᠪᠤᠭᠠᠳ ᠳᠣᠯᠣᠳᠠᠬᠢ ᠪᠠᠨ ᠬᠦᠷᠲᠡᠯ᠎ᠡ ᠡᠢᠨ ᠬᠦ ᠨᠠᠰᠤ ᠪᠠᠷᠠᠵᠤ᠂ 27 ᠡᠴᠦᠰ ᠲᠤᠨᠢ ᠲᠡᠷᠡ ᠡᠮᠡᠭᠲᠡᠢ ᠴᠤ ᠨᠠᠰᠤ ᠪᠠᠷᠠᠪᠠ᠃ 28 ᠳᠣᠯᠣᠭᠤᠯᠠ ᠪᠠᠨ ᠲᠡᠭᠦᠨ ᠢ ᠡᠬᠡᠨᠡᠷ ᠢᠶᠡᠨ ᠪᠣᠯᠭᠠᠵᠤ ᠠᠪᠤᠭᠰᠠᠨ ᠲᠤᠯᠠ ᠠᠮᠢᠯᠠᠬᠤ ᠳᠤ ᠲᠡᠷᠡ ᠡᠮᠡᠭᠲᠡᠢ ᠴᠤᠬᠤᠮ ᠬᠡᠨ ᠦ ᠬᠢᠨᠢ ᠡᠬᠡᠨᠡᠷ ᠪᠣᠯᠬᠤ ᠪᠤᠢ︖》 ᠭᠡᠬᠦ ᠳᠦ᠂ 29 ᠢᠰᠦ᠋ᠰ ᠬᠠᠷᠢᠭᠤ ᠳᠤᠨᠢ᠄ 《ᠲᠠ ᠨᠠᠷ ᠠᠷᠢᠭᠤᠨ ᠨᠣᠮ ᠢ ᠴᠤ᠂ ᠪᠤᠷᠬᠠᠨ ᠤ ᠬᠦᠴᠦ ᠶᠢ ᠴᠤ ᠮᠡᠳᠡᠳᠡᠭ ᠦᠭᠡᠢ ᠲᠤᠯᠠ ᠲᠥᠭᠡᠷᠢᠵᠦ ᠪᠠᠢᠨ᠎ᠠ᠃ 30 ᠠᠮᠢᠯᠠᠬᠤ ᠳᠤ᠂ ᠲᠡᠳᠡ ᠡᠬᠡᠨᠡᠷ ᠠᠪᠬᠤ ᠴᠤ ᠦᠭᠡᠢ᠂ ᠬᠠᠷᠢ ᠳᠤ ᠮᠣᠷᠳᠠᠬᠤ ᠴᠤ ᠦᠭᠡᠢ᠂ ᠬᠠᠷᠢᠨ ᠲᠩᠷᠢ ᠶᠢᠨ ᠡᠯᠴᠢᠳ ᠲᠠᠢ ᠠᠳᠠᠯᠢᠬᠠᠨ ᠪᠣᠯᠣᠨ᠎ᠠ᠃ 31 ᠦᠬᠦᠭᠰᠡᠳ ᠦᠨ ᠠᠮᠢᠯᠠᠬᠤ ᠲᠤᠬᠠᠢ ᠪᠤᠷᠬᠠᠨ ᠲᠠ ᠨᠠᠷ ᠲᠤ᠄ 32 〈ᠪᠢ ᠪᠣᠯ ᠠᠪᠷᠠᠬᠠᠮ ᠤᠨ ᠪᠤᠷᠬᠠᠨ᠂ ᠢᠰᠠᠺ ᠤᠨ ᠪᠤᠷᠬᠠᠨ᠂ ᠶᠠᠺᠣᠪ ᠤᠨ ᠪᠤᠷᠬᠠᠨ〉 ᠭᠡᠵᠦ ᠠᠢᠯᠠᠳᠤᠭᠰᠠᠨ ᠢ ᠤᠩ᠋ᠰᠢᠭ᠎ᠠ ᠦᠭᠡᠢ ᠤᠤ︖ ᠲᠡᠷᠡ ᠦᠬᠦᠭᠰᠡᠳ ᠦᠨ ᠪᠤᠰᠤ᠂ ᠬᠠᠷᠢᠨ ᠠᠮᠢᠳᠤᠷᠠᠭᠰᠠᠳ ᠤᠨ ᠪᠤᠷᠬᠠᠨ ᠰᠢᠦ ᠳᠠ》 ᠭᠡᠵᠦ ᠬᠡᠯᠡᠪᠡ᠃ 33 ᠬᠤᠷᠠᠭᠰᠠᠨ ᠣᠯᠠᠨ ᠡᠭᠦᠨ ᠢ ᠰᠣᠨᠣᠰᠣᠭᠠᠳ ᠲᠡᠭᠦᠨ ᠦ ᠰᠤᠷᠭᠠᠯ ᠳᠤ ᠴᠣᠴᠢᠷᠳᠠᠵᠤ ᠪᠠᠢᠯ᠎ᠠ᠃
34 ᠰᠠᠳᠣᠺᠠᠢᠴᠤᠳ ᠢ ᠭᠠᠷᠲᠠᠭᠠᠭᠰᠠᠨ ᠢ ᠨᠢ ᠹᠠᠷᠢᠰᠠᠢᠴᠤᠳ ᠰᠣᠨᠣᠰᠣᠭᠠᠳ ᠴᠤᠭᠯᠠᠷᠠᠪᠠ᠃ 35 ᠲᠡᠳᠡᠨ ᠦ ᠳᠤᠮᠳᠠᠬᠢ ᠨᠢᠭᠡ ᠬᠠᠤᠯᠢ ᠶᠢᠨ ᠪᠠᠭᠰᠢ ᠢᠰᠦ᠋ᠰ ᠢ ᠰᠣᠷᠢᠬᠤ ᠭᠡᠵᠦ᠄ 36 《ᠪᠠᠭᠰᠢ ᠡ᠂ ᠬᠠᠤᠯᠢ ᠶᠢᠨ ᠳᠣᠲᠣᠷ᠎ᠠ ᠬᠠᠮᠤᠭ ᠤᠨ ᠴᠢᠬᠤᠯᠠ ᠵᠠᠷᠯᠢᠭ ᠨᠢ ᠠᠯᠢ ᠪᠤᠢ︖》 ᠭᠡᠵᠦ ᠠᠰᠠᠭᠤᠬᠤ ᠳᠤ᠂ 37 ᠢᠰᠦ᠋ᠰ ᠲᠡᠭᠦᠨ ᠳᠦ᠄ 《〈ᠴᠢ ᠡᠵᠡᠨ ᠪᠤᠷᠬᠠᠨ ᠢᠶᠠᠨ ᠪᠦᠬᠦ ᠵᠢᠷᠦᠬᠡ᠂ ᠪᠦᠬᠦ ᠰᠡᠳᠬᠢᠯ᠂ ᠪᠦᠬᠦ ᠣᠶᠤᠨ ᠢᠶᠠᠷ ᠢᠶᠠᠨ ᠬᠠᠢᠷᠠᠯᠠ〉᠂ 38 ᠡᠨᠡ ᠪᠣᠯ ᠴᠢᠬᠤᠯᠠ ᠪᠥᠭᠡᠳ ᠲᠡᠷᠢᠭᠦᠨ ᠵᠠᠷᠯᠢᠭ᠃ 39 ᠬᠣᠶᠠᠳᠠᠬᠢ ᠨᠢ ᠡᠨᠡ᠄ 〈ᠴᠢ ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ〉 ᠭᠡᠰᠡᠨ ᠶᠤᠮ᠃ 40 ᠪᠦᠬᠦ ᠬᠠᠤᠯᠢ ᠪᠣᠯᠣᠨ ᠡᠰᠢ ᠦᠵᠡᠭᠦᠯᠦᠭᠴᠢᠳ ᠡᠨᠡ ᠬᠣᠶᠠᠷ ᠵᠠᠷᠯᠢᠭ ᠳᠡᠭᠡᠷ᠎ᠡ ᠲᠤᠯᠭᠠᠭᠤᠷᠢᠯᠠᠳᠠᠭ》 ᠭᠡᠯᠡ᠃
41 ᠹᠠᠷᠢᠰᠠᠢᠴᠤᠳ ᠴᠤᠭᠯᠠᠷᠠᠭᠠᠳ ᠪᠠᠢᠬᠤ ᠳᠤ᠂ ᠢᠰᠦ᠋ᠰ ᠲᠡᠳᠡᠨ ᠡᠴᠡ᠄ 42 《ᠲᠠ ᠨᠠᠷ ᠾᠷᠢᠰᠲ᠋ᠣᠰ ᠤᠨ ᠲᠤᠬᠠᠢ ᠶᠠᠭᠤ ᠭᠡᠵᠦ ᠪᠣᠳᠣᠳᠠᠭ ᠪᠤᠢ︖ ᠲᠡᠷᠡ ᠬᠡᠨ ᠦ ᠤᠳᠤᠮ ᠪᠤᠢ︖》 ᠭᠡᠵᠦ ᠠᠰᠠᠭᠤᠬᠤ ᠳᠤ᠂ ᠲᠡᠳᠡ᠄ 《ᠳ᠋ᠠᠸᠢᠳ᠋ ᠤᠨ ᠤᠳᠤᠮ》 ᠭᠡᠵᠡᠭᠡᠪᠡ᠃ 43 ᠢᠰᠦ᠋ᠰ ᠲᠡᠳᠡᠨ ᠳᠦ᠄ 《ᠲᠡᠭᠡᠪᠡᠯ ᠳ᠋ᠠᠸᠢᠳ᠋ ᠠᠷᠢᠭᠤᠨ ᠰᠦᠨᠡᠰᠦ ᠪᠡᠷ ᠾᠷᠢᠰᠲ᠋ᠣᠰ ᠢ 〈ᠡᠵᠡᠨ〉 ᠭᠡᠵᠦ ᠳᠠᠭᠤᠳᠠᠭᠠᠳ᠂ 44 ᠡᠵᠡᠨ ᠮᠢᠨᠦ ᠡᠵᠡᠨ ᠳᠦ᠄ 〈ᠪᠢ ᠴᠢᠨᠦ ᠳᠠᠢᠰᠤᠨ ᠨᠤᠭᠤᠳ ᠢ ᠬᠥᠯ ᠳᠣᠣᠷ᠎ᠠ ᠴᠢᠨᠢ ᠲᠠᠯᠪᠢᠬᠤ ᠬᠦᠷᠲᠡᠯ᠎ᠡ ᠴᠢ ᠮᠢᠨᠦ ᠪᠠᠷᠠᠭᠤᠨ ᠲᠠᠯ᠎ᠠ ᠳᠤ ᠰᠠᠭᠤᠵᠤ ᠪᠠᠢ〉 ᠭᠡᠵᠦ ᠬᠡᠯᠡᠭᠰᠡᠨ ᠨᠢ ᠶᠠᠮᠠᠷ ᠤᠴᠢᠷ ᠲᠠᠢ ᠶᠤᠮ ᠪᠤᠢ︖ 45 ᠳ᠋ᠠᠸᠢᠳ᠋ ᠾᠷᠢᠰᠲ᠋ᠣᠰ ᠢ ᠡᠵᠡᠨ ᠭᠡᠵᠦ ᠳᠠᠭᠤᠳᠠᠳᠠᠭ ᠪᠠᠢᠲᠠᠯ᠎ᠠ ᠾᠷᠢᠰᠲ᠋ᠣᠰ ᠶᠠᠭᠠᠬᠢᠵᠤ ᠳ᠋ᠠᠸᠢᠳ᠋ ᠤᠨ ᠤᠳᠤᠮ ᠪᠠᠢᠵᠤ ᠪᠣᠯᠬᠤ ᠪᠢᠯᠡ︖》 ᠭᠡᠬᠦ ᠳᠦ᠂ 46 ᠬᠡᠨ ᠴᠤ ᠲᠡᠭᠦᠨ ᠳᠦ ᠬᠠᠷᠢᠭᠤᠯᠵᠤ ᠳᠡᠢᠯᠦᠭᠰᠡᠨ ᠦᠭᠡᠢ᠂ ᠲᠡᠷᠡ ᠡᠳᠦᠷ ᠡᠴᠡ ᠬᠣᠢᠰᠢ ᠬᠡᠨ ᠴᠤ ᠲᠡᠭᠦᠨ ᠡᠴᠡ ᠶᠠᠭᠤᠮ᠎ᠠ ᠠᠰᠠᠭᠤᠵᠤ ᠵᠢᠷᠦᠬᠡᠯᠡᠭᠰᠡᠨ ᠦᠭᠡᠢ᠃