1 2 3 4 5 6 7 8 9 10 11 12 13 14 15 16 17 18 19 20 21 22 23 24 25 26 27 28


ᠮᠠᠲ᠋ᠠᠢ ᠬᠣᠷᠢᠨ ᠲᠠᠪᠤ
 ᠠᠷᠪᠠᠨ ᠥᠬᠢᠨ ᠤ ᠦᠯᠢᠭᠡᠷᠯᠡᠯ

1 ᠲᠡᠷᠡ ᠦᠶ᠎ᠡ ᠳᠦ᠂ ᠲᠩᠷᠢ ᠶᠢᠨ ᠬᠠᠭᠠᠨᠴᠢᠯᠠᠯ ᠨᠢ ᠰᠢᠨ᠎ᠡ ᠬᠦᠷᠭᠡᠨ ᠢ ᠤᠭᠲᠤᠬᠤ ᠪᠠᠷ ᠳ᠋ᠧᠩ ᠠᠪᠴᠤ ᠭᠠᠷᠤᠭᠰᠠᠨ ᠠᠷᠪᠠᠨ ᠥᠬᠢᠨ ᠲᠠᠢ ᠠᠳᠠᠯᠢ᠃ 2 ᠲᠡᠳᠡᠨ ᠦ ᠲᠠᠪᠤ ᠨᠢ ᠮᠤᠩ᠋ᠬᠠᠭ᠂ ᠲᠠᠪᠤ ᠨᠢ ᠤᠬᠠᠭᠠᠨᠯᠢᠭ ᠪᠠᠢᠵᠠᠢ᠃ 3 ᠮᠤᠩ᠋ᠬᠠᠭ ᠤᠳ ᠨᠢ ᠳ᠋ᠧᠩ ᠢᠶᠠᠨ ᠠᠪᠤᠭᠰᠠᠨ ᠪᠣᠯᠪᠠᠴᠤ ᠲᠣᠰᠣ ᠶᠢ ᠨᠢ ᠠᠪᠤᠭᠰᠠᠨ ᠦᠭᠡᠢ᠃ 4 ᠬᠠᠷᠢᠨ ᠤᠬᠠᠭᠠᠨᠯᠢᠭ ᠤᠳ ᠨᠢ ᠳ᠋ᠧᠩ ᠲᠠᠢ ᠪᠠᠨ ᠬᠠᠮᠲᠤ ᠰᠠᠪᠠ ᠲᠠᠢ ᠲᠣᠰᠣ ᠶᠢ ᠨᠢ ᠴᠤ ᠠᠪᠤᠪᠠ᠃ 5 ᠬᠦᠷᠭᠡᠨ ᠢᠷᠡᠬᠦ ᠦᠭᠡᠢ ᠤᠳᠠᠭᠰᠠᠨ ᠲᠤᠯᠠ ᠲᠡᠳᠡ ᠪᠦᠭᠦᠳᠡ ᠨᠣᠢᠷᠮᠣᠭᠯᠠᠭᠠᠳ ᠤᠨᠲᠠᠵᠤ ᠡᠬᠢᠯᠡᠪᠡ᠃ 6 ᠭᠡᠲᠡᠯ᠎ᠡ ᠰᠥᠨᠢ ᠳᠥᠯᠢ ᠪᠠᠷ ᠬᠠᠰᠬᠢᠷᠬᠤ ᠳᠠᠭᠤ ᠭᠠᠷᠴᠤ᠄ 〈ᠬᠥᠶᠶ᠂ ᠬᠦᠷᠭᠡᠨ ᠢᠷᠡᠯ᠎ᠡ᠂ ᠨᠠᠰᠢ ᠪᠠᠨ᠂ ᠲᠡᠭᠦᠨ ᠢ ᠤᠭᠲᠤᠨ ᠠᠪᠴᠠᠭ᠎ᠠ︕〉 ᠭᠡᠯ᠎ᠡ᠃ 7 ᠥᠨᠥᠬᠢ ᠥᠬᠢᠳ ᠪᠦᠭᠦᠳᠡᠭᠡᠷ ᠢᠶᠡᠨ ᠪᠣᠰᠴᠤ ᠳ᠋ᠧᠩ ᠢᠶᠠᠨ ᠪᠡᠯᠡᠳᠬᠡᠵᠡᠭᠡᠪᠡ᠃ 8 ᠮᠤᠩ᠋ᠬᠠᠭ ᠤᠳ ᠨᠢ ᠤᠬᠠᠭᠠᠨᠯᠢᠭ ᠤᠳ ᠲᠠᠭᠠᠨ᠄ 〈ᠪᠢᠳᠡᠨ ᠦ ᠳ᠋ᠧᠩ ᠪᠥᠬᠥᠬᠦ ᠨᠢ᠂ ᠪᠢᠳᠡᠨ ᠳᠦ ᠲᠣᠰᠣᠨ ᠠᠴᠠ ᠪᠠᠨ ᠥᠭᠭᠥᠭᠡᠴᠢ〉 ᠭᠡᠰᠡᠨ ᠳᠦ᠂ 9 ᠤᠬᠠᠭᠠᠨᠯᠢᠭ ᠤᠳ ᠨᠢ᠄ 〈ᠲᠡᠭᠡᠪᠡᠯ ᠪᠢᠳᠡᠨ ᠳᠦ ᠴᠤ᠂ ᠲᠠ ᠨᠠᠷ ᠲᠤ ᠴᠤ ᠬᠦᠷᠦᠯᠴᠡᠬᠦ ᠦᠭᠡᠢ ᠪᠣᠯᠣᠨ᠎ᠠ᠃ ᠲᠠ ᠨᠠᠷ ᠬᠤᠳᠠᠯᠳᠤᠭᠠᠴᠢᠳ ᠠᠴᠠ ᠲᠣᠰᠣ ᠠᠪᠬᠤ ᠪᠠᠷ ᠶᠠᠪᠤᠭᠰᠠᠨ ᠨᠢ ᠳᠡᠭᠡᠷ᠎ᠡ〉 ᠭᠡᠵᠡᠢ᠃ 10 ᠲᠡᠳᠡ ᠬᠤᠳᠠᠯᠳᠤᠨ ᠠᠪᠬᠤ ᠪᠠᠷ ᠶᠠᠪᠤᠭᠰᠠᠨ ᠬᠣᠭᠣᠷᠣᠨᠳᠣ ᠬᠦᠷᠭᠡᠨ ᠢᠷᠡᠪᠡ᠃ ᠪᠡᠯᠡᠳᠬᠡᠯ ᠲᠡᠢ ᠥᠬᠢᠳ ᠲᠡᠭᠦᠨ ᠲᠡᠢ ᠬᠠᠮᠲᠤ ᠬᠤᠷᠢᠮ ᠤᠨ ᠨᠠᠢᠷ ᠲᠤ ᠣᠷᠣᠵᠤ ᠡᠭᠦᠳᠡ ᠬᠠᠭᠠᠭᠳᠠᠵᠠᠢ᠃ 11 ᠡᠭᠦᠨ ᠦ ᠳᠠᠷᠠᠭ᠎ᠠ᠂ ᠪᠤᠰᠤᠳ ᠥᠬᠢᠳ ᠨᠢ ᠢᠷᠡᠵᠦ᠄ 〈ᠡᠵᠡᠨ᠂ ᠡᠵᠡᠨ᠂ ᠨᠡᠭᠡᠭᠡᠭᠡᠳ ᠥᠭᠭᠥᠭᠡᠴᠢ〉 ᠭᠡᠬᠦ ᠳᠦ᠂ 12 ᠲᠡᠷᠡ᠄ 〈ᠲᠠ ᠨᠠᠷ ᠲᠤ ᠪᠠᠲᠤᠲᠠᠢ ᠬᠡᠯᠡᠶ᠎ᠡ᠃ ᠪᠢ ᠲᠠ ᠨᠠᠷ ᠢ ᠲᠠᠨᠢᠬᠤ ᠦᠭᠡᠢ〉 ᠭᠡᠵᠦ ᠬᠠᠷᠢᠭᠤᠯᠵᠠᠢ᠃ 13 ᠲᠡᠢᠮᠦ ᠡᠴᠡ ᠰᠡᠷᠭᠡᠭ ᠪᠠᠢᠵᠠᠭ᠎ᠠ᠃ ᠲᠡᠷᠡ ᠡᠳᠦᠷ ᠢ ᠴᠤ᠂ ᠲᠡᠷᠡ ᠴᠠᠭ ᠢ ᠴᠤ ᠲᠠ ᠨᠠᠷ ᠮᠡᠳᠡᠳᠡᠭ ᠦᠭᠡᠢ᠃
 ᠲᠠᠯᠠᠨᠲ ᠤᠨ ᠦᠯᠢᠭᠡᠷᠯᠡᠯ

14 ᠲᠩᠷᠢ ᠶᠢᠨ ᠬᠠᠭᠠᠨᠴᠢᠯᠠᠯ ᠪᠣᠯ ᠭᠠᠳᠠᠭᠠᠳᠤ ᠳᠤ ᠶᠠᠪᠤᠬᠤ ᠳᠠᠭᠠᠨ ᠵᠠᠷᠤᠴᠠ ᠨᠠᠷ ᠢᠶᠠᠨ ᠳᠠᠭᠤᠳᠠᠭᠠᠳ᠂ ᠪᠠᠢᠭ᠎ᠠ ᠪᠠᠨ ᠲᠡᠳᠡᠨ ᠳᠦ ᠳᠠᠭᠠᠭᠠᠯᠭᠠᠭᠰᠠᠨ ᠨᠢᠭᠡᠨ ᠬᠥᠮᠦᠨ ᠲᠡᠢ ᠠᠳᠠᠯᠢ᠃ 15 ᠲᠡᠷᠡ ᠬᠥᠮᠦᠨ ᠲᠡᠳᠡᠨ ᠦ ᠴᠢᠳᠠᠪᠤᠷᠢ ᠶᠢᠨ ᠬᠢᠷᠢ ᠪᠠᠷ ᠨᠢᠭᠡᠨ ᠳᠦᠨᠢ ᠲᠠᠪᠤᠨ ᠲᠠᠯᠠᠨᠲ 41 ᠂ ᠨᠥᠭᠥᠭᠡ ᠳᠦᠨᠢ ᠬᠣᠶᠠᠷ ᠲᠠᠯᠠᠨᠲ᠂ ᠥᠭᠡᠷ᠎ᠡ ᠨᠢᠭᠡᠨ ᠳᠦᠨᠢ ᠨᠢᠭᠡ ᠲᠠᠯᠠᠨᠲ ᠥᠭᠭᠥᠭᠡᠳ ᠭᠠᠳᠠᠭᠠᠳᠤ ᠳᠤ ᠶᠠᠪᠤᠵᠠᠢ᠃ 16 ᠲᠠᠪᠤᠨ ᠲᠠᠯᠠᠨᠲ ᠠᠪᠤᠭᠰᠠᠨ ᠨᠢ ᠲᠡᠷᠡ ᠳᠠᠷᠤᠢ ᠶᠠᠪᠤᠵᠤ᠂ ᠲᠡᠭᠦᠨ ᠢᠶᠡᠷ ᠢᠶᠠᠨ ᠬᠤᠳᠠᠯᠳᠤᠭ᠎ᠠ ᠬᠢᠭᠡᠳ ᠲᠠᠪᠤᠨ ᠲᠠᠯᠠᠨᠲ ᠬᠣᠨᠵᠢᠪᠠ᠃ 17 ᠡᠭᠦᠨ ᠲᠡᠢ ᠠᠳᠠᠯᠢ ᠪᠠᠷ ᠬᠣᠶᠠᠷ ᠲᠠᠯᠠᠨᠲ ᠠᠪᠤᠭᠰᠠᠨ ᠨᠢ ᠴᠤ ᠬᠣᠶᠠᠷ ᠲᠠᠯᠠᠨᠲ ᠬᠣᠨᠵᠢᠪᠠ᠃ 18 ᠬᠠᠷᠢᠨ ᠨᠢᠭᠡ ᠲᠠᠯᠠᠨᠲ ᠠᠪᠤᠭᠰᠠᠨ ᠨᠢ ᠶᠠᠪᠤᠭᠠᠳ ᠭᠠᠵᠠᠷ ᠨᠦᠬᠡᠯᠡᠵᠦ ᠡᠵᠡᠨ ᠦ ᠪᠠᠨ ᠮᠥᠩᠭᠥ ᠶᠢ ᠨᠢᠭᠤᠪᠠ᠃ 19 ᠨᠡᠯᠢᠶᠡᠳ ᠤᠷᠲᠤ ᠬᠤᠭᠤᠴᠠᠭᠠᠨ ᠤ ᠳᠠᠷᠠᠭ᠎ᠠ᠂ ᠵᠠᠷᠤᠴᠠ ᠨᠠᠷ ᠤᠨ ᠡᠵᠡᠨ ᠢᠷᠡᠵᠦ ᠲᠡᠳᠡᠨ ᠲᠡᠢ ᠲᠣᠭᠠᠴᠠᠭ᠎ᠠ ᠬᠢᠵᠡᠢ᠃ 20 ᠲᠠᠪᠤᠨ ᠲᠠᠯᠠᠨᠲ ᠠᠪᠤᠭᠰᠠᠨ ᠨᠢ ᠢᠯᠡᠭᠦᠦ ᠲᠠᠪᠤᠨ ᠲᠠᠯᠠᠨᠲ ᠠᠪᠴᠢᠷᠠᠵᠤ᠄ 〈ᠡᠵᠡᠨ᠂ ᠲᠠ ᠨᠠᠳᠠ ᠳᠤ ᠲᠠᠪᠤᠨ ᠲᠠᠯᠠᠨᠲ ᠳᠠᠭᠠᠭᠠᠯᠭᠠᠭᠰᠠᠨ ᠪᠢᠵᠡ᠃ ᠬᠠᠷᠠᠭᠠᠴᠢ᠂ ᠪᠢ ᠲᠠᠪᠤᠨ ᠲᠠᠯᠠᠨᠲ ᠤᠨ ᠬᠣᠨᠵᠢᠶ᠎ᠠ ᠨᠡᠮᠡᠵᠦ ᠣᠯᠣᠭᠰᠠᠨ ᠰᠢᠦ ᠳᠠ〉 ᠭᠡᠬᠦ ᠳᠦ᠂ 21 ᠡᠵᠡᠨ ᠨᠢ ᠲᠡᠭᠦᠨ ᠳᠦ᠄ 〈ᠠᠱᠢᠭᠦᠢ ᠳᠠ᠂ ᠰᠠᠢᠨ᠂ ᠢᠲᠡᠭᠡᠮᠵᠢᠲᠦ ᠵᠠᠷᠤᠴᠠ ᠮᠢᠨᠢ︕ ᠴᠢ ᠴᠥᠭᠡᠨ ᠳᠦ ᠢᠲᠡᠭᠡᠮᠵᠢᠲᠠᠢ ᠪᠠᠢᠭᠰᠠᠨ ᠲᠤᠯᠠ ᠪᠢ ᠠᠷᠪᠢᠨ ᠢ ᠴᠢᠮ᠎ᠠ ᠪᠠᠷ ᠬᠠᠷᠢᠭᠤᠴᠠᠭᠤᠯᠤᠶ᠎ᠠ᠂ ᠴᠢ ᠡᠵᠡᠨ ᠦ ᠪᠠᠨ ᠪᠠᠶᠠᠰᠬᠤᠯᠠᠩ ᠳᠤ ᠣᠷᠣᠯᠴᠠᠭᠠᠷᠠᠢ〉 ᠭᠡᠵᠡᠢ᠃ 22 ᠬᠣᠶᠠᠷ ᠲᠠᠯᠠᠨᠲ ᠠᠪᠤᠭᠰᠠᠨ ᠨᠢ ᠴᠤ ᠢᠷᠡᠭᠡᠳ᠄ 〈ᠡᠵᠡᠨ᠂ ᠲᠠ ᠨᠠᠳᠠ ᠳᠤ ᠬᠣᠶᠠᠷ ᠲᠠᠯᠠᠨᠲ ᠳᠠᠭᠠᠭᠠᠯᠭᠠᠭᠰᠠᠨ ᠪᠢᠵᠡ᠂ ᠪᠢ ᠬᠣᠶᠠᠷ ᠲᠠᠯᠠᠨᠲ ᠤᠨ ᠬᠣᠨᠵᠢᠶ᠎ᠠ ᠣᠯᠣᠯ᠎ᠠ〉 ᠭᠡᠬᠦ ᠳᠦ᠂ 23 ᠡᠵᠡᠨ ᠨᠢ ᠲᠡᠭᠦᠨ ᠳᠦ᠄ 〈ᠠᠱᠢᠭᠦᠢ ᠳᠠ᠂ ᠰᠠᠢᠨ᠂ ᠢᠲᠡᠭᠡᠮᠵᠢᠲᠦ ᠵᠠᠷᠤᠴᠠ ᠮᠢᠨᠢ︕ ᠴᠢ ᠴᠥᠭᠡᠨ ᠶᠠᠭᠤᠮᠠᠨ ᠳᠤ ᠢᠲᠡᠭᠡᠮᠵᠢᠲᠠᠢ ᠪᠠᠢᠵᠠᠢ᠂ ᠪᠢ ᠣᠯᠠᠨ ᠶᠠᠭᠤᠮ᠎ᠠ ᠶᠢ ᠴᠢᠮ᠎ᠠ ᠪᠠᠷ ᠬᠠᠷᠢᠭᠤᠴᠠᠭᠤᠯᠤᠶ᠎ᠠ᠃ ᠴᠢ ᠡᠵᠡᠨ ᠦ ᠪᠠᠨ ᠪᠠᠶᠠᠰᠬᠤᠯᠠᠩ ᠳᠤ ᠣᠷᠣᠯᠴᠠᠭᠠᠷᠠᠢ〉 ᠭᠡᠵᠡᠢ᠃ 24 ᠨᠢᠭᠡ ᠲᠠᠯᠠᠨᠲ ᠠᠪᠤᠭᠰᠠᠨ ᠨᠢ ᠴᠤ ᠢᠷᠡᠭᠡᠳ᠄ 〈ᠡᠵᠡᠨ᠂ ᠪᠢ ᠲᠠᠨ ᠢ ᠲᠠᠷᠢᠭ᠎ᠠ ᠦᠭᠡᠢ ᠭᠠᠵᠠᠷ ᠠᠴᠠ ᠬᠠᠳᠤᠵᠤ᠂ ᠦᠷ᠎ᠡ ᠰᠠᠴᠤᠭ᠎ᠠ ᠦᠭᠡᠢ ᠭᠠᠵᠠᠷ ᠠᠴᠠ ᠬᠤᠷᠢᠶᠠᠳᠠᠭ ᠬᠠᠲᠠᠭᠤ ᠬᠥᠮᠦᠨ ᠭᠡᠵᠦ ᠮᠡᠳᠡᠨ᠎ᠡ᠃ 25 ᠡᠢᠮᠦ ᠡᠴᠡ ᠪᠢ ᠠᠶᠤᠭᠠᠳ ᠶᠠᠪᠤᠵᠤ᠂ ᠲᠠᠨ ᠤ ᠲᠠᠯᠠᠨᠲ ᠢ ᠭᠠᠵᠠᠷ ᠲᠤ ᠨᠢᠭᠤᠴᠢᠬᠠᠭᠰᠠᠨ᠃ ᠬᠠᠷᠠᠭᠠᠴᠢ᠂ ᠲᠠᠨ ᠤ ᠶᠠᠭᠤᠮ᠎ᠠ ᠡᠨᠡ ᠪᠠᠢᠨ᠎ᠠ〉 ᠭᠡᠪᠡ᠃ 26 ᠡᠵᠡᠨ ᠨᠢ ᠲᠡᠭᠦᠨ ᠳᠦ᠄ 〈ᠮᠠᠭᠤ ᠵᠠᠯᠬᠠᠭᠤ ᠵᠠᠷᠤᠴᠠ︕ ᠴᠢ ᠨᠠᠮᠠᠶᠢ ᠲᠠᠷᠢᠭ᠎ᠠ ᠦᠭᠡᠢ ᠭᠠᠵᠠᠷ ᠠᠴᠠ ᠬᠠᠳᠤᠵᠤ᠂ ᠦᠷ᠎ᠡ ᠰᠠᠴᠤᠭ᠎ᠠ ᠦᠭᠡᠢ ᠭᠠᠵᠠᠷ ᠠᠴᠠ ᠬᠤᠷᠢᠶᠠᠳᠠᠭ ᠭᠡᠵᠦ ᠦᠵᠡᠪᠡ ᠤᠤ︖ 27 ᠲᠡᠭᠡᠪᠡᠯ ᠴᠢ ᠮᠥᠩᠭᠥ ᠶᠢ ᠮᠢᠨᠢ ᠪᠠᠩᠬᠢ ᠳᠤ ᠬᠠᠳᠠᠭᠠᠯᠠᠭᠤᠯᠬᠤ ᠶᠣᠰᠣᠲᠠᠢ ᠪᠠᠢᠭᠰᠠᠨ᠃ ᠲᠡᠭᠡᠭᠰᠡᠨ ᠪᠣᠯ᠂ ᠪᠢ ᠪᠤᠴᠠᠵᠤ ᠢᠷᠡᠭᠡᠳ ᠮᠥᠩᠭᠥ ᠪᠡᠨ ᠬᠦᠦ ᠲᠠᠢ ᠨᠢ ᠠᠪᠬᠤ ᠰᠠᠨ᠃ 28 ᠵᠠ᠂ ᠲᠡᠭᠦᠨ ᠡᠴᠡ ᠨᠢᠭᠡ ᠲᠠᠯᠠᠨᠲ ᠢ ᠨᠢ ᠠᠪᠴᠤ ᠠᠷᠪᠠᠨ ᠲᠠᠯᠠᠨᠲ ᠲᠠᠢ ᠳᠤᠨᠢ ᠥᠭ᠃ 29 ᠬᠡᠨ ᠳᠦ ᠪᠠᠢᠪᠠᠯ᠂ ᠲᠡᠭᠦᠨ ᠳᠦ ᠥᠭᠴᠦ᠂ ᠡᠯᠪᠡᠭᠵᠢᠭᠦᠯᠦᠨ᠎ᠡ᠃ ᠬᠡᠨ ᠳᠦ ᠪᠠᠢᠬᠤ ᠦᠭᠡᠢ ᠪᠣᠯ᠂ ᠲᠡᠭᠦᠨ ᠳᠦ ᠪᠠᠢᠭ᠎ᠠ ᠨᠢ ᠬᠦᠷᠲᠡᠯ᠎ᠡ ᠪᠤᠯᠢᠶᠠᠭᠳᠠᠨ᠎ᠠ᠃ 30 ᠡᠨᠡ ᠬᠡᠷᠡᠭ ᠦᠭᠡᠢ ᠵᠠᠷᠤᠴᠠ ᠶᠢ ᠭᠠᠳᠠᠨᠠᠬᠢ ᠬᠠᠷᠠᠩ᠋ᠭᠤᠢ ᠳᠤ ᠬᠠᠶᠠ︕ ᠲᠡᠷᠡ ᠲᠡᠨᠳᠡ ᠤᠬᠢᠯᠠᠵᠤ᠂ ᠰᠢᠳᠦ ᠪᠡᠨ ᠬᠠᠪᠢᠷᠬᠤ ᠪᠣᠯᠣᠨ᠎ᠠ〉 ᠭᠡᠵᠦ ᠬᠡᠯᠡᠪᠡ᠃
 ᠡᠴᠦᠰ ᠦᠨ ᠰᠢᠭᠦᠯᠲᠡ

31 ᠬᠥᠮᠦᠨ ᠦ ᠬᠦᠦ ᠥᠪᠡᠷ ᠦᠨ ᠠᠯᠳᠠᠷ ᠰᠤᠤ ᠲᠠᠢ ᠪᠠᠷ ᠲᠩᠷᠢ ᠶᠢᠨ ᠬᠠᠮᠤᠭ ᠡᠯᠴᠢ ᠲᠠᠢ ᠢᠷᠡᠭᠰᠡᠨ ᠦᠶ᠎ᠡ ᠳᠦ᠂ ᠠᠯᠳᠠᠷ ᠰᠤᠤ ᠲᠠᠢ ᠰᠡᠨᠲᠢ ᠳᠡᠭᠡᠨ ᠰᠠᠭᠤᠬᠤ ᠪᠥᠭᠡᠳ 32 ᠪᠦᠬᠦ ᠦᠨᠳᠦᠰᠦᠲᠡᠨ ᠲᠡᠭᠦᠨ ᠦ ᠡᠮᠦᠨ᠎ᠡ ᠴᠤᠭᠯᠠᠭᠤᠯᠤᠭᠳᠠᠬᠤ ᠪᠣᠯᠣᠨ᠎ᠠ᠃ ᠬᠣᠨᠢᠴᠢᠨ ᠬᠣᠨᠢ ᠪᠠᠨ ᠢᠮᠠᠭᠠᠨ ᠠᠴᠠ ᠢᠯᠭᠠᠳᠠᠭ ᠰᠢᠭ᠋᠂ ᠲᠡᠷᠡ ᠲᠡᠳᠡᠨ ᠢ ᠢᠯᠭᠠᠵᠤ᠂ 33 ᠬᠣᠨᠢᠳ ᠢ ᠪᠠᠷᠠᠭᠤᠨ ᠲᠠᠯ᠎ᠠ ᠳᠠᠭᠠᠨ᠂ ᠢᠮᠠᠭᠠᠳ ᠢ ᠵᠡᠭᠦᠨ ᠲᠠᠯ᠎ᠠ ᠳᠠᠭᠠᠨ ᠪᠠᠢᠯᠭᠠᠨ᠎ᠠ᠃ 34 ᠲᠡᠭᠡᠭᠡᠳ ᠲᠡᠷᠡ ᠬᠠᠭᠠᠨ ᠪᠠᠷᠠᠭᠤᠨ ᠲᠠᠯ᠎ᠠ ᠳᠤ ᠪᠠᠢᠭᠰᠠᠳ ᠲᠤ᠄ 〈ᠨᠠᠰᠢ ᠢᠷ᠎ᠠ᠂ ᠮᠢᠨᠦ ᠡᠴᠢᠭᠡ ᠳᠦ ᠢᠷᠥᠭᠡᠭᠳᠡᠭᠰᠡᠳ ᠡ᠂ ᠶᠢᠷᠲᠢᠨᠴᠦ ᠪᠦᠲᠦᠭᠡᠭᠳᠡᠭᠰᠡᠨ ᠡᠴᠡ ᠬᠣᠢᠰᠢ᠂ ᠲᠠ ᠨᠠᠷ ᠲᠤ ᠪᠡᠯᠡᠳᠬᠡᠭᠳᠡᠭᠰᠡᠨ ᠬᠠᠭᠠᠨᠴᠢᠯᠠᠯ ᠢ ᠥᠪᠯᠡᠨ ᠠᠪᠴᠠᠭ᠎ᠠ᠃ 35 ᠥᠯᠥᠰᠬᠦ ᠳᠦ ᠮᠢᠨᠢ᠂ ᠲᠠ ᠨᠠᠷ ᠨᠠᠳᠠ ᠳᠤ ᠢᠳᠡᠬᠦ ᠶᠠᠭᠤᠮ᠎ᠠ ᠥᠭᠭᠥᠭᠰᠡᠨ᠃ ᠴᠠᠩ᠋ᠭᠠᠬᠤ ᠳᠤ ᠮᠢᠨᠢ ᠤᠤᠭᠤᠯᠭᠠᠭᠰᠠᠨ᠂ ᠴᠠᠭᠠᠴᠢᠨ ᠪᠠᠢᠬᠤ ᠳᠤ ᠮᠢᠨᠢ ᠬᠦᠯᠢᠶᠡᠵᠦ ᠠᠪᠤᠭᠰᠠᠨ᠃ 36 ᠨᠢᠴᠦᠭᠦᠨ ᠪᠠᠢᠬᠤ ᠳᠤ ᠮᠢᠨᠢ ᠨᠠᠮᠠᠶᠢ ᠬᠤᠪᠴᠠᠰᠤᠯᠠᠭᠰᠠᠨ᠂ ᠡᠪᠡᠳᠴᠢᠨ ᠲᠡᠢ ᠪᠠᠢᠬᠤ ᠳᠤ ᠮᠢᠨᠢ ᠨᠠᠮᠠᠶᠢ ᠡᠷᠭᠢᠭᠰᠡᠨ᠂ ᠱᠣᠷᠣᠩ ᠳᠤ ᠪᠠᠢᠬᠤ ᠳᠤ ᠮᠢᠨᠢ ᠨᠠᠳᠠ ᠳᠡᠭᠡᠷ᠎ᠡ ᠢᠷᠡᠭᠰᠡᠨ ᠪᠢᠯᠡ〉 ᠭᠡᠬᠦ ᠪᠣᠯᠣᠨ᠎ᠠ᠂ 37 ᠲᠡᠭᠡᠬᠦ ᠳᠦ ᠵᠥᠪᠲᠡᠳ ᠲᠡᠭᠦᠨ ᠳᠦ᠄ 〈ᠡᠵᠡᠨ᠂ ᠬᠡᠵᠢᠶ᠎ᠡ ᠪᠢᠳᠡ ᠥᠯᠥᠰᠴᠦ ᠪᠠᠢᠬᠤ ᠶᠢ ᠲᠠᠨᠢ ᠬᠠᠷᠠᠭᠠᠳ ᠵᠣᠭᠣᠭᠯᠠᠭᠤᠯᠵᠤ᠂ ᠴᠠᠩ᠋ᠭᠠᠵᠤ ᠪᠠᠢᠬᠤ ᠶᠢ ᠲᠠᠨᠢ ᠬᠠᠷᠠᠭᠠᠳ ᠤᠤᠭᠤᠯᠭᠠᠭᠰᠠᠨ ᠪᠤᠢ︖ 38 ᠬᠡᠵᠢᠶ᠎ᠡ ᠪᠢᠳᠡ ᠴᠠᠭᠠᠴᠢᠨ ᠪᠠᠢᠬᠤ ᠶᠢ ᠲᠠᠨᠢ ᠬᠠᠷᠠᠭᠠᠳ ᠬᠦᠯᠢᠶᠡᠨ ᠠᠪᠴᠤ᠂ ᠨᠢᠴᠦᠭᠦᠨ ᠪᠠᠢᠬᠤ ᠶᠢ ᠲᠠᠨᠢ ᠬᠠᠷᠠᠭᠠᠳ ᠬᠤᠪᠴᠠᠰᠤᠯᠠᠭᠰᠠᠨ ᠪᠤᠢ︖ 39 ᠬᠡᠵᠢᠶ᠎ᠡ ᠡᠪᠡᠳᠴᠢᠨ ᠲᠡᠢ ᠪᠠᠢᠬᠤ ᠪᠤᠶᠤ ᠱᠣᠷᠣᠩ ᠳᠤ ᠪᠠᠢᠬᠤ ᠶᠢ ᠲᠠᠨᠢ ᠬᠠᠷᠠᠭᠠᠳ ᠪᠢᠳᠡ ᠲᠠᠨ ᠤᠷᠤᠭᠤ ᠣᠴᠢᠭᠰᠠᠨ ᠪᠤᠢ︖〉 ᠭᠡᠪᠡᠯ᠂ 40 ᠬᠠᠭᠠᠨ ᠬᠠᠷᠢᠭᠤ ᠳᠤᠨᠢ᠄ 〈ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠮᠢᠨᠦ ᠡᠳᠡᠭᠡᠷ ᠠᠬ᠎ᠠ ᠳᠡᠭᠦᠦᠰ ᠦᠨ ᠬᠠᠮᠤᠭ ᠤᠨ ᠥᠴᠦᠬᠡᠨ ᠨᠢᠭᠡᠨ ᠳᠦᠨᠢ ᠶᠠᠭᠤ ᠬᠢᠭᠰᠡᠨ ᠪᠣᠯ᠂ ᠨᠠᠳᠠ ᠳᠤ ᠬᠢᠭᠰᠡᠨ ᠬᠡᠷᠡᠭ〉 ᠭᠡᠵᠦ ᠬᠡᠯᠡᠨ᠎ᠡ᠃ 41 ᠲᠡᠭᠡᠭᠡᠳ ᠲᠡᠷᠡ ᠵᠡᠭᠦᠨ ᠭᠠᠷ ᠲᠠᠯ᠎ᠠ ᠳᠤ ᠪᠠᠢᠭᠰᠠᠳ ᠲᠠᠭᠠᠨ᠄ 〈ᠨᠠᠳᠠ ᠠᠴᠠ ᠵᠠᠢᠯᠠ᠃ ᠵᠦᠬᠡᠭᠳᠡᠭᠰᠡᠳ ᠡ︕ ᠴᠢᠳᠬᠥᠷ ᠪᠣᠯᠣᠨ ᠲᠡᠭᠦᠨ ᠦ ᠡᠯᠴᠢᠳ ᠲᠤ ᠪᠡᠯᠡᠳᠬᠡᠭᠳᠡᠭᠰᠡᠨ ᠮᠥᠩᠬᠡ ᠭᠠᠯ ᠳᠤ ᠣᠷᠣ᠃ 42 ᠲᠠ ᠨᠠᠷ ᠥᠯᠥᠰᠬᠦ ᠳᠦ ᠮᠢᠨᠢ ᠢᠳᠡᠬᠦ ᠶᠠᠭᠤᠮ᠎ᠠ ᠥᠭᠭᠥᠭᠰᠡᠨ ᠦᠭᠡᠢ᠂ ᠴᠠᠩ᠋ᠭᠠᠬᠤ ᠳᠤ ᠮᠢᠨᠢ ᠤᠤᠭᠤᠯᠭᠠᠭᠰᠠᠨ ᠦᠭᠡᠢ᠃ 43 ᠴᠠᠭᠠᠴᠢᠨ ᠪᠠᠢᠬᠤ ᠳᠤ ᠮᠢᠨᠢ ᠬᠦᠯᠢᠶᠡᠨ ᠠᠪᠤᠭᠰᠠᠨ ᠦᠭᠡᠢ᠂ ᠨᠢᠴᠦᠭᠦᠨ ᠪᠠᠢᠬᠤ ᠳᠤ ᠮᠢᠨᠢ ᠬᠤᠪᠴᠠᠰᠤᠯᠠᠭᠰᠠᠨ ᠦᠭᠡᠢ᠂ ᠡᠪᠡᠳᠴᠢᠨ ᠲᠡᠢ ᠪᠠᠢᠬᠤ ᠳᠤ ᠮᠢᠨᠢ ᠴᠤ᠂ ᠱᠣᠷᠣᠩ ᠳᠤ ᠪᠠᠢᠬᠤ ᠳᠤ ᠮᠢᠨᠢ ᠴᠤ ᠨᠠᠮᠠᠶᠢ ᠡᠷᠭᠢᠭᠰᠡᠨ ᠦᠭᠡᠢ〉 ᠭᠡᠵᠦ ᠬᠡᠯᠡᠨ᠎ᠡ᠃ 44 ᠲᠡᠭᠡᠬᠦ ᠳᠦ᠂ ᠲᠡᠳᠡ ᠮᠥᠨ ᠠᠳᠠᠯᠢ ᠪᠠᠷ᠄ 〈ᠡᠵᠡᠨ ᠡ᠂ ᠪᠢᠳᠡ ᠬᠡᠵᠢᠶ᠎ᠡ ᠲᠠᠨ ᠤ ᠥᠯᠥᠰᠬᠦ ᠶᠢ᠂ ᠴᠠᠩ᠋ᠭᠠᠬᠤ ᠶᠢ᠂ ᠡᠰᠡᠪᠡᠯ ᠴᠠᠭᠠᠴᠢᠨ ᠪᠠᠢᠬᠤ ᠶᠢ᠂ ᠨᠢᠴᠦᠭᠦᠨ ᠪᠠᠢᠬᠤ ᠶᠢ᠂ ᠡᠪᠡᠳᠴᠢᠨ ᠲᠡᠢ ᠪᠠᠢᠬᠤ ᠶᠢ᠂ ᠡᠰᠡᠪᠡᠯ ᠱᠣᠷᠣᠩ ᠳᠤ ᠪᠠᠢᠬᠤ ᠶᠢ ᠬᠠᠷᠠᠭᠠᠳ ᠲᠠᠨ ᠳᠤ ᠦᠢᠯᠡᠴᠢᠯᠡᠭᠰᠡᠨ ᠦᠭᠡᠢ ᠪᠤᠢ︖〉 ᠭᠡᠬᠦ ᠪᠣᠯᠣᠨ᠎ᠠ᠃ 45 ᠲᠡᠷᠡ ᠬᠠᠷᠢᠭᠤ ᠳᠤᠨᠢ᠄ 《ᠲᠠ ᠨᠠᠷ ᠲᠤ ᠪᠠᠲᠤᠲᠠᠢ ᠬᠡᠯᠡᠶ᠎ᠡ᠂ ᠲᠠ ᠨᠠᠷ ᠡᠳᠡ ᠨᠠᠷ ᠤᠨ ᠬᠠᠮᠤᠭ ᠤᠨ ᠥᠴᠦᠬᠡᠨ ᠨᠢᠭᠡᠨ ᠳᠦᠨᠢ ᠶᠠᠭᠤ ᠴᠤ ᠬᠢᠭᠰᠡᠨ ᠦᠭᠡᠢ ᠪᠣᠯ ᠨᠠᠳᠠ ᠳᠤ ᠬᠢᠭᠰᠡᠨ ᠦᠭᠡᠢ ᠬᠡᠷᠡᠭ〉 ᠭᠡᠵᠦ ᠬᠡᠯᠡᠨ᠎ᠡ᠃ 46 ᠡᠢᠨ ᠬᠦ ᠲᠡᠳᠡ ᠮᠥᠩᠬᠡ ᠰᠢᠳᠬᠡᠯ ᠳᠦ᠂ ᠵᠥᠪᠲᠡᠳ ᠮᠥᠩᠬᠡ ᠠᠮᠢᠨ ᠳᠤ ᠣᠷᠣᠬᠤ ᠪᠣᠯᠣᠨ᠎ᠠ》 ᠭᠡᠯ᠎ᠡ᠃