ᠮᠠᠲ᠋ᠠᠢ ᠬᠣᠷᠢᠨ ᠵᠢᠷᠭᠤᠭ᠎ᠠ
ᠢᠰᠦ᠋ᠰ ᠢ ᠬᠥᠨᠥᠭᠡᠬᠦ ᠬᠤᠤᠪᠢᠯᠳᠤᠭᠠᠨ
1 ᠢᠰᠦ᠋ᠰ ᠡᠨᠡ ᠪᠦᠬᠦ ᠦᠭᠡ ᠪᠡᠨ ᠬᠡᠯᠡᠵᠦ ᠳᠠᠭᠤᠰᠤᠭᠠᠳ ᠱᠠᠪᠢ ᠨᠠᠷ ᠲᠠᠭᠠᠨ᠄ 2 《ᠬᠣᠶᠠᠷ ᠬᠣᠨᠣᠭ ᠤᠨ ᠳᠠᠷᠠᠭ᠎ᠠ᠂ ᠭᠡᠲᠦᠯᠭᠡᠭᠰᠡᠨ ᠦ ᠪᠠᠶᠠᠷ ᠪᠣᠯᠬᠤ ᠶᠢ ᠲᠠ ᠨᠠᠷ ᠮᠡᠳᠡᠨ᠎ᠡ᠃ ᠬᠥᠮᠦᠨ ᠦ ᠬᠦᠦ ᠲᠤᠰᠢᠶᠠᠭᠳᠠᠵᠤ᠂ ᠵᠠᠭᠠᠯᠮᠠᠢ ᠳᠤ ᠴᠣᠪᠳᠣᠯᠠᠭᠳᠠᠨᠠ》 ᠭᠡᠯᠡ᠃
3 ᠲᠡᠷᠡ ᠦᠶ᠎ᠡ ᠳᠦ᠂ ᠲᠡᠷᠢᠭᠦᠨ ᠲᠠᠬᠢᠯᠴᠢ ᠺᠠᠶᠠᠹᠠ ᠶᠢᠨ ᠣᠷᠳᠣᠨ ᠳᠤ᠂ ᠠᠬᠠᠯᠠᠬᠤ ᠲᠠᠬᠢᠯᠴᠢᠳ ᠪᠣᠯᠣᠨ ᠠᠷᠠᠳ ᠤᠨ ᠠᠬᠠᠯᠠᠭᠴᠢᠳ ᠴᠤᠭᠯᠠᠷᠠᠭᠠᠳ 4 ᠢᠰᠦ᠋ᠰ ᠢ ᠵᠠᠯᠢᠬᠠᠢ ᠪᠠᠷ ᠪᠠᠷᠢᠵᠤ᠂ ᠠᠯᠠᠬᠤ ᠪᠠᠷ ᠬᠤᠤᠪᠢᠯᠳᠤᠵᠠᠭᠠᠪᠠ᠃ 5 ᠭᠡᠬᠦ ᠳᠡᠭᠡᠨ ᠲᠡᠳᠡ᠄ 《ᠪᠠᠶᠠᠷ ᠤᠨ ᠦᠶ᠎ᠡ ᠪᠡᠷ ᠪᠣᠯᠬᠤ ᠦᠭᠡᠢ᠂ ᠠᠷᠠᠳ ᠣᠯᠠᠨ ᠤ ᠳᠤᠮᠳᠠ ᠦᠢᠮᠡᠭᠡᠨ ᠭᠠᠷᠤᠭᠤᠵᠠᠢ》 ᠭᠡᠯᠴᠡᠵᠦ ᠪᠠᠢᠪᠠ᠃
ᠦᠨᠡᠲᠦ ᠲᠣᠰᠣᠯᠠᠯᠭ᠎ᠠ
6 ᠡᠨᠡ ᠦᠶ᠎ᠡ ᠳᠦ᠂ ᠢᠰᠦ᠋ᠰ ᠪᠧᠲ᠋ᠠᠨᠢᠶ᠎ᠠ ᠳᠤ᠂ ᠤᠶᠠᠮᠠᠨ ᠡᠪᠡᠳᠴᠢᠨ ᠲᠡᠢ ᠰᠢᠮᠣᠨ ᠤ ᠭᠡᠷ ᠲᠦ ᠪᠠᠢᠵᠠᠢ᠃ 7 ᠢᠰᠦ᠋ᠰ ᠬᠣᠭᠣᠯᠠᠨ ᠰᠢᠷᠡᠭᠡᠨ ᠳᠦ ᠰᠠᠭᠤᠵᠤ ᠪᠠᠢᠲᠠᠯ᠎ᠠ ᠨᠢᠭᠡᠨ ᠡᠮᠡᠭᠲᠡᠢ ᠬᠠᠰ ᠰᠠᠪᠠᠨ ᠳᠤ ᠬᠢᠭᠰᠡᠨ ᠶᠡᠬᠡ ᠦᠨ᠎ᠡ ᠲᠠᠢ ᠲᠣᠰᠣ ᠠᠪᠴᠢᠷᠠᠨ᠂ ᠲᠣᠯᠣᠭᠠᠢ ᠤᠷᠤᠭᠤ ᠨᠢ ᠴᠢᠳᠬᠤᠪᠠ᠃ 8 ᠱᠠᠪᠢ ᠨᠠᠷ ᠨᠢ ᠡᠭᠦᠨ ᠢ ᠬᠠᠷᠠᠭᠠᠳ ᠠᠭᠤᠷᠯᠠᠵᠤ᠄ 《ᠶᠠᠭᠤᠨ ᠳᠤ ᠢᠩᠭᠢᠵᠦ ᠰᠦᠢᠳᠬᠡᠨ᠎ᠡ ᠪᠤᠢ︖ 9 ᠡᠨᠡ ᠲᠣᠰᠣ ᠶᠢ ᠥᠨᠳᠥᠷ ᠦᠨ᠎ᠡ ᠪᠡᠷ ᠬᠤᠳᠠᠯᠳᠤᠭᠠᠳ ᠶᠠᠳᠠᠭᠤᠴᠤᠳ ᠢ ᠲᠤᠰᠠᠯᠠᠵᠤ ᠪᠣᠯᠬᠤ ᠰᠠᠨ》 ᠭᠡᠵᠡᠭᠡᠪᠡ᠃ 10 ᠬᠠᠷᠢᠨ ᠢᠰᠦ᠋ᠰ ᠡᠭᠦᠨ ᠢ ᠮᠡᠳᠡᠭᠡᠳ᠂ ᠲᠡᠳᠡᠨ ᠳᠦ᠄ 《ᠡᠨᠡ ᠡᠮᠡᠭᠲᠡᠢ ᠶᠢ ᠶᠠᠭᠤᠨ ᠳᠤ ᠵᠣᠪᠠᠭᠠᠨ᠎ᠠ ᠪᠤᠢ︖ ᠲᠡᠷᠡ ᠨᠠᠳᠠ ᠳᠤ ᠰᠠᠢᠨ ᠢ ᠦᠢᠯᠡᠳᠦᠭᠰᠡᠨ᠃ 11 ᠶᠠᠳᠠᠭᠤᠴᠤᠳ ᠲᠠ ᠨᠠᠷ ᠲᠠᠢ ᠦᠷᠭᠦᠯᠵᠢ ᠬᠠᠮᠲᠤ ᠪᠠᠢᠳᠠᠭ᠃ ᠬᠠᠷᠢᠨ ᠪᠢ ᠲᠠ ᠨᠠᠷ ᠲᠠᠢ ᠦᠷᠭᠦᠯᠵᠢ ᠬᠠᠮᠲᠤ ᠪᠠᠢᠬᠤ ᠪᠢᠰᠢ᠃ 12 ᠡᠨᠡ ᠡᠮᠡᠭᠲᠡᠢ ᠪᠡᠶ᠎ᠡ ᠳᠡᠭᠡᠷ᠎ᠡ ᠮᠢᠨᠢ ᠠᠩᠬᠢᠯᠤᠭᠤᠨ ᠲᠣᠰᠣ ᠴᠢᠳᠬᠤᠭᠰᠠᠨ ᠨᠢ ᠮᠢᠨᠦ ᠣᠷᠣᠰᠢᠭᠤᠯᠭ᠎ᠠ ᠶᠢᠨ ᠲᠥᠯᠥᠭᠡ ᠬᠢᠵᠦ ᠪᠠᠢᠭ᠎ᠠ ᠶᠤᠮ᠃ 13 ᠲᠠ ᠨᠠᠷ ᠲᠤ ᠪᠠᠲᠤᠲᠠᠢ ᠬᠡᠯᠡᠶ᠎ᠡ᠃ ᠡᠨᠡ ᠬᠦ ᠪᠠᠶᠠᠷ ᠤᠨ ᠮᠡᠳᠡᠭᠡ ᠶᠢ ᠳᠠᠶᠠᠩ ᠳᠡᠯᠡᠬᠡᠢ ᠶᠢᠨ ᠬᠠᠮᠢᠭ᠎ᠠ ᠲᠤᠩ᠋ᠬᠠᠭᠯᠠᠭᠰᠠᠨ ᠴᠤ᠂ ᠡᠨᠡ ᠡᠮᠡᠭᠲᠡᠢ ᠶᠢᠨ ᠦᠢᠯᠡᠳᠦᠭᠰᠡᠨ ᠢ ᠴᠤ ᠶᠠᠷᠢᠵᠤ ᠲᠡᠭᠦᠨ ᠢ ᠳᠤᠷᠠᠰᠬᠤ ᠪᠣᠯᠣᠨ᠎ᠠ》 ᠭᠡᠯᠡ᠃
ᠶᠦᠳᠠ ᠢᠰᠦ᠋ᠰ ᠢ ᠬᠤᠳᠠᠯᠳᠤᠭᠰᠠᠨ ᠨᠢ
14 ᠲᠡᠷᠡ ᠦᠶ᠎ᠡ ᠳᠦ ᠠᠷᠪᠠᠨ ᠬᠣᠶᠠᠷ ᠱᠠᠪᠢ ᠶᠢᠨ ᠨᠢᠭᠡ᠂ ᠢᠰᠺᠠᠷᠢᠣᠲ ᠤᠨ ᠶᠦᠳᠠ ᠭᠡᠭᠴᠢ ᠨᠢ ᠠᠬᠠᠯᠠᠬᠤ ᠲᠠᠬᠢᠯᠴᠢᠳ ᠲᠤ ᠣᠴᠢᠵᠤ᠄ 15 《ᠪᠢ ᠲᠡᠭᠦᠨ ᠢ ᠲᠠ ᠨᠠᠷ ᠲᠤ ᠲᠤᠰᠢᠶᠠᠵᠤ ᠥᠭᠪᠡᠯ᠂ ᠨᠠᠳᠠ ᠳᠤ ᠶᠠᠭᠤ ᠥᠭᠬᠦ ᠪᠤᠢ︖》 ᠭᠡᠬᠦ ᠳᠦ᠂ ᠲᠡᠳᠡ ᠭᠤᠴᠢᠨ ᠮᠥᠩᠭᠥᠨ ᠵᠣᠭᠣᠰ ᠲᠣᠭᠠᠯᠠᠵᠤ ᠥᠭᠪᠡ᠃ 16 ᠲᠡᠷᠡ ᠮᠥᠴᠡ ᠡᠴᠡ ᠡᠬᠢᠯᠡᠨ ᠶᠦᠳᠠ ᠢᠰᠦ᠋ᠰ ᠢ ᠲᠤᠰᠢᠶᠠᠬᠤ ᠭᠡᠵᠦ ᠵᠠᠪᠰᠢᠶᠠᠨ ᠡᠷᠢᠵᠦ ᠪᠠᠢᠯ᠎ᠠ᠃
17 ᠢᠰᠭᠡᠭᠡ ᠦᠭᠡᠢ ᠪᠣᠣᠪᠣ ᠶᠢᠨ ᠪᠠᠶᠠᠷ ᠤᠨ ᠡᠬᠢᠨ ᠤ ᠡᠳᠦᠷ᠂ ᠱᠠᠪᠢ ᠨᠠᠷ ᠨᠢ ᠲᠡᠭᠦᠨ ᠦ ᠳᠡᠷᠭᠡᠳᠡ ᠢᠷᠡᠵᠦ᠄ 《ᠲᠠᠨ ᠤ ᠵᠣᠭᠣᠭᠯᠠᠬᠤ ᠭᠡᠲᠦᠯᠭᠡᠭᠰᠡᠨ ᠦ ᠪᠠᠶᠠᠷ ᠤᠨ ᠬᠣᠭᠣᠯᠠ ᠶᠢ ᠪᠢᠳᠡ ᠬᠠᠮᠢᠭ᠎ᠠ ᠪᠡᠯᠡᠳᠬᠡᠬᠦ ᠪᠤᠢ︖》 ᠭᠡᠵᠦ ᠠᠰᠠᠭᠤᠬᠤ ᠳᠤ᠂ 18 ᠲᠡᠷᠡ᠄ 《ᠬᠣᠲᠠ ᠳᠤ ᠣᠷᠣᠵᠤ ᠨᠢᠭᠡᠨ ᠬᠥᠮᠦᠨ ᠲᠡᠢ ᠠᠭᠤᠯᠵᠠ᠃ ᠲᠡᠭᠦᠨ ᠳᠦ᠄ 〈ᠪᠠᠭᠰᠢ ᠮᠠᠨᠢ ᠥᠪᠡᠷ ᠦᠨ ᠴᠠᠭ ᠣᠢᠷᠠᠲᠤᠯ᠎ᠠ ᠭᠡᠵᠦ ᠬᠡᠯᠡᠯ᠎ᠡ᠃ ᠲᠡᠷᠡ ᠲᠠᠨ ᠤ ᠳᠤ ᠱᠠᠪᠢ ᠨᠠᠷ ᠲᠠᠢ ᠪᠠᠨ ᠬᠠᠮᠲᠤ ᠭᠡᠲᠦᠯᠭᠡᠭᠰᠡᠨ ᠦ ᠪᠠᠶᠠᠷ ᠢ ᠲᠡᠮᠳᠡᠭᠯᠡᠬᠦ ᠭᠡᠵᠦ ᠪᠠᠢᠨ᠎ᠠ〉 ᠬᠡᠮᠡᠨ ᠬᠡᠯᠡ》 ᠭᠡᠪᠡ᠃ 19 ᠢᠰᠦ᠋ᠰ ᠤᠨ ᠵᠠᠬᠢᠭᠰᠠᠨ ᠶᠣᠰᠣᠭᠠᠷ ᠱᠠᠪᠢ ᠨᠠᠷ ᠨᠢ ᠪᠡᠶᠡᠯᠡᠭᠦᠯᠵᠦ ᠭᠡᠲᠦᠯᠭᠡᠭᠰᠡᠨ ᠦ ᠪᠠᠶᠠᠷ ᠲᠤ ᠪᠡᠯᠡᠳᠬᠡᠪᠡ᠃
ᠡᠴᠦᠰ ᠦᠨ ᠭᠡᠲᠦᠯᠭᠡᠭᠰᠡᠨ ᠦ ᠪᠠᠶᠠᠷ
20 ᠣᠷᠣᠢ ᠪᠣᠯᠬᠤ ᠳᠤ᠂ ᠢᠰᠦ᠋ᠰ ᠠᠷᠪᠠᠨ ᠬᠣᠶᠠᠷ ᠱᠠᠪᠢ ᠲᠠᠢ ᠪᠠᠨ ᠬᠣᠭᠣᠯᠠ ᠢᠳᠡᠬᠦ ᠪᠡᠷ ᠰᠠᠭᠤᠪᠠ᠃ 21 ᠲᠡᠳᠡ ᠢᠳᠡᠵᠦ ᠪᠠᠢᠬᠤ ᠳᠤ ᠢᠰᠦ᠋ᠰ᠄ 《ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠤᠨ ᠨᠢᠭᠡ ᠨᠢ ᠨᠠᠳᠠ ᠠᠴᠠ ᠤᠷᠪᠠᠨ᠎ᠠ》 ᠭᠡᠬᠦ ᠳᠦ᠂ 22 ᠲᠡᠳᠡ ᠶᠡᠬᠡᠳᠡ ᠭᠤᠨᠢᠭᠯᠠᠨ᠂ ᠲᠤᠰ ᠲᠤᠰ ᠲᠠᠭᠠᠨ ᠲᠡᠭᠦᠨ ᠡᠴᠡ᠄ 《ᠪᠢ ᠪᠢᠰᠢ ᠪᠢᠵᠡ ᠳᠠ᠂ ᠡᠵᠡᠨ︕》 ᠭᠡᠵᠡᠭᠡᠵᠦ ᠡᠬᠢᠯᠡᠬᠦ ᠳᠦ᠂ 23 ᠢᠰᠦ᠋ᠰ᠄ 《ᠨᠠᠳᠠ ᠲᠠᠢ ᠨᠢᠭᠡ ᠲᠠᠪᠠᠭ ᠲᠤ ᠭᠠᠷ ᠢᠶᠠᠨ ᠲᠥᠷᠥᠭᠰᠡᠨ ᠲᠡᠷᠡ ᠬᠥᠮᠦᠨ ᠨᠠᠳᠠ ᠠᠴᠠ ᠤᠷᠪᠠᠨ᠎ᠠ᠃ 24 ᠬᠥᠮᠦᠨ ᠦ ᠬᠦᠦ ᠥᠪᠡᠷ ᠦᠨ ᠬᠢᠨᠢ ᠲᠤᠬᠠᠢ ᠪᠢᠴᠢᠭᠳᠡᠭᠰᠡᠨᠴᠢᠯᠡᠨ ᠶᠠᠪᠤᠨ᠎ᠠ᠃ ᠬᠠᠷᠢᠨ ᠬᠥᠮᠦᠨ ᠦ ᠬᠦᠦ ᠡᠴᠡ ᠤᠷᠪᠠᠬᠤ ᠲᠡᠷᠡ ᠬᠥᠮᠦᠨ ᠳᠦ ᠭᠠᠢ ᠪᠣᠯᠣᠨ᠎ᠠ︕ ᠲᠡᠷᠡ ᠬᠥᠮᠦᠨ ᠲᠥᠷᠥᠭᠡ ᠦᠭᠡᠢ ᠪᠠᠢᠭᠰᠠᠨ ᠪᠣᠯ ᠳᠡᠭᠡᠷ᠎ᠡ ᠰᠠᠨ》 ᠭᠡᠯᠡ᠃ 25 ᠢᠰᠦ᠋ᠰ ᠡᠴᠡ ᠤᠷᠪᠠᠭᠴᠢ ᠶᠦᠳᠠ᠄ 《ᠪᠢ ᠪᠢᠰᠢ ᠪᠢᠵᠡ ᠳᠠ︖ ᠪᠠᠭᠰᠢ ᠡ》 ᠭᠡᠬᠦ ᠳᠦ᠂ ᠢᠰᠦ᠋ᠰ᠄ 《ᠴᠢ ᠥᠪᠡᠷ ᠢᠶᠡᠨ ᠬᠡᠯᠡᠯ᠎ᠡ》 ᠭᠡᠪᠡ᠃
ᠠᠷᠢᠭᠤᠨ ᠵᠣᠭᠣᠭ ᠪᠠᠢᠭᠤᠯᠤᠭᠰᠠᠨ ᠨᠢ
26 ᠲᠡᠳᠡ ᠢᠳᠡᠵᠦ ᠪᠠᠢᠬᠤ ᠳᠤ᠂ ᠢᠰᠦ᠋ᠰ ᠪᠣᠣᠪᠣ ᠠᠪᠴᠤ ᠢᠷᠥᠭᠡᠨ ᠱᠠᠪᠢ ᠨᠠᠷ ᠲᠠᠭᠠᠨ ᠬᠤᠪᠢᠶᠠᠵᠤ ᠥᠭᠭᠥᠭᠡᠳ᠄ 《ᠠᠪᠴᠤ ᠢᠳᠡᠵᠡᠭᠡ᠂ ᠡᠨᠡ ᠪᠣᠯ ᠮᠢᠨᠦ ᠪᠡᠶ᠎ᠡ ᠶᠤᠮ》 ᠭᠡᠯᠡ᠃ 27 ᠲᠡᠭᠡᠭᠡᠳ ᠴᠣᠮᠣ ᠠᠪᠴᠤ ᠲᠠᠯᠠᠷᠬᠠᠨ᠂ ᠲᠡᠳᠡᠨ ᠳᠦ ᠥᠭᠬᠦ ᠳᠡᠭᠡᠨ᠄ 《ᠡᠭᠦᠨ ᠡᠴᠡ ᠪᠦᠭᠦᠳᠡᠭᠡᠷ ᠢᠶᠡᠨ ᠤᠤᠭᠤᠵᠠᠭ᠎ᠠ᠃ 28 ᠡᠨᠡ ᠪᠣᠯ ᠭᠡᠮ ᠨᠢᠭᠦᠯ ᠢ ᠠᠭᠤᠴᠢᠯᠠᠬᠤ ᠶᠢᠨ ᠲᠤᠯᠠᠳᠠ ᠤᠷᠤᠰᠬᠠᠬᠤ ᠮᠢᠨᠦ ᠴᠢᠰᠤ᠂ ᠭᠡᠷ᠎ᠡ ᠶᠢᠨ ᠪᠠᠲᠤᠯᠠᠭ᠎ᠠ ᠶᠤᠮ᠃ 29 ᠲᠠ ᠨᠠᠷ ᠲᠤ ᠬᠡᠯᠡᠶ᠎ᠡ᠃ ᠪᠢ ᠡᠭᠦᠨ ᠡᠴᠡ ᠬᠣᠢᠰᠢ᠂ ᠡᠴᠢᠭᠡ ᠶᠢᠨ ᠢᠶᠠᠨ ᠬᠠᠭᠠᠨᠴᠢᠯᠠᠯ ᠳᠤ ᠲᠠ ᠨᠠᠷ ᠲᠠᠢ ᠴᠤᠭ ᠰᠢᠨ᠎ᠡ ᠶᠢ ᠤᠤᠭᠤᠬᠤ ᠲᠡᠷᠡ ᠡᠳᠦᠷ ᠪᠣᠯᠲᠠᠯ᠎ᠠ ᠦᠵᠦᠮ ᠦᠨ ᠮᠣᠳᠣᠨ ᠠᠴᠠ ᠭᠠᠷᠤᠭᠰᠠᠨ ᠢ ᠶᠡᠷᠦ ᠤᠤᠭᠤᠬᠤ ᠦᠭᠡᠢ》 ᠭᠡᠪᠡ᠃
30 ᠲᠡᠳᠡ ᠮᠠᠭᠲᠠᠭᠠᠯ ᠳᠠᠭᠤᠤ ᠳᠠᠭᠤᠯᠠᠭᠰᠠᠨ ᠤ ᠪᠠᠨ ᠳᠠᠷᠠᠭ᠎ᠠ᠂ ᠴᠢᠳᠦᠨ ᠠᠭᠤᠯᠠ ᠥᠭᠡᠳᠡ ᠶᠠᠪᠤᠵᠠᠭᠠᠪᠠ᠃ 31 ᠲᠡᠭᠡᠬᠦ ᠳᠦ ᠢᠰᠦ᠋ᠰ ᠲᠡᠳᠡᠨ ᠳᠦ᠄ 《ᠡᠨᠡ ᠰᠥᠨᠢ ᠲᠠ ᠨᠠᠷ ᠨᠠᠳᠠ ᠠᠴᠠ ᠪᠣᠯᠵᠤ ᠪᠦᠭᠦᠳᠡᠭᠡᠷ ᠢᠶᠡᠨ ᠪᠦᠳᠦᠷᠢᠬᠦ ᠪᠣᠯᠣᠨ᠎ᠠ᠃ ᠤᠴᠢᠷ ᠨᠢ 〈ᠪᠢ ᠬᠣᠨᠢᠴᠢᠨ ᠢ ᠴᠣᠬᠢᠨ᠎ᠠ᠂ ᠬᠣᠨᠢᠨ ᠰᠦᠷᠦᠭ ᠪᠤᠲᠠᠷᠠᠨ᠎ᠠ〉 ᠭᠡᠵᠦ ᠪᠢᠴᠢᠭᠳᠡᠭᠰᠡᠨ ᠪᠠᠢᠳᠠᠭ᠃ 32 ᠬᠠᠷᠢᠨ ᠪᠢ ᠠᠮᠢᠯᠠᠭᠰᠠᠨ ᠤ ᠪᠠᠨ ᠳᠠᠷᠠᠭ᠎ᠠ᠂ ᠲᠠ ᠨᠠᠷ ᠠᠴᠠ ᠤᠷᠢᠳᠠᠪᠠᠷ ᠭᠠᠯᠢᠯᠠᠶ᠎ᠠ ᠳᠤ ᠣᠴᠢᠨ᠎ᠠ》 ᠭᠡᠪᠡ᠃ 33 ᠫᠧᠲ᠋ᠧᠷ ᠲᠡᠭᠦᠨ ᠳᠦ᠄ 《ᠲᠠᠨ ᠠᠴᠠ ᠪᠣᠯᠵᠤ ᠬᠠᠮᠤᠭ ᠬᠥᠮᠦᠨ ᠪᠦᠳᠦᠷᠢᠪᠡᠴᠦ ᠪᠢ ᠬᠡᠵᠢᠶ᠎ᠡ ᠴᠤ ᠪᠦᠳᠦᠷᠢᠬᠦ ᠦᠭᠡᠢ》 ᠭᠡᠬᠦ ᠳᠦ᠂ 34 ᠢᠰᠦ᠋ᠰ᠄ 《ᠴᠢᠮ᠎ᠠ ᠳᠤ ᠪᠠᠲᠤᠲᠠᠢ ᠬᠡᠯᠡᠶ᠎ᠡ᠃ ᠥᠨᠥ ᠰᠥᠨᠢ ᠲᠠᠬᠢᠶ᠎ᠠ ᠳᠤᠤᠭᠠᠷᠬᠤ ᠠᠴᠠ ᠡᠮᠦᠨ᠎ᠡ᠂ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ》 ᠭᠡᠯᠡ᠃ 35 ᠲᠡᠭᠡᠲᠡᠯ᠎ᠡ ᠫᠧᠲ᠋ᠧᠷ ᠲᠡᠭᠦᠨ ᠳᠦ᠄ 《ᠪᠢ ᠲᠠᠨ ᠲᠠᠢ ᠬᠠᠮᠲᠤ ᠦᠬᠦᠭᠰᠡᠨ ᠴᠤ᠂ ᠲᠠᠨ ᠢ ᠶᠡᠷᠦ ᠮᠡᠯᠵᠢᠬᠦ ᠦᠭᠡᠢ》 ᠭᠡᠰᠡᠨ ᠳᠦ᠂ ᠱᠠᠪᠢ ᠨᠠᠷ ᠨᠢ ᠴᠤ ᠪᠦᠭᠦᠳᠡᠭᠡᠷ ᠢᠶᠡᠨ ᠲᠡᠭᠡᠵᠦ ᠬᠡᠯᠡᠵᠡᠭᠡᠪᠡ᠃
ᠭᠧᠲ᠋ᠰᠧᠮᠨᠧ ᠳᠠᠬᠢ ᠳᠠᠭᠠᠳᠬᠠᠯ
36 ᠲᠡᠭᠡᠭᠡᠳ ᠢᠰᠦ᠋ᠰ ᠲᠡᠳᠡᠨ ᠲᠡᠢ ᠬᠠᠮᠲᠤ ᠭᠧᠲ᠋ᠰᠧᠮᠨᠧ ᠭᠡᠳᠡᠭ ᠭᠠᠵᠠᠷ ᠬᠦᠷᠦᠭᠡᠳ᠂ ᠱᠠᠪᠢ ᠨᠠᠷ ᠲᠠᠭᠠᠨ᠄ 《ᠨᠠᠮᠠᠶᠢ ᠲᠡᠨᠳᠡ ᠣᠴᠢᠵᠤ ᠳᠠᠭᠠᠳᠬᠠᠬᠤ ᠵᠠᠭᠤᠷ᠎ᠠ ᠡ᠊ᠨᠳᠡ ᠰᠠᠭᠤᠵᠠᠭᠠᠵᠤ ᠪᠠᠢ》 ᠬᠡᠮᠡᠨ 37 ᠫᠧᠲ᠋ᠧᠷ ᠪᠣᠯᠣᠨ ᠽᠧᠪᠧᠳᠠᠢ ᠶᠢᠨ ᠬᠣᠶᠠᠷ ᠬᠦᠦ ᠶᠢ ᠳᠠᠭᠠᠭᠤᠯᠵᠤ ᠶᠠᠪᠤᠯ᠎ᠠ᠃ ᠲᠡᠷᠡ ᠵᠣᠪᠠᠨ ᠰᠢᠨᠠᠯᠵᠤ ᠡᠬᠢᠯᠡᠪᠡ᠃ 38 ᠲᠡᠭᠡᠭᠡᠳ ᠢᠰᠦ᠋ᠰ᠄ 《ᠮᠢᠨᠦ ᠰᠡᠳᠬᠢᠯ ᠦᠬᠦᠲᠡᠯ᠎ᠡ ᠵᠣᠪᠠᠵᠤ ᠪᠠᠢᠨ᠎ᠠ᠃ ᠲᠠ ᠨᠠᠷ ᠡ᠊ᠨᠳᠡ ᠦᠯᠡᠳᠡᠭᠡᠳ ᠨᠠᠳᠠ ᠲᠠᠢ ᠬᠠᠮᠲᠤ ᠰᠡᠷᠭᠡᠭ ᠪᠠᠢᠭᠲᠤᠨ》 ᠭᠡᠳ 39 ᠲᠡᠳᠡᠨ ᠡᠴᠡ ᠵᠢᠭᠠᠬᠠᠨ ᠴᠠᠰᠢᠯᠠᠭᠠᠳ᠂ ᠭᠠᠵᠠᠷ ᠲᠤ ᠨᠢᠭᠤᠷ ᠢᠶᠠᠨ ᠨᠠᠭᠠᠵᠤ᠄ 《ᠠᠪᠤ ᠮᠢᠨᠢ᠂ ᠪᠣᠯᠣᠮᠵᠢ ᠲᠠᠢ ᠪᠣᠯ ᠡᠨᠡ ᠴᠣᠮᠣ ᠶᠢ ᠳᠡᠷᠭᠡᠳᠡᠭᠦᠷ ᠮᠢᠨᠢ ᠥᠩᠭᠡᠷᠡᠭᠡᠭᠡᠰᠡᠢ᠃ ᠭᠡᠪᠡᠴᠦ ᠮᠢᠨᠦ ᠰᠠᠨᠠᠭ᠎ᠠ ᠪᠠᠷ ᠪᠢᠰᠢ᠂ ᠲᠠᠨ ᠤ ᠰᠠᠨᠠᠭ᠎ᠠ ᠪᠠᠷ ᠪᠣᠯᠲᠤᠭᠠᠢ》 ᠭᠡᠵᠦ ᠳᠠᠭᠠᠳᠬᠠᠵᠤ ᠪᠠᠢᠯ᠎ᠠ᠃ 40 ᠢᠰᠦ᠋ᠰ ᠱᠠᠪᠢ ᠨᠠᠷ ᠤᠨ ᠢᠶᠠᠨ ᠳᠡᠷᠭᠡᠳᠡ ᠢᠷᠡᠵᠦ᠂ ᠲᠡᠳᠡᠨ ᠦ ᠤᠨᠲᠠᠵᠤ ᠪᠠᠢᠭ᠎ᠠ ᠶᠢ ᠬᠠᠷᠠᠭᠠᠳ᠂ ᠫᠧᠲ᠋ᠧᠷ ᠲᠤ᠄ 《ᠶᠠᠭᠠᠬᠢᠴᠢᠬᠠᠪᠠ︖ ᠲᠠ ᠨᠠᠷ ᠭᠠᠭᠴᠠᠬᠠᠨ ᠴᠠᠭ ᠴᠤ ᠨᠠᠳᠠ ᠲᠠᠢ ᠬᠠᠮᠲᠤ ᠰᠡᠷᠭᠡᠭ ᠪᠠᠢᠵᠤ ᠴᠢᠳᠠᠭᠰᠠᠨ ᠦᠭᠡᠢ ᠤᠤ︖ 41 ᠲᠡᠩᠰᠡᠯᠲᠡ ᠳᠦ ᠤᠴᠠᠷᠠᠬᠤ ᠦᠭᠡᠢ ᠶᠢᠨ ᠲᠤᠯᠠᠳᠠ ᠰᠡᠷᠡᠮᠵᠢᠯᠡᠨ᠂ ᠳᠠᠭᠠᠳᠬᠠᠵᠠᠭᠠ᠃ ᠰᠦᠨᠡᠰᠦ ᠨᠢ ᠪᠡᠯᠡᠬᠡᠨ ᠪᠠᠢᠪᠠᠴᠤ᠂ ᠪᠡᠶ᠎ᠡ ᠨᠢ ᠳᠣᠷᠣᠢ ᠪᠠᠢᠨ᠎ᠠ》 ᠭᠡᠪᠡ᠃ 42 ᠲᠡᠷᠡ ᠬᠣᠶᠠᠳᠠᠬᠢ ᠤᠳᠠᠭ᠎ᠠ ᠪᠠᠨ ᠶᠠᠪᠤᠵᠤ᠄ 《ᠠᠪᠤ ᠮᠢᠨᠢ᠂ ᠬᠡᠷᠪᠡ ᠪᠢ ᠡᠨᠡ ᠴᠣᠮᠣ ᠠᠴᠠ ᠤᠤᠭᠤᠬᠤ ᠦᠭᠡᠢ ᠪᠠᠷ ᠥᠩᠭᠡᠷᠡᠵᠦ ᠴᠢᠳᠠᠬᠤ ᠦᠭᠡᠢ ᠶᠤᠮ ᠪᠣᠯ᠂ ᠲᠠᠨ ᠤ ᠰᠠᠨᠠᠭ᠎ᠠ ᠪᠠᠷ ᠪᠡᠶᠡᠯᠡᠭᠳᠡᠬᠦ ᠪᠣᠯᠲᠤᠭᠠᠢ︕》 ᠭᠡᠵᠦ ᠳᠠᠭᠠᠳᠬᠠᠪᠠ᠃ 43 ᠢᠰᠦ᠋ᠰ ᠳᠠᠬᠢᠨ ᠢᠷᠡᠵᠦ ᠦᠵᠡᠬᠦ ᠳᠦ᠂ ᠲᠡᠳᠡ ᠤᠨᠲᠠᠭᠰᠠᠭᠠᠷ ᠪᠠᠢᠯ᠎ᠠ᠂ ᠲᠡᠳᠡ ᠵᠣᠪᠬᠢ ᠪᠠᠨ ᠳᠠᠭᠠᠭᠠᠬᠤ ᠪᠠᠨ ᠪᠣᠯᠢᠵᠠᠢ᠃ 44 ᠲᠡᠭᠡᠭᠡᠳ ᠢᠰᠦ᠋ᠰ ᠲᠡᠳᠡᠨ ᠢ ᠣᠷᠬᠢᠭᠠᠳ ᠳᠠᠬᠢᠨ ᠶᠠᠪᠤᠵᠤ᠂ ᠮᠥᠨ ᠤᠤᠯ ᠤᠨ ᠦᠭᠡ ᠪᠡᠷ ᠢᠶᠠᠨ ᠭᠤᠷᠪᠠᠳᠠᠬᠢ ᠤᠳᠠᠭ᠎ᠠ ᠪᠠᠨ ᠳᠠᠭᠠᠳᠬᠠᠪᠠ᠃ 45 ᠲᠡᠷᠡ ᠱᠠᠪᠢ ᠨᠠᠷ ᠤᠨ ᠳᠡᠷᠭᠡᠳᠡ ᠢᠷᠡᠵᠦ᠄ 《ᠲᠠ ᠨᠠᠷ ᠤᠨᠲᠠᠵᠤ ᠠᠮᠠᠷᠠᠭᠰᠠᠭᠠᠷ ᠪᠠᠢᠨ᠎ᠠ ᠤᠤ︖ ᠠᠩ᠋ᠬᠠᠷᠤᠭᠲᠤᠨ᠂ ᠴᠠᠭ ᠣᠢᠷᠠᠲᠤᠯ᠎ᠠ᠂ ᠬᠥᠮᠦᠨ ᠦ ᠬᠦᠦ ᠨᠢᠭᠦᠯᠲᠡᠳ ᠦᠨ ᠭᠠᠷ ᠲᠤ ᠲᠤᠰᠢᠶᠠᠭᠳᠠᠬᠤ ᠭᠡᠵᠦ ᠪᠠᠢᠨ᠎ᠠ᠃ 46 ᠪᠣᠰ᠂ ᠶᠠᠪᠤᠵᠠᠭᠠᠶ᠎ᠠ᠃ ᠠᠩ᠋ᠬᠠᠷᠤᠭᠲᠤᠨ᠂ ᠨᠠᠮᠠᠶᠢ ᠪᠠᠷᠢᠭᠤᠯᠤᠭᠴᠢ ᠣᠢᠷᠠᠲᠤᠯ᠎ᠠ》 ᠭᠡᠵᠡᠢ᠃
ᠤᠷᠪᠠᠯᠲᠠ ᠬᠢᠭᠡᠳ ᠪᠠᠷᠢᠪᠴᠢᠯᠠᠯᠲᠠ
47 ᠲᠡᠷᠡ ᠡᠢᠨ ᠬᠦ ᠶᠠᠷᠢᠵᠤ ᠪᠠᠢᠲᠠᠯ᠎ᠠ ᠠᠷᠪᠠᠨ ᠬᠣᠶᠠᠷ ᠱᠠᠪᠢ ᠶᠢᠨ ᠨᠢᠭᠡ ᠪᠣᠯᠬᠤ ᠶᠦᠳᠠ ᠢᠯᠳᠦ ᠰᠢᠳᠠᠮ ᠲᠠᠢ ᠮᠠᠰᠢ ᠣᠯᠠᠨ ᠬᠥᠮᠦᠨ ᠢ ᠳᠠᠭᠠᠭᠤᠯᠤᠨ ᠢᠷᠡᠪᠡ᠃ ᠲᠡᠳᠡᠨ ᠢ ᠠᠬᠠᠯᠠᠬᠤ ᠲᠠᠬᠢᠯᠴᠢᠳ ᠬᠢᠭᠡᠳ ᠠᠷᠠᠳ ᠤᠨ ᠠᠬᠠᠯᠠᠭᠴᠢᠳ ᠶᠠᠪᠤᠭᠤᠯᠤᠭᠰᠠᠨ ᠶᠤᠮ᠃ 48 ᠪᠠᠷᠢᠭᠤᠯᠤᠭᠴᠢ ᠨᠢ ᠲᠡᠳᠡᠨ ᠲᠡᠢ ᠳᠣᠬᠢᠶ᠎ᠠ ᠪᠣᠯᠵᠣᠵᠤ᠄ 《ᠪᠢ ᠬᠡᠨ ᠢ ᠦᠨᠦᠰᠪᠡᠯ᠂ ᠲᠡᠷᠡ ᠨᠢ ᠢᠰᠦ᠋ᠰ ᠮᠥᠨ᠂ ᠲᠡᠭᠦᠨ ᠢ ᠪᠠᠷᠢ》 ᠭᠡᠰᠡᠨ ᠪᠠᠢᠯ᠎ᠠ᠃ 49 ᠶᠦᠳᠠ ᠢᠰᠦ᠋ᠰ ᠲᠤ ᠰᠢᠭᠤᠳ ᠣᠴᠢᠵᠤ᠄ 《ᠠᠮᠤᠷ ᠪᠠᠢᠨ᠎ᠠ ᠤᠤ︖ ᠪᠠᠭᠰᠢ ᠡ》 ᠭᠡᠳ ᠲᠡᠭᠦᠨ ᠢ ᠦᠨᠦᠰᠬᠦ ᠳᠦ᠂ 50 ᠢᠰᠦ᠋ᠰ ᠲᠡᠭᠦᠨ ᠳᠦ᠄ 《ᠨᠠᠢᠵᠠ ᠮᠢᠨᠢ᠂ ᠶᠠᠭᠤᠨ ᠳᠤ ᠢᠷᠡᠪᠡ︖ 42 》 ᠭᠡᠯᠡ᠃ ᠲᠡᠭᠡᠬᠦ ᠳᠦ ᠲᠡᠳᠡ ᠣᠢᠷᠠᠲᠤᠨ ᠢᠷᠡᠵᠦ᠂ ᠭᠠᠷ ᠬᠥᠳᠡᠯᠦᠨ ᠢᠰᠦ᠋ᠰ ᠢ ᠪᠠᠷᠢᠪᠴᠢᠯᠠᠪᠠ᠃ 51 ᠲᠡᠭᠡᠲᠡᠯ᠎ᠡ ᠢᠰᠦ᠋ᠰ ᠲᠠᠢ ᠬᠠᠮᠲᠤ ᠪᠠᠢᠭᠰᠠᠳ ᠤᠨ ᠨᠢᠭᠡ ᠨᠢ ᠭᠠᠷ ᠢᠶᠠᠨ ᠰᠤᠩ᠋ᠭᠠᠨ ᠢᠯᠳᠦ ᠪᠡᠨ ᠰᠤᠭᠤᠯᠵᠤ ᠲᠡᠷᠢᠭᠦᠨ ᠲᠠᠬᠢᠯᠴᠢ ᠶᠢᠨ ᠵᠠᠷᠤᠴᠠ ᠶᠢ ᠴᠠᠪᠴᠢᠬᠤ ᠳᠤ ᠴᠢᠬᠢ ᠨᠢ ᠤᠨᠠᠵᠠᠢ᠃ 52 ᠲᠡᠭᠡᠬᠦ ᠳᠦ᠂ ᠢᠰᠦ᠋ᠰ᠄ 《ᠴᠢ ᠢᠯᠳᠦ ᠪᠡᠨ ᠬᠤᠢᠯᠠ᠃ ᠢᠯᠳᠦ ᠪᠠᠷᠢᠭᠴᠢ ᠨᠢ ᠢᠯᠳᠦᠨ ᠳᠦ ᠰᠥᠨᠥᠨ᠎ᠡ᠃ 53 ᠨᠠᠮᠠᠶᠢ ᠡᠴᠢᠭᠡ ᠳᠡᠭᠡᠨ ᠭᠤᠶᠤᠵᠤ ᠠᠷᠪᠠᠨ ᠬᠣᠶᠠᠷ ᠲᠦᠮᠡᠲᠦ ᠡᠴᠡ ᠢᠯᠡᠭᠦᠦ ᠲᠩᠷᠢ ᠡᠯᠴᠢ ᠶᠢ ᠥᠪᠡᠷ ᠤᠷᠤᠭᠤ ᠪᠠᠨ ᠢᠯᠡᠭᠡᠯᠭᠡᠵᠦ ᠴᠢᠳᠠᠬᠤ ᠦᠭᠡᠢ ᠭᠡᠵᠦ ᠴᠢ ᠪᠣᠳᠣᠵᠤ ᠪᠠᠢᠨ᠎ᠠ ᠤᠤ︖ 54 ᠲᠡᠭᠡᠪᠡᠯ ᠡᠢᠮᠦ ᠪᠣᠯᠬᠤ ᠶᠣᠰᠣᠲᠠᠢ ᠭᠡᠰᠡᠨ ᠡᠰᠢᠯᠡᠯ ᠤᠳ ᠶᠠᠭᠠᠬᠢᠵᠤ ᠪᠡᠶᠡᠯᠡᠭᠳᠡᠬᠦ ᠪᠢᠯᠡ︖》 ᠭᠡᠪᠡ᠃ 55 ᠲᠡᠷᠡ ᠴᠠᠭ ᠲᠤ ᠢᠰᠦ᠋ᠰ ᠣᠯᠠᠨ ᠳᠤ᠄ 《ᠳᠡᠭᠡᠷᠡᠮ ᠪᠠᠷᠢᠬᠤ ᠰᠢᠭ᠋ ᠢᠯᠳᠦ ᠰᠢᠳᠠᠮ ᠠᠳᠬᠤᠵᠤ ᠨᠠᠮᠠᠶᠢ ᠪᠠᠷᠢᠬᠤ ᠪᠠᠷ ᠢᠷᠡᠪᠡ ᠤᠤ︖ ᠪᠢ ᠡᠳᠦᠷ ᠪᠦᠷᠢ ᠠᠷᠢᠭᠤᠨ ᠣᠷᠳᠣᠨ ᠳᠤ ᠰᠠᠭᠤᠵᠤ ᠰᠤᠷᠭᠠᠳᠠᠭ ᠪᠠᠢᠬᠤ ᠳᠤ᠂ ᠲᠠ ᠨᠠᠷ ᠨᠠᠮᠠᠶᠢ ᠪᠠᠷᠢᠪᠴᠢᠯᠠᠭᠰᠠᠨ ᠦᠭᠡᠢ᠃ 56 ᠬᠠᠷᠢᠨ ᠡᠨᠡ ᠪᠦᠬᠦᠨ ᠨᠢ ᠡᠰᠢ ᠦᠵᠡᠭᠦᠯᠦᠭᠴᠢᠳ ᠤᠨ ᠡᠰᠢᠯᠡᠯ ᠤᠳ ᠢ ᠪᠡᠶᠡᠯᠡᠭᠦᠯᠬᠦ ᠶᠢᠨ ᠲᠤᠯᠠᠳᠠ ᠳᠣᠬᠢᠶᠠᠯᠳᠤᠯᠠ》 ᠭᠡᠪᠡ᠃ ᠲᠡᠭᠡᠲᠡᠯ᠎ᠡ ᠱᠠᠪᠢ ᠨᠠᠷ ᠨᠢ ᠴᠥᠮ ᠢᠶᠡᠷ ᠢᠶᠠᠨ ᠢᠰᠦ᠋ᠰ ᠢ ᠣᠷᠬᠢᠨ ᠵᠢᠭᠤᠲᠠᠪᠠ᠃
ᠢᠰᠦ᠋ᠰ ᠶᠦᠳᠠᠢᠴᠤᠳ ᠲᠤ ᠰᠢᠭᠦᠭᠳᠡᠭᠰᠡᠨ ᠨᠢ
57 ᠪᠠᠷᠢᠪᠴᠢᠯᠠᠭᠴᠢᠳ ᠢᠰᠦ᠋ᠰ ᠢ ᠲᠡᠷᠢᠭᠦᠨ ᠲᠠᠬᠢᠯᠴᠢ ᠺᠠᠶᠠᠹᠠ ᠳᠤ ᠬᠦᠷᠭᠡᠯ᠎ᠡ᠃ ᠲᠡᠨᠳᠡ ᠪᠢᠴᠢᠭᠲᠡᠳ ᠪᠣᠯᠣᠨ ᠠᠬᠠᠯᠠᠭᠴᠢᠳ ᠴᠤᠭᠯᠠᠷᠠᠭᠰᠠᠨ ᠪᠠᠢᠵᠠᠢ᠃ 58 ᠫᠧᠲ᠋ᠧᠷ ᠲᠡᠭᠦᠨ ᠢ ᠬᠣᠯᠠᠭᠤᠷ ᠳᠠᠭᠠᠵᠤ ᠲᠡᠷᠢᠭᠦᠨ ᠲᠠᠬᠢᠯᠴᠢ ᠶᠢᠨ ᠬᠦᠷᠢᠶᠡᠨ ᠳᠦ ᠬᠦᠷᠦᠭᠡᠳ᠂ ᠳᠣᠲᠣᠭᠰᠢ ᠣᠷᠣᠭᠰᠠᠨ ᠪᠥᠭᠡᠳ ᠦᠷ᠎ᠡ ᠳ᠋ᠦᠩ ᠢ ᠨᠢ ᠦᠵᠡᠬᠦ ᠭᠡᠵᠦ ᠬᠠᠷᠠᠭᠤᠯ ᠤᠳ ᠲᠠᠢ ᠬᠠᠮᠲᠤ ᠰᠠᠭᠤᠵᠤ ᠪᠠᠢᠯ᠎ᠠ᠃ 59 ᠠᠬᠠᠯᠠᠬᠤ ᠲᠠᠬᠢᠯᠴᠢᠳ ᠬᠢᠭᠡᠳ ᠪᠦᠬᠦ ᠰᠢᠭᠦᠬᠦ ᠵᠥᠪᠯᠡᠯ ᠢᠰᠦ᠋ᠰ ᠢ ᠠᠯᠠᠭᠤᠯᠬᠤ ᠶᠢᠨ ᠲᠤᠯᠠᠳᠠ ᠲᠡᠭᠦᠨ ᠦ ᠡᠰᠡᠷᠭᠦ ᠬᠤᠳᠠᠯ ᠭᠡᠷᠡᠴᠢᠯᠡᠯ ᠬᠠᠢᠵᠤ ᠪᠠᠢᠪᠠ᠃ 60 ᠬᠠᠭᠤᠷᠮᠠᠭ ᠭᠡᠷᠡᠴᠢᠯᠡᠭᠴᠢ ᠣᠯᠠᠨ ᠭᠠᠷᠤᠭᠰᠠᠨ ᠪᠣᠯᠪᠠᠴᠤ ᠶᠠᠭᠤ ᠴᠤ ᠣᠯᠣᠭᠰᠠᠨ ᠦᠭᠡᠢ᠃ ᠰᠡᠭᠦᠯ ᠳᠦᠨᠢ ᠬᠣᠶᠠᠷ ᠬᠥᠮᠦᠨ ᠭᠠᠷᠴᠤ ᠢᠷᠡᠭᠡᠳ᠄ 61 《ᠡᠨᠡ ᠬᠥᠮᠦᠨ᠄ 〈ᠪᠤᠷᠬᠠᠨ ᠤ ᠥᠷᠭᠥᠭᠡ ᠶᠢ ᠨᠤᠷᠠᠭᠠᠵᠤ᠂ ᠭᠤᠷᠪᠠᠨ ᠡᠳᠦᠷ ᠳᠣᠲᠣᠷ᠎ᠠ ᠪᠣᠰᠬᠠᠵᠤ ᠴᠢᠳᠠᠨ᠎ᠠ〉 ᠭᠡᠵᠦ ᠪᠠᠢᠭᠰᠠᠨ》 ᠭᠡᠬᠦ ᠳᠦ᠂ 62 ᠲᠡᠷᠢᠭᠦᠨ ᠲᠠᠬᠢᠯᠴᠢ ᠪᠣᠰᠣᠭᠠᠳ ᠢᠰᠦ᠋ᠰ ᠲᠤ᠄ 《ᠶᠠᠭᠤ ᠴᠤ ᠬᠠᠷᠢᠭᠤᠯᠬᠤ ᠦᠭᠡᠢ ᠤᠤ︖ ᠡᠨᠡ ᠬᠥᠮᠦᠰ ᠦᠨ ᠴᠢᠨᠦ ᠡᠰᠡᠷᠭᠦ ᠭᠡᠷᠡᠴᠢᠯᠡᠵᠦ ᠪᠠᠢᠭ᠎ᠠ ᠨᠢ ᠶᠠᠭᠤ ᠶᠤᠮ ᠪᠤᠢ︖》 ᠭᠡᠯᠡ᠃ 63 ᠬᠠᠷᠢᠨ ᠢᠰᠦ᠋ᠰ ᠳᠤᠭᠤᠢ ᠪᠠᠢᠪᠠ᠃ ᠲᠡᠷᠢᠭᠦᠨ ᠲᠠᠬᠢᠯᠴᠢ ᠲᠡᠭᠦᠨ ᠳᠦ᠄ 《ᠠᠮᠢᠳᠤ ᠪᠤᠷᠬᠠᠨ ᠢᠶᠠᠷ ᠲᠠᠩ᠋ᠭᠠᠷᠢᠭᠯᠠᠨ ᠪᠢᠳᠡᠨ ᠳᠦ ᠬᠡᠯᠡ᠂ ᠴᠢ ᠪᠤᠷᠬᠠᠨ ᠤ ᠬᠦᠦ᠂ ᠾᠷᠢᠰᠲ᠋ᠣᠰ ᠮᠥᠨ ᠶᠤᠮ ᠤᠤ︖》 ᠭᠡᠬᠦ ᠳᠦ᠂ 64 ᠢᠰᠦ᠋ᠰ᠄ 《ᠴᠢ ᠥᠪᠡᠷ ᠢᠶᠡᠨ ᠬᠡᠯᠡᠯ᠎ᠡ᠃ ᠬᠠᠷᠢᠨ ᠪᠢ ᠲᠠ ᠨᠠᠷ ᠲᠤ ᠬᠡᠯᠡᠶ᠎ᠡ᠃ ᠡᠭᠦᠨ ᠡᠴᠡ ᠬᠣᠢᠰᠢ ᠬᠥᠮᠦᠨ ᠦ ᠬᠦᠦ ᠬᠦᠴᠦᠲᠦ ᠨᠢᠭᠡᠨ ᠦ ᠪᠠᠷᠠᠭᠤᠨ ᠲᠠᠯ᠎ᠠ ᠳᠤ ᠰᠠᠭᠤᠬᠤ ᠪᠠ ᠪᠠᠰᠠ ᠲᠩᠷᠢ ᠶᠢᠨ ᠡᠭᠦᠯᠡᠨ ᠳᠡᠭᠡᠷ᠎ᠡ ᠢᠷᠡᠬᠦ ᠶᠢ ᠲᠠ ᠨᠠᠷ ᠬᠠᠷᠠᠬᠤ ᠪᠣᠯᠣᠨ᠎ᠠ》 ᠭᠡᠯᠡ᠃ 65 ᠲᠡᠭᠡᠬᠦ ᠳᠦ ᠲᠡᠷᠢᠭᠦᠨ ᠲᠠᠬᠢᠯᠴᠢ ᠬᠤᠪᠴᠠᠰᠤ ᠪᠠᠨ ᠤᠷᠠᠭᠠᠳ᠄ 《ᠲᠡᠷᠡ ᠪᠤᠷᠬᠠᠨ ᠢ ᠳᠣᠷᠣᠮᠵᠢᠯᠠᠯᠠ᠃ ᠣᠳᠣ ᠪᠢᠳᠡᠨ ᠳᠦ ᠥᠭᠡᠷ᠎ᠡ ᠶᠠᠮᠠᠷ ᠭᠡᠷᠡᠴᠢᠯᠡᠭᠴᠢ ᠬᠡᠷᠡᠭ ᠲᠡᠢ ᠪᠤᠢ︖ ᠬᠠᠷᠠᠭᠠᠴᠢ᠂ ᠪᠤᠷᠬᠠᠨ ᠢ ᠳᠣᠷᠣᠮᠵᠢᠯᠠᠭᠰᠠᠨ ᠢ ᠨᠢ ᠲᠠ ᠨᠠᠷ ᠰᠣᠨᠣᠰᠣᠯ᠎ᠠ᠃ 66 ᠶᠠᠭᠠᠬᠢᠬᠤ ᠶᠣᠰᠣᠲᠠᠢ ᠪᠤᠢ︖》 ᠭᠡᠬᠦ ᠳᠦ᠂ ᠲᠡᠳᠡ᠄ 《ᠲᠡᠷᠡ ᠦᠬᠦᠬᠦ ᠶᠣᠰᠣᠲᠠᠢ》 ᠭᠡᠵᠦ ᠬᠠᠷᠢᠭᠤᠯᠪᠠ᠃ 67 ᠲᠡᠭᠡᠭᠡᠳ ᠲᠡᠳᠡ ᠢᠰᠦ᠋ᠰ ᠤᠨ ᠨᠢᠭᠤᠷ ᠤᠷᠤᠭᠤ ᠨᠤᠯᠮᠤᠵᠤ᠂ ᠲᠡᠭᠦᠨ ᠢ ᠨᠢᠳᠤᠷᠭᠠᠳᠠᠭᠰᠠᠨ ᠪᠥᠭᠡᠳ ᠵᠠᠷᠢᠮ ᠨᠢ ᠠᠯᠠᠭᠠᠳᠠᠵᠤ᠄ 68 《ᠡᠰᠢ ᠦᠵᠡᠭᠦᠯᠦᠭᠴᠢ᠂ ᠾᠷᠢᠰᠲ᠋ᠣᠰ ᠡ᠂ ᠬᠡᠨ ᠴᠢᠮᠠᠶᠢ ᠴᠣᠬᠢᠪᠠ︖》 ᠭᠡᠵᠡᠭᠡᠪᠡ᠃
ᠫᠧᠲ᠋ᠧᠷ ᠮᠡᠯᠵᠢᠭᠰᠡᠨ ᠨᠢ
69 ᠲᠡᠭᠡᠬᠦ ᠳᠦ᠂ ᠫᠧᠲ᠋ᠧᠷ ᠭᠠᠳᠠᠨ᠎ᠠ ᠬᠦᠷᠢᠶᠡᠨ ᠳᠦ ᠰᠠᠭᠤᠵᠤ ᠪᠠᠢᠪᠠ᠃ ᠨᠢᠭᠡᠨ ᠰᠢᠪᠡᠭᠴᠢᠨ ᠲᠡᠭᠦᠨ ᠳᠦ ᠳᠥᠭᠥᠨ ᠢᠷᠡᠵᠦ᠄ 《ᠲᠠ ᠴᠤ ᠭᠠᠯᠢᠯᠠᠶ᠎ᠠ ᠶᠢᠨ ᠢᠰᠦ᠋ᠰ ᠲᠠᠢ ᠬᠠᠮᠲᠤ ᠪᠠᠢᠭᠰᠠᠨ ᠪᠢᠵᠡ ᠳᠠ》 ᠭᠡᠵᠡᠢ᠃ 70 ᠫᠧᠲ᠋ᠧᠷ ᠪᠦᠭᠦᠳᠡ ᠶᠢᠨ ᠡᠮᠦᠨ᠎ᠡ᠄ 《ᠴᠢᠨᠦ ᠶᠠᠭᠤ ᠶᠠᠷᠢᠵᠤ ᠪᠠᠢᠭ᠎ᠠ ᠶᠢ ᠪᠢ ᠮᠡᠳᠡᠬᠦ ᠦᠭᠡᠢ ᠪᠠᠢᠨ᠎ᠠ》 ᠭᠡᠵᠦ ᠮᠡᠯᠵᠢᠪᠡ᠃ 71 ᠫᠧᠲ᠋ᠧᠷ ᠭᠠᠷᠴᠤ ᠬᠦᠷᠢᠶᠡᠨ ᠦ ᠡᠭᠦᠳᠡ ᠬᠦᠷᠬᠦ ᠳᠦ᠂ ᠥᠭᠡᠷ᠎ᠡ ᠰᠢᠪᠡᠭᠴᠢᠨ ᠲᠡᠭᠦᠨ ᠢ ᠠᠵᠢᠭᠠᠳ᠂ ᠲᠡᠨᠳᠡ ᠪᠠᠢᠭᠰᠠᠳ ᠲᠤ᠄ 《ᠡᠨᠡ ᠬᠥᠮᠦᠨ ᠨᠠᠽᠠᠷᠧᠲ ᠤᠨ ᠢᠰᠦ᠋ᠰ ᠲᠠᠢ ᠬᠠᠮᠲᠤ ᠪᠠᠢᠭᠰᠠᠨ ᠰᠢᠦ ᠳᠠ》 ᠭᠡᠵᠦ ᠬᠡᠯᠡᠭᠰᠡᠨ ᠳᠦ᠂ 72 ᠫᠧᠲ᠋ᠧᠷ᠄ 《ᠲᠡᠷᠡ ᠬᠥᠮᠦᠨ ᠢ ᠪᠢ ᠲᠠᠨᠢᠬᠤ ᠦᠭᠡᠢ》 ᠭᠡᠵᠦ ᠲᠠᠩ᠋ᠭᠠᠷᠢᠭᠯᠠᠨ ᠳᠠᠬᠢᠨ ᠮᠡᠯᠵᠢᠪᠡ᠃ 73 ᠬᠡᠰᠡᠭ ᠬᠣᠷᠣᠮ ᠤᠨ ᠳᠠᠷᠠᠭ᠎ᠠ᠂ ᠵᠣᠭᠰᠣᠵᠤ ᠪᠠᠢᠭᠰᠠᠨ ᠬᠥᠮᠦᠰ ᠳᠥᠭᠥᠨ ᠢᠷᠡᠵᠦ᠄ 《ᠴᠢ ᠪᠠᠰᠠ ᠯᠠᠪ ᠨᠥᠭᠥᠭᠡᠳᠦᠯᠡ ᠶᠢᠨ ᠨᠢᠭᠡ ᠮᠥᠨ᠂ ᠠᠶᠠᠯᠭᠤ ᠴᠢᠨᠢ ᠲᠠᠨ ᠢ ᠲᠣᠳᠣᠷᠠᠭᠤᠯᠵᠤ ᠪᠠᠢᠨ᠎ᠠ》 ᠭᠡᠯᠴᠡᠪᠡ᠃ 74 ᠫᠧᠲ᠋ᠧᠷ ᠬᠠᠷᠢᠶᠠᠯ ᠢᠶᠠᠷ ᠲᠠᠩ᠋ᠭᠠᠷᠢᠭᠯᠠᠵᠤ ᠡᠬᠢᠯᠡᠨ᠄ 《ᠪᠢ ᠲᠡᠷᠡ ᠬᠥᠮᠦᠨ ᠢ ᠲᠠᠨᠢᠬᠤ ᠦᠭᠡᠢ》 ᠭᠡᠵᠦ ᠬᠡᠯᠡᠮᠡᠭᠴᠡ ᠲᠠᠬᠢᠶ᠎ᠠ ᠳᠤᠤᠭᠠᠷᠪᠠ᠃ 75 ᠲᠡᠭᠡᠲᠡᠯ᠎ᠡ ᠫᠧᠲ᠋ᠧᠷ᠄ 《ᠲᠠᠬᠢᠶ᠎ᠠ ᠳᠤᠤᠭᠠᠷᠬᠤ ᠠᠴᠠ ᠡᠮᠦᠨ᠎ᠡ ᠴᠢ ᠨᠠᠮᠠᠶᠢ ᠲᠠᠨᠢᠬᠤ ᠦᠭᠡᠢ ᠭᠡᠵᠦ ᠭᠤᠷᠪᠠᠨᠲᠠ ᠮᠡᠯᠵᠢᠬᠦ ᠪᠣᠯᠣᠨ᠎ᠠ》 ᠭᠡᠰᠡᠨ ᠢᠰᠦ᠋ᠰ ᠤᠨ ᠦᠭᠡ ᠶᠢ ᠰᠠᠨᠠᠭᠠᠳ ᠭᠠᠳᠠᠭᠰᠢ ᠪᠠᠨ ᠭᠠᠷᠴᠤ᠂ ᠭᠠᠰᠢᠭᠤᠳᠠᠨ ᠤᠬᠢᠯᠠᠪᠠ᠃