1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠠᠷᠪᠠᠨ ᠬᠣᠶᠠᠷ
 ᠵᠢᠮᠡᠯᠡᠯ ᠪᠠ ᠭᠡᠮᠰᠢᠯ

1 ᠶᠣᠬᠣᠸᠠ ᠨᠠᠲ᠋ᠠᠨ ᠢ ᠳ᠋ᠠᠸᠢᠳ᠋ ᠤᠷᠤᠭᠤ ᠢᠯᠡᠭᠡᠪᠡ᠃ ᠲᠡᠷᠡ ᠳ᠋ᠠᠸᠢᠳ᠋ ᠳᠡᠭᠡᠷ᠎ᠡ ᠢᠷᠡᠭᠡᠳ᠄ 《ᠨᠢᠭᠡᠨ ᠬᠣᠲᠠ ᠳᠤ ᠬᠣᠶᠠᠷ ᠬᠥᠮᠦᠨ ᠪᠠᠢᠵᠠᠢ᠃ ᠨᠢᠭᠡ ᠨᠢ ᠪᠠᠶᠠᠨ᠂ ᠨᠥᠭᠥᠭᠡ ᠨᠢ ᠶᠠᠳᠠᠭᠤ ᠪᠠᠢᠪᠠ᠃ 2 ᠪᠠᠶᠠᠨ ᠨᠢ ᠦᠯᠡᠮᠵᠢ ᠣᠯᠠᠨ ᠬᠣᠨᠢ ᠪᠣᠯᠣᠨ ᠦᠬᠡᠷ ᠦᠨ ᠰᠦᠷᠦᠭ ᠲᠡᠢ ᠪᠠᠢᠬᠤ ᠳᠤ᠂ 3 ᠶᠠᠳᠠᠭᠤ ᠨᠢ ᠬᠤᠳᠠᠯᠳᠤᠨ ᠠᠪᠴᠤ ᠲᠡᠵᠢᠭᠡᠭᠰᠡᠨ ᠭᠠᠭᠴᠠ ᠨᠢᠯᠬ᠎ᠠ ᠥᠬᠢᠨ ᠬᠤᠷᠠᠭᠠᠨ ᠠᠴᠠ ᠥᠭᠡᠷ᠎ᠡ ᠶᠠᠭᠤ ᠴᠤ ᠦᠭᠡᠢ ᠠᠵᠢ᠃ ᠬᠤᠷᠠᠭ᠎ᠠ ᠡᠵᠡᠨ ᠪᠣᠯᠣᠨ ᠡᠵᠡᠨ ᠦ ᠪᠠᠨ ᠬᠡᠦᠬᠡᠳ ᠤᠳ ᠲᠠᠢ ᠨᠢ ᠬᠠᠮᠲᠤ ᠥᠰᠥᠨ ᠪᠣᠢᠵᠢᠵᠤ᠂ ᠪᠣᠣᠪᠣ ᠠᠴᠠ ᠨᠢ ᠢᠳᠡᠵᠦ᠂ ᠠᠶᠠᠭᠠᠨ ᠠᠴᠠ ᠨᠢ ᠤᠤᠭᠤᠵᠤ᠂ ᠡᠪᠦᠷ ᠲᠤᠨᠢ ᠤᠨᠲᠠᠵᠤ᠂ ᠲᠡᠷᠡ ᠬᠥᠮᠦᠨ ᠳᠦ ᠶᠠᠭ ᠯᠠ ᠥᠬᠢᠨ ᠨᠢ ᠠᠳᠠᠯᠢ ᠪᠠᠢᠪᠠ᠃

4 ᠨᠢᠭᠡᠨ ᠡᠳᠦᠷ ᠪᠠᠶᠠᠨ ᠤ ᠳᠤ ᠠᠶᠠᠨᠴᠢᠨ ᠢᠷᠡᠵᠡᠢ᠃ ᠬᠠᠷᠢᠨ ᠲᠡᠷᠡ ᠪᠠᠶᠠᠨ ᠢᠷᠡᠭᠰᠡᠨ ᠠᠶᠠᠨᠴᠢᠨ ᠳᠠᠭᠠᠨ ᠵᠣᠷᠢᠭᠤᠯᠤᠨ ᠬᠣᠨᠢ ᠪᠤᠶᠤ ᠦᠬᠡᠷ ᠦᠨ ᠰᠦᠷᠦᠭ ᠡᠴᠡ ᠪᠡᠨ ᠲᠥᠬᠥᠭᠡᠷᠬᠦ ᠳᠤᠷ᠎ᠠ ᠦᠭᠡᠢ ᠪᠣᠯᠬᠣᠷ ᠶᠠᠳᠠᠭᠤ ᠬᠥᠮᠦᠨ ᠦ ᠥᠬᠢᠨ ᠬᠤᠷᠠᠭ᠎ᠠ ᠶᠢ ᠪᠤᠯᠢᠶᠠᠵᠤ᠂ ᠢᠷᠡᠭᠰᠡᠨ ᠵᠣᠴᠢᠨ ᠳᠠᠭᠠᠨ ᠵᠣᠷᠢᠭᠤᠯᠤᠨ ᠲᠥᠬᠥᠭᠡᠷᠴᠡᠢ》 ᠭᠡᠪᠡ᠃

5 ᠳ᠋ᠠᠸᠢᠳ᠋ ᠲᠡᠷᠡ ᠪᠠᠶᠠᠨ ᠳᠤ ᠶᠡᠬᠡᠳᠡ ᠬᠢᠯᠢᠩᠨᠡᠵᠦ᠂ ᠨᠠᠲ᠋ᠠᠨ ᠳᠤ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠡᠭᠦᠨ ᠢ ᠦᠢᠯᠡᠳᠦᠭᠰᠡᠨ ᠬᠥᠮᠦᠨ ᠵᠠᠪᠠᠯ ᠦᠬᠦᠬᠦ ᠶᠣᠰᠣᠲᠠᠢ᠃ 6 ᠲᠡᠷᠡ ᠡᠨᠡᠷᠢᠬᠦ ᠰᠡᠳᠬᠢᠯ ᠦᠭᠡᠢ ᠦᠢᠯᠡ ᠬᠢᠭᠰᠡᠨ ᠤᠴᠢᠷ ᠠᠴᠠ ᠨᠥᠭᠥᠭᠡ ᠥᠬᠢᠨ ᠬᠤᠷᠠᠭᠠᠨ ᠤ ᠲᠥᠯᠥᠭᠡ ᠳᠥᠷᠪᠡ ᠳᠠᠬᠢᠨ ᠲᠥᠯᠥᠬᠦ ᠶᠣᠰᠣᠲᠠᠢ》 ᠭᠡᠪᠡ᠃

7 ᠨᠠᠲ᠋ᠠᠨ ᠳ᠋ᠠᠸᠢᠳ᠋ ᠲᠤ᠄ 《ᠲᠡᠷᠡ ᠬᠥᠮᠦᠨ ᠨᠢ ᠲᠠ ᠪᠢᠯᠡ︕ ᠢᠰᠷᠧᠯ ᠤᠨ ᠪᠤᠷᠬᠠᠨ ᠶᠣᠬᠣᠸᠠ ᠢᠩᠭᠢᠵᠦ ᠠᠢᠯᠠᠳᠴᠤ ᠪᠠᠢᠨ᠎ᠠ᠄ ᠴᠢᠮᠠᠶᠢ ᠢᠰᠷᠧᠯ ᠤᠨ ᠬᠠᠭᠠᠨ ᠪᠣᠯᠭᠠᠨ ᠲᠣᠰᠣᠯᠠᠭᠰᠠᠨ ᠨᠢ ᠪᠢ ᠪᠢᠯᠡ᠃ ᠪᠢ ᠴᠢᠮᠠᠶᠢ ᠰᠠᠦ᠋ᠯ ᠤᠨ ᠭᠠᠷ ᠠᠴᠠ ᠠᠪᠤᠷᠠᠵᠤ᠂ 8 ᠡᠵᠡᠨ ᠦ ᠴᠢᠨᠢ ᠭᠡᠷ ᠲᠡᠢ ᠬᠠᠮᠲᠤ ᠲᠡᠭᠦᠨ ᠦ ᠡᠬᠡᠨᠡᠷ ᠤᠳ ᠢ ᠬᠠᠯᠠᠮᠵᠢᠨ ᠳᠤ ᠴᠢᠨᠢ ᠥᠭᠭᠥᠭᠰᠡᠨ ᠪᠥᠭᠡᠳ ᠢᠰᠷᠧᠯ ᠪᠣᠯᠣᠨ ᠶᠦᠳᠠ ᠶᠢᠨ ᠭᠡᠷ ᠢ ᠴᠤ ᠴᠢᠮ᠎ᠠ ᠳᠤ ᠳᠠᠭᠠᠭᠠᠯᠭᠠᠭᠰᠠᠨ ᠪᠢᠯᠡ᠃ ᠬᠡᠷᠪᠡ ᠡᠳᠡᠭᠡᠷ ᠨᠢ ᠪᠠᠭᠠᠳᠠᠭᠰᠠᠨ ᠪᠣᠯ ᠪᠢ ᠴᠢᠮ᠎ᠠ ᠳᠤ ᠢᠯᠡᠭᠦᠦ ᠶᠢ ᠴᠤ ᠨᠡᠮᠡᠵᠦ ᠥᠭᠬᠦ ᠪᠠᠢᠭᠰᠠᠨ︕ 9 ᠴᠢ ᠶᠠᠭᠤᠨ ᠳᠤ ᠶᠣᠬᠣᠸᠠ ᠮᠢᠨᠦ ᠲᠤᠰᠢᠶᠠᠯ ᠢ ᠪᠠᠰᠤᠮᠵᠢᠯᠠᠨ ᠮᠢᠨᠦ ᠮᠡᠯᠮᠡᠢ ᠳᠦ ᠪᠤᠵᠠᠷ ᠮᠠᠭᠤ ᠶᠢ ᠦᠢᠯᠡᠳᠪᠡ︖ ᠴᠢ ᠾᠢᠲ ᠬᠥᠮᠦᠨ ᠦᠦᠷᠢᠶ᠎ᠠ ᠶᠢ ᠢᠯᠳᠦ ᠪᠡᠷ ᠠᠯᠠᠭᠰᠠᠨ︕ ᠴᠢ ᠲᠡᠭᠦᠨ ᠢ ᠠᠮᠣᠨᠴᠤᠳ ᠤᠨ ᠢᠯᠳᠦ ᠪᠡᠷ ᠠᠯᠠᠭᠤᠯᠵᠤ᠂ ᠡᠬᠡᠨᠡᠷ ᠢ ᠨᠢ ᠥᠪᠡᠷ ᠦᠨ ᠢᠶᠠᠨ ᠡᠬᠡᠨᠡᠷ ᠪᠣᠯᠭᠠᠨ ᠠᠪᠤᠭᠰᠠᠨ ᠪᠠᠢᠨ᠎ᠠ᠃ 10 ᠴᠢ ᠨᠠᠮᠠᠶᠢ ᠪᠠᠰᠤᠮᠵᠢᠯᠠᠨ᠂ ᠾᠢᠲ ᠬᠥᠮᠦᠨ ᠦᠦᠷᠢᠶ᠎ᠠ ᠶᠢᠨ ᠡᠬᠡᠨᠡᠷ ᠢ ᠥᠪᠡᠷ ᠦᠨ ᠢᠶᠠᠨ ᠡᠬᠡᠨᠡᠷ ᠪᠣᠯᠭᠠᠨ ᠠᠪᠤᠭᠰᠠᠨ ᠤᠴᠢᠷ ᠠᠴᠠ ᠣᠳᠣ ᠠᠴᠠ ᠡᠬᠢᠯᠡᠨ ᠴᠢᠨᠦ ᠭᠡᠷ ᠡᠴᠡ ᠢᠯᠳᠦ ᠶᠡᠷᠦ ᠰᠠᠯᠬᠤ ᠦᠭᠡᠢ ᠪᠣᠯᠣᠨ᠎ᠠ᠃ 11 ᠶᠣᠬᠣᠸᠠ ᠮᠥᠨ ᠡᠢᠨ ᠬᠦ ᠠᠢᠯᠠᠳᠴᠤ ᠪᠠᠢᠨ᠎ᠠ᠄ ᠬᠠᠷᠠ᠂ ᠪᠢ ᠭᠡᠷ ᠦᠨ ᠴᠢᠨᠢ ᠳᠣᠲᠣᠷ᠎ᠠ ᠠᠴᠠ ᠭᠠᠢ ᠵᠣᠪᠠᠯᠠᠩ ᠡᠭᠦᠰᠭᠡᠵᠦ᠂ ᠴᠢᠮ᠎ᠠ ᠳᠡᠭᠡᠷ᠎ᠡ ᠪᠠᠭᠤᠯᠭᠠᠨ᠎ᠠ᠃ ᠪᠢ ᠴᠢᠨᠦ ᠨᠢᠳᠦᠨ ᠳᠡᠭᠡᠷ᠎ᠡ ᠡᠬᠡᠨᠡᠷ ᠤᠳ ᠢ ᠴᠢᠨᠢ ᠥᠪᠡᠷ ᠡᠴᠡ ᠴᠢᠨᠢ ᠣᠢᠷ᠎ᠠ ᠨᠢᠭᠡᠨ ᠳᠦ ᠠᠪᠴᠤ ᠥᠭᠬᠦ ᠪᠥᠭᠡᠳ ᠲᠡᠷᠡ ᠬᠥᠮᠦᠨ ᠭᠡᠭᠡᠨ ᠴᠠᠭᠠᠨ ᠡᠳᠦᠷ ᠢᠶᠡᠷ ᠴᠢᠨᠦ ᠡᠬᠡᠨᠡᠷ ᠤᠳ ᠲᠠᠢ ᠤᠨᠲᠠᠬᠤ ᠪᠣᠯᠣᠨ᠎ᠠ᠃ 12 ᠴᠢ ᠨᠢᠭᠤᠴᠠ ᠪᠠᠷ ᠦᠢᠯᠡᠳᠦᠭᠰᠡᠨ ᠪᠣᠯ᠂ ᠪᠢ ᠭᠡᠭᠡᠨ ᠴᠠᠭᠠᠨ ᠡᠳᠦᠷ ᠬᠠᠮᠤᠭ ᠢᠰᠷᠧᠯ ᠤᠨ ᠡᠮᠦᠨ᠎ᠡ ᠡᠭᠦᠨ ᠢ ᠦᠢᠯᠡᠳᠦᠨ᠎ᠡ》 ᠭᠡᠵᠡᠢ᠃ 13 ᠳ᠋ᠠᠸᠢᠳ᠋ ᠨᠠᠲ᠋ᠠᠨ ᠳᠤ᠄ 《ᠪᠢ ᠶᠣᠬᠣᠸᠠ ᠳᠤ ᠨᠢᠭᠦᠯ ᠦᠢᠯᠡᠳᠦᠯ᠎ᠡ》 ᠭᠡᠪᠡ᠃ ᠨᠠᠲ᠋ᠠᠨ ᠳ᠋ᠠᠸᠢᠳ᠋ ᠲᠤ᠄ 《ᠶᠣᠬᠣᠸᠠ ᠲᠠᠨ ᠤ ᠨᠢᠭᠦᠯ ᠢ ᠵᠠᠢᠯᠠᠭᠤᠯᠤᠭᠰᠠᠨ᠃ ᠲᠠ ᠦᠬᠦᠬᠦ ᠦᠭᠡᠢ᠂ 14 ᠬᠠᠷᠢᠨ ᠲᠠ ᠡᠨᠡ ᠬᠡᠷᠡᠭ ᠢᠶᠡᠷ ᠢᠶᠠᠨ ᠶᠣᠬᠣᠸᠠ ᠶᠢ ᠳᠠᠢᠰᠤᠨ ᠨᠤᠭᠤᠳ ᠢᠶᠠᠷ ᠨᠢ ᠶᠡᠬᠡᠪᠡᠷ ᠳᠣᠷᠣᠮᠵᠢᠯᠠᠭᠤᠯᠤᠭᠰᠠᠨ 8 ᠲᠤᠯᠠ ᠴᠢᠨᠦ ᠬᠦᠦ ᠯᠠᠪᠲᠠᠢ ᠦᠬᠦᠬᠦ ᠪᠣᠯᠣᠨ᠎ᠠ》 ᠭᠡᠪᠡ᠃ 15 ᠨᠠᠲ᠋ᠠᠨ ᠭᠡᠷ ᠤᠷᠤᠭᠤ ᠪᠠᠨ ᠪᠤᠴᠠᠪᠠ᠃ ᠶᠣᠬᠣᠸᠠ ᠦᠦᠷᠢᠶ᠎ᠠ ᠶᠢᠨ ᠡᠬᠡᠨᠡᠷ ᠦᠨ ᠳ᠋ᠠᠸᠢᠳ᠋ ᠲᠤ ᠲᠥᠷᠥᠭᠦᠯᠵᠦ ᠥᠭᠭᠥᠭᠰᠡᠨ ᠬᠦᠦ ᠶᠢ ᠴᠣᠬᠢᠭᠰᠠᠨ ᠳᠤ᠂ ᠲᠡᠷᠡ ᠬᠦᠦ ᠡᠪᠡᠳᠴᠢᠨ ᠳᠤ ᠨᠡᠷᠪᠡᠭᠳᠡᠪᠡ᠃ 16 ᠳ᠋ᠠᠸᠢᠳ᠋ ᠲᠡᠷᠡ ᠬᠦᠦ ᠶᠢᠨ ᠲᠥᠯᠥᠭᠡ ᠪᠤᠷᠬᠠᠨ ᠠᠴᠠ ᠭᠤᠶᠤᠨ᠂ ᠪᠠᠴᠠᠭ ᠪᠠᠷᠢᠵᠤ᠂ ᠳᠣᠲᠣᠭᠰᠢ ᠣᠷᠣᠭᠠᠳ ᠰᠥᠨᠢᠵᠢᠨ ᠭᠠᠵᠠᠷ ᠬᠡᠪᠲᠡᠵᠦ ᠪᠠᠢᠯ᠎ᠠ᠃ 17 ᠲᠡᠭᠦᠨ ᠦ ᠭᠡᠷ ᠦᠨ ᠬᠢᠨ ᠤ ᠠᠬᠠᠮᠠᠳ ᠳᠡᠷᠭᠡᠳᠡ ᠨᠢ ᠵᠣᠭᠰᠣᠵᠤ᠂ ᠲᠡᠭᠦᠨ ᠢ ᠭᠠᠵᠠᠷ ᠠᠴᠠ ᠪᠣᠰᠬᠠᠬᠤ ᠭᠡᠰᠡᠨ ᠪᠣᠯᠪᠠᠴᠤ ᠲᠡᠷᠡ ᠪᠣᠰᠬᠤ ᠶᠢ ᠬᠦᠰᠡᠭᠰᠡᠨ ᠦᠭᠡᠢ᠂ ᠮᠥᠨ ᠲᠡᠳᠡᠨ ᠲᠡᠢ ᠬᠠᠮᠲᠤ ᠬᠣᠭᠣᠯᠠ ᠴᠤ ᠢᠳᠡᠬᠦ ᠦᠭᠡᠢ ᠪᠠᠢᠯ᠎ᠠ᠃ 18 ᠬᠡᠦᠬᠡᠳ ᠨᠢ ᠳᠣᠯᠣᠳᠠᠬᠢ ᠡᠳᠦᠷ ᠲᠦ ᠨᠠᠰᠤ ᠪᠠᠷᠠᠵᠠᠢ᠃ ᠳ᠋ᠠᠸᠢᠳ᠋ ᠤᠨ ᠲᠦᠰᠢᠮᠡᠳ ᠬᠡᠦᠬᠡᠳ ᠦᠨ ᠬᠢᠨᠢ ᠦᠭᠡᠢ ᠪᠣᠯᠣᠭᠰᠠᠨ ᠢ ᠲᠡᠭᠦᠨ ᠳᠦ ᠬᠡᠯᠡᠬᠦ ᠡᠴᠡ ᠪᠡᠨ ᠠᠶᠤᠵᠤ᠄ 《ᠬᠠᠷᠠ᠂ ᠬᠦᠦ ᠨᠢ ᠠᠮᠢᠳᠤ ᠪᠠᠢᠬᠤ ᠳᠤ ᠬᠠᠭᠠᠨ ᠪᠢᠳᠡᠨ ᠦ ᠬᠢ ᠶᠢ ᠰᠣᠨᠣᠰᠣᠭᠰᠠᠨ ᠦᠭᠡᠢ ᠶᠤᠮ ᠴᠢᠨᠢ ᠬᠡᠦᠬᠡᠳ ᠦᠨ ᠦᠭᠡᠢ ᠪᠣᠯᠣᠭᠰᠠᠨ ᠢ ᠪᠢᠳᠡ ᠶᠠᠭᠠᠬᠢᠵᠤ ᠲᠡᠭᠦᠨ ᠳᠦ ᠬᠡᠯᠡᠬᠦ ᠪᠢᠯᠡ︖ ᠥᠪᠡᠷ ᠲᠡᠭᠡᠨ ᠶᠠᠮᠠᠷ ᠨᠢᠭᠡᠨ ᠮᠠᠭᠤ ᠶᠠᠭᠤᠮ᠎ᠠ ᠬᠢᠵᠦ ᠮᠠᠭᠠᠳ ᠦᠭᠡᠢ》 ᠭᠡᠯᠴᠡᠵᠦ ᠪᠠᠢᠯ᠎ᠠ᠃ 19 ᠳ᠋ᠠᠸᠢᠳ᠋ ᠲᠦᠰᠢᠮᠡᠳ ᠦᠨ ᠢᠶᠠᠨ ᠰᠢᠪᠡᠨᠡᠯᠳᠦᠬᠦ ᠶᠢ ᠬᠠᠷᠠᠭᠠᠳ ᠬᠡᠦᠬᠡᠳ ᠦᠨ ᠦᠭᠡᠢ ᠪᠣᠯᠣᠭᠰᠠᠨ ᠢ ᠣᠢᠯᠠᠭᠠᠵᠠᠢ᠃ ᠳ᠋ᠠᠸᠢᠳ᠋ ᠲᠦᠰᠢᠮᠡᠳ ᠡᠴᠡ ᠪᠡᠨ᠄ 《ᠬᠦᠦ ᠦᠭᠡᠢ ᠪᠣᠯᠣᠭᠰᠠᠨ ᠤᠤ︖》 ᠭᠡᠵᠦ ᠠᠰᠠᠭᠤᠬᠤ ᠳᠤ᠂ ᠲᠡᠳᠡ᠄ 《ᠦᠭᠡᠢ ᠪᠣᠯᠣᠭᠰᠠᠨ》 ᠭᠡᠵᠡᠢ᠃

20 ᠳ᠋ᠠᠸᠢᠳ᠋ ᠭᠠᠵᠠᠷ ᠠᠴᠠ ᠪᠣᠰᠣᠭᠠᠳ᠂ ᠪᠡᠶ᠎ᠡ ᠪᠡᠨ ᠤᠬᠢᠶᠠᠵᠤ ᠲᠣᠰᠣᠯᠠᠨ᠂ ᠬᠤᠪᠴᠠᠰᠤ ᠪᠠᠨ ᠰᠣᠯᠢᠵᠤ ᠶᠣᠬᠣᠸᠠ ᠶᠢᠨ ᠥᠷᠭᠥᠭᠡᠨ ᠳᠦ ᠣᠷᠣᠭᠠᠳ ᠬᠦᠨᠳᠦᠳᠬᠡᠨ ᠮᠥᠷᠭᠥᠭᠰᠡᠨ ᠦ ᠳᠠᠷᠠᠭ᠎ᠠ᠂ ᠣᠷᠳᠣᠨ ᠳᠠᠭᠠᠨ ᠬᠠᠷᠢᠭᠠᠳ ᠬᠣᠭᠣᠯᠠ ᠪᠡᠯᠡᠳᠬᠡᠭᠦᠯᠵᠦ ᠢᠳᠡᠪᠡ᠃ 21 ᠲᠦᠰᠢᠮᠡᠳ ᠨᠢ᠄ 《ᠲᠠᠨ ᠤ ᠦᠢᠯᠡᠳᠦᠭᠰᠡᠨ ᠡᠨᠡ ᠬᠡᠷᠡᠭ ᠶᠠᠮᠠᠷ ᠤᠴᠢᠷ ᠲᠠᠢ ᠶᠤᠮ ᠪᠤᠢ︖ ᠬᠡᠦᠬᠡᠳ ᠠᠮᠢᠳᠤ ᠪᠠᠢᠬᠤ ᠳᠤ ᠲᠠ ᠪᠠᠴᠠᠭ ᠪᠠᠷᠢᠵᠤ᠂ ᠤᠬᠢᠯᠠᠵᠤ ᠪᠠᠢᠭᠰᠠᠨ᠂ ᠬᠠᠷᠢᠨ ᠬᠡᠦᠬᠡᠳ ᠦᠭᠡᠢ ᠪᠣᠯᠬᠤ ᠳᠤ ᠲᠠ ᠪᠣᠰᠴᠤ᠂ ᠬᠣᠭᠣᠯᠠ ᠢᠳᠡᠯ᠎ᠡ》 ᠭᠡᠯᠴᠡᠬᠦ ᠳᠦ᠂ 22 ᠳ᠋ᠠᠸᠢᠳ᠋᠄ 《ᠬᠦᠦ ᠠᠮᠢᠳᠤ ᠪᠠᠢᠬᠤ ᠦᠶ᠎ᠡ ᠳᠦ ᠪᠢ ᠪᠠᠴᠠᠭ ᠪᠠᠷᠢᠨ᠂ ᠤᠬᠢᠯᠠᠵᠤ ᠪᠠᠢᠭᠰᠠᠨ ᠨᠢ 〈ᠶᠣᠬᠣᠸᠠ ᠨᠠᠮᠠᠶᠢ ᠨᠢᠭᠦᠯᠡᠰᠴᠦ᠂ ᠬᠦᠦ ᠶᠢ ᠠᠮᠢᠳᠤᠷᠠᠭᠤᠯᠬᠤ ᠮᠠᠭᠠᠳ〉 ᠬᠡᠮᠡᠨ ᠪᠣᠳᠣᠭᠰᠠᠨ ᠤ ᠤᠴᠢᠷ ᠶᠤᠮ᠃ 23 ᠣᠳᠣ ᠬᠡᠦᠬᠡᠳ ᠦᠭᠡᠢ ᠪᠣᠯᠴᠢᠬᠠᠯ᠎ᠠ᠃ ᠪᠢ ᠶᠠᠭᠤᠨ ᠳᠤ ᠪᠠᠴᠠᠭ ᠪᠠᠷᠢᠬᠤ ᠪᠢᠯᠡ︖ ᠪᠢ ᠲᠡᠭᠦᠨ ᠢ ᠡᠷᠭᠢᠭᠦᠯᠵᠦ ᠠᠪᠴᠢᠷᠠᠵᠤ ᠴᠢᠳᠠᠬᠤ ᠤᠤ︖ ᠪᠢ ᠲᠡᠭᠦᠨ ᠤᠷᠤᠭᠤ ᠣᠴᠢᠬᠤ ᠪᠣᠯᠪᠠᠴᠤ ᠲᠡᠷᠡ ᠨᠠᠳᠠ ᠳᠡᠭᠡᠷ᠎ᠡ ᠡᠷᠭᠢᠵᠦ ᠢᠷᠡᠬᠦ ᠦᠭᠡᠢ》 ᠭᠡᠪᠡ᠃

24 ᠳ᠋ᠠᠸᠢᠳ᠋ ᠡᠬᠡᠨᠡᠷ ᠪᠠᠲ᠋ᠱᠧᠪᠠ ᠪᠠᠨ ᠲᠠᠢᠳᠬᠤᠷᠠᠭᠤᠯᠵᠤ᠂ ᠲᠡᠭᠦᠨ ᠳᠡᠭᠡᠷ᠎ᠡ ᠣᠷᠣᠵᠤ᠂ ᠲᠡᠭᠦᠨ ᠲᠡᠢ ᠤᠨᠲᠠᠪᠠ᠃ ᠲᠡᠷᠡ ᠡᠮᠡᠭᠲᠡᠢ ᠬᠦᠦ ᠲᠥᠷᠥᠭᠦᠯᠦᠭᠰᠡᠨ ᠳᠦ᠂ ᠳ᠋ᠠᠸᠢᠳ᠋ ᠲᠡᠭᠦᠨ ᠢ ᠰᠣᠯᠣᠮᠣᠨ ᠬᠡᠮᠡᠨ ᠨᠡᠷᠡᠯᠡᠪᠡ᠃ ᠶᠣᠬᠣᠸᠠ ᠲᠡᠭᠦᠨ ᠢ ᠬᠠᠢᠷᠠᠯᠠᠭᠰᠠᠨ ᠪᠥᠭᠡᠳ 25 ᠲᠡᠭᠦᠨ ᠢ ᠬᠠᠢᠷᠠᠯᠠᠭᠰᠠᠨ ᠳᠠᠭᠠᠨ ᠡᠰᠢ ᠦᠵᠡᠭᠦᠯᠦᠭᠴᠢ ᠨᠠᠲ᠋ᠠᠨ ᠢᠶᠠᠷ ᠦᠭᠡ ᠢᠯᠡᠭᠡᠵᠦ᠂ ᠲᠡᠭᠦᠨ ᠳᠦ ᠶᠧᠳᠢᠳᠢᠶ᠎ᠠ 9 ᠭᠡᠰᠡᠨ ᠨᠡᠷ᠎ᠡ ᠥᠭᠭᠥᠭᠦᠯᠦᠭᠰᠡᠨ ᠪᠠᠢᠨ᠎ᠠ᠃
 ᠷᠠᠪᠠ ᠶᠢ ᠡᠵᠡᠯᠡᠪᠡ

26 ᠲᠡᠷᠡ ᠦᠶ᠎ᠡ ᠳᠦ᠂ ᠶᠣᠶᠠᠪ ᠠᠮᠣᠨᠴᠤᠳ ᠤᠨ ᠬᠠᠭᠠᠨ ᠬᠣᠲᠠ ᠷᠠᠪᠠ ᠶᠢ ᠴᠣᠬᠢᠵᠤ᠂ ᠲᠡᠭᠦᠨ ᠢ ᠡᠵᠡᠯᠡᠨ ᠠᠪᠬᠤ ᠪᠣᠯᠪᠠ᠃ 27 ᠶᠣᠶᠠᠪ ᠳ᠋ᠠᠸᠢᠳ᠋ ᠲᠤ ᠡᠯᠴᠢᠳ ᠢᠯᠡᠭᠡᠨ᠄ 《ᠪᠢ ᠷᠠᠪᠠ ᠶᠢ ᠴᠣᠬᠢᠵᠤ᠂ ᠤᠰᠤᠨ ᠤ ᠨᠥᠭᠡᠴᠡ ᠶᠢ ᠨᠢ ᠡᠵᠡᠯᠡᠨ ᠠᠪᠤᠯ᠎ᠠ᠃ 28 ᠲᠠ ᠣᠳᠣ ᠦᠯᠡᠳᠡᠭᠰᠡᠨ ᠴᠡᠷᠢᠭ ᠢᠶᠠᠨ ᠴᠤᠭᠯᠠᠭᠤᠯᠤᠨ ᠢᠷᠡᠵᠦ᠂ ᠡᠨᠡ ᠬᠣᠲᠠ ᠶᠢᠨ ᠬᠠᠷᠠᠯᠳᠤᠭ᠎ᠠ ᠬᠤᠸᠠᠷᠠᠩᠨᠠᠨ ᠲᠡᠭᠦᠨ ᠢ ᠡᠵᠡᠯᠡᠨ ᠠᠪᠤᠭᠠᠷᠠᠢ᠃ ᠡᠰᠡ ᠲᠡᠭᠡᠪᠡᠯ ᠪᠢ ᠡᠵᠡᠯᠡᠨ ᠠᠪᠴᠤ ᠡᠨᠡ ᠬᠣᠲᠠ ᠮᠢᠨᠦ ᠨᠡᠷ᠎ᠡ ᠪᠡᠷ ᠨᠡᠷᠡᠯᠡᠭᠳᠡᠬᠦ ᠪᠣᠯᠣᠨ᠎ᠠ》 ᠭᠡᠵᠦ ᠬᠡᠯᠡᠭᠦᠯᠪᠡ᠃ 29 ᠳ᠋ᠠᠸᠢᠳ᠋ ᠪᠦᠬᠦ ᠴᠡᠷᠢᠭ ᠢᠶᠠᠨ ᠴᠤᠭᠯᠠᠭᠤᠯᠵᠤ᠂ ᠷᠠᠪᠠ ᠤᠷᠤᠭᠤ ᠣᠴᠢᠭᠠᠳ ᠲᠡᠷᠡ ᠬᠣᠲᠠ ᠶᠢ ᠳᠣᠪᠲᠣᠯᠵᠤ᠂ ᠡᠵᠡᠯᠡᠨ ᠠᠪᠤᠭᠰᠠᠨ ᠤ ᠳᠠᠷᠠᠭ᠎ᠠ᠂ 30 ᠮᠢᠯᠺᠣᠮ 10  ᠤᠨ ᠲᠣᠯᠣᠭᠠᠢ ᠠᠴᠠ ᠲᠢᠲᠢᠮ ᠢ ᠨᠢ ᠠᠪᠴᠠᠢ᠃ ᠲᠡᠷᠡ ᠲᠢᠲᠢᠮ ᠨᠢ ᠨᠢᠭᠡ ᠲᠠᠯᠠᠨᠲ 11 ᠠᠯᠲᠠ ᠶᠢᠨ ᠬᠢᠷᠢ ᠬᠦᠨᠳᠦ ᠪᠥᠭᠡᠳ ᠲᠡᠭᠦᠨ ᠳᠦ ᠡᠷᠳᠡᠨᠢ ᠶᠢᠨ ᠴᠢᠯᠠᠭᠤ ᠰᠢᠭᠢᠳᠬᠡᠭᠰᠡᠨ ᠪᠠᠢᠯ᠎ᠠ᠃ ᠲᠡᠷᠡ ᠨᠢ ᠣᠳᠣ ᠳ᠋ᠠᠸᠢᠳ᠋ ᠤᠨ ᠲᠣᠯᠣᠭᠠᠢ ᠳᠡᠭᠡᠷ᠎ᠡ ᠪᠠᠢᠬᠤ ᠪᠣᠯᠪᠠ᠃ ᠳ᠋ᠠᠸᠢᠳ᠋ ᠲᠡᠷᠡ ᠬᠣᠲᠠ ᠠᠴᠠ ᠦᠯᠡᠮᠵᠢ ᠶᠡᠬᠡ ᠬᠡᠮᠵᠢᠶᠡᠨ ᠦ ᠣᠯᠵᠠ ᠣᠯᠵᠤ ᠠᠪᠠᠴᠢᠨ᠂ 31 ᠮᠥᠨ ᠬᠣᠲᠠ ᠳᠤ ᠪᠠᠢᠭ᠎ᠠ ᠠᠷᠠᠳ ᠣᠯᠠᠨ ᠢ ᠭᠠᠷᠭᠠᠨ᠂ ᠬᠢᠷᠥᠭᠡ᠂ ᠢᠷ ᠲᠠᠢ ᠲᠡᠮᠦᠷ ᠪᠠᠭᠠᠵᠢ ᠪᠣᠯᠣᠨ ᠰᠦᠬᠡ ᠪᠡᠷ ᠬᠢᠬᠦ ᠠᠵᠢᠯ ᠳᠤ ᠲᠠᠯᠪᠢᠨ ᠲᠣᠭᠣᠰᠬ᠎ᠠ ᠴᠣᠬᠢᠭᠤᠯᠪᠠ᠃ ᠳ᠋ᠠᠸᠢᠳ᠋ ᠠᠮᠣᠨᠴᠤᠳ ᠤᠨ ᠪᠦᠬᠦ ᠬᠣᠲᠠ ᠳᠤ ᠡᠨᠡ ᠮᠡᠲᠦ ᠪᠡᠷ ᠦᠢᠯᠡᠳᠪᠡ᠃ ᠲᠡᠭᠡᠭᠡᠳ ᠳ᠋ᠠᠸᠢᠳ᠋ ᠬᠠᠮᠤᠭ ᠴᠡᠷᠢᠭ ᠲᠠᠢ ᠪᠠᠨ ᠶᠧᠷᠦ᠋ᠰᠠᠯᠧᠮ ᠳᠤ ᠪᠤᠴᠠᠭᠰᠠᠨ ᠪᠠᠢᠨ᠎ᠠ᠃