1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠬᠣᠷᠢᠨ ᠭᠤᠷᠪᠠ
 ᠳ᠋ᠠᠸᠢᠳ᠋ ᠤᠨ ᠰᠡᠭᠦᠯᠴᠢ ᠶᠢᠨ ᠦᠭᠡᠰ

1 ᠡᠳᠡᠭᠡᠷ ᠨᠢ ᠳ᠋ᠠᠸᠢᠳ᠋ ᠤᠨ ᠰᠡᠭᠦᠯᠴᠢ ᠶᠢᠨ ᠦᠭᠡᠰ᠄ ᠥᠨᠳᠥᠷ ᠲᠦ ᠡᠷᠭᠦᠮᠵᠢᠯᠡᠭᠳᠡᠭᠰᠡᠨ᠂ ᠶᠠᠺᠣᠪ ᠤᠨ ᠪᠤᠷᠬᠠᠨ ᠳᠤ ᠲᠣᠰᠣᠯᠠᠭᠳᠠᠭᠰᠠᠨ ᠢᠰᠷᠧᠯ ᠤᠨ ᠢᠷᠠᠭᠤ ᠨᠠᠢᠷᠠᠭᠴᠢ ᠢᠱᠠᠢ ᠶᠢᠨ ᠬᠥᠪᠡᠭᠦᠨ ᠳ᠋ᠠᠸᠢᠳ᠋ ᠤᠨ ᠢᠯᠡᠷᠬᠡᠶᠢᠯᠡᠯᠭᠡ᠄
2 ᠡᠵᠡᠨ ᠦ ᠰᠦᠨᠡᠰᠦ ᠨᠠᠳᠠ ᠪᠠᠷ ᠳᠠᠮᠵᠢᠭᠤᠯᠤᠨ ᠠᠢᠯᠠᠳᠪᠠ ᠲᠡᠭᠦᠨ ᠦ ᠦᠭᠡ ᠮᠢᠨᠦ ᠬᠡᠯᠡᠨ ᠳᠡᠭᠡᠷ᠎ᠡ ᠪᠤᠢ᠃
3 ᠢᠰᠷᠧᠯ ᠤᠨ ᠪᠤᠷᠬᠠᠨ ᠠᠢᠯᠠᠳᠪᠠ ᠢᠰᠷᠧᠯ ᠤᠨ ᠬᠠᠳᠠ ᠨᠠᠳᠠ ᠳᠤ ᠬᠡᠯᠡᠪᠡ᠄ 《ᠬᠥᠮᠦᠨ ᠢ ᠭᠣᠣᠯᠴᠢ ᠰᠢᠳᠤᠷᠭᠤ ᠪᠠᠷ ᠵᠠᠬᠢᠷᠤᠭᠴᠢ ᠨᠢ ᠪᠤᠷᠬᠠᠨ ᠠᠴᠠ ᠡᠮᠢᠶᠡᠨ ᠵᠠᠬᠢᠷᠤᠭᠴᠢ ᠨᠢ
4 ᠥᠷᠯᠥᠭᠡᠨ ᠦ ᠭᠡᠷᠡᠯ ᠡᠭᠦᠯᠡ ᠦᠭᠡᠢ ᠥᠷᠯᠥᠭᠡ ᠶᠢᠨ ᠮᠠᠨᠳᠤᠬᠤ ᠨᠠᠷᠠ ᠪᠣᠷᠣᠭᠠᠨ ᠤ ᠳᠠᠷᠠᠭ᠎ᠠ ᠭᠠᠵᠠᠷ ᠠᠴᠠ ᠨᠣᠭᠣᠭ᠎ᠠ ᠤᠷᠭᠤᠭᠤᠯᠳᠠᠭ ᠲᠤᠶᠠᠭ᠎ᠠ ᠮᠡᠲᠦ᠃》
5 ᠮᠢᠨᠦ ᠭᠡᠷ ᠪᠤᠷᠬᠠᠨ ᠤ ᠡᠮᠦᠨ᠎ᠡ ᠡᠢᠮᠦ ᠪᠢᠰᠢ ᠪᠣᠯᠪᠠᠴᠤ ᠪᠦᠬᠦ ᠲᠠᠯ᠎ᠠ ᠪᠠᠷ ᠪᠠᠲᠤ ᠵᠢᠷᠤᠮ ᠲᠠᠢ ᠮᠥᠩᠬᠡ ᠶᠢᠨ ᠭᠡᠷ᠎ᠡ ᠶᠢ ᠲᠡᠷᠡ ᠨᠠᠳᠠ ᠲᠠᠢ ᠪᠠᠢᠭᠤᠯᠤᠭᠰᠠᠨ ᠮᠢᠨᠦ ᠪᠦᠬᠦᠢᠯᠡ ᠠᠪᠤᠷᠠᠯ ᠪᠦᠬᠦᠢᠯᠡ ᠡᠷᠡᠮᠡᠯᠵᠡᠯ ᠢ ᠴᠤ ᠲᠡᠷᠡ ᠦᠷ᠎ᠡ ᠵᠢᠮᠢᠰ ᠲᠠᠢ ᠪᠣᠯᠭᠠᠬᠤ ᠦᠭᠡᠢ ᠭᠡᠵᠢ ᠤᠤ︖
6 ᠬᠠᠷᠢᠨ ᠪᠦᠲᠦᠯ ᠦᠭᠡᠢ ᠬᠥᠮᠦᠰ ᠨᠢ ᠥᠷᠭᠡᠰᠦᠲᠦ ᠬᠠᠷᠭᠠᠨ᠎ᠠ ᠮᠡᠲᠦ ᠭᠠᠷ ᠢᠶᠠᠷ ᠪᠠᠷᠢᠬᠤ ᠶᠢᠨ ᠠᠷᠭ᠎ᠠ ᠦᠭᠡᠢ ᠪᠣᠯᠬᠣᠷ ᠪᠦᠭᠦᠳᠡᠭᠡᠷ ᠬᠠᠶᠠᠭᠳᠠᠨ᠎ᠠ᠃
7 ᠲᠡᠳᠡᠨ ᠳᠦ ᠬᠦᠷᠬᠦ ᠬᠥᠮᠦᠨ ᠲᠡᠮᠦᠷ ᠪᠤᠶᠤ ᠵᠢᠳᠠᠨ ᠤ ᠡᠰᠢ ᠬᠡᠷᠡᠭᠯᠡᠬᠦ ᠪᠥᠭᠡᠳ ᠲᠡᠳᠡ ᠭᠠᠵᠠᠷ ᠲᠠᠭᠠᠨ ᠪᠦᠷᠢᠮᠦᠰᠦᠨ ᠰᠢᠲᠠᠭᠠᠭᠳᠠᠬᠤ ᠪᠣᠯᠣᠨ᠎ᠠ᠃
 ᠳ᠋ᠠᠸᠢᠳ᠋ ᠤᠨ ᠬᠦᠴᠦᠷᠬᠡᠭ ᠳᠠᠢᠴᠢᠳ

8 ᠳ᠋ᠠᠸᠢᠳ᠋ ᠲᠠᠢ ᠬᠠᠮᠲᠤ ᠪᠠᠢᠭᠰᠠᠨ ᠪᠠᠭᠠᠲᠤᠷ ᠤᠳ ᠤᠨ ᠨᠡᠷᠡᠰ᠄ ᠳᠠᠢᠴᠢᠳ ᠤᠨ ᠲᠡᠷᠢᠭᠦᠨ ᠪᠣᠯᠬᠤ ᠲᠠᠬᠧᠮᠣᠨ ᠬᠥᠮᠦᠨ ᠶᠣᠱᠧᠪ ᠪᠠᠱᠧᠪᠧᠲ᠂ ᠲᠡᠷᠡ ᠪᠡᠷ ᠵᠢᠳᠠ ᠪᠠᠨ ᠳᠠᠯᠠᠢᠵᠤ ᠨᠢᠭᠡ ᠯᠠ ᠤᠳᠠᠭ᠎ᠠ ᠨᠠᠢ᠌ᠮᠠᠨ ᠵᠠᠭᠤᠨ ᠬᠥᠮᠦᠨ ᠢ ᠰᠥᠨᠥᠭᠡᠭᠰᠡᠨ ᠶᠤᠮ᠃

9 ᠳᠠᠷᠠᠭᠠᠬᠢ ᠨᠢ ᠠᠬᠣᠾ ᠬᠥᠮᠦᠨ ᠳ᠋ᠣᠳᠣ᠋ ᠶᠢᠨ ᠬᠥᠪᠡᠭᠦᠨ ᠡᠯᠧᠶᠠᠽᠠᠷ᠂ ᠲᠡᠷᠡ ᠴᠤ ᠭᠤᠷᠪᠠᠨ ᠪᠠᠭᠠᠲᠤᠷ ᠤᠨ ᠨᠢᠭᠡ ᠶᠤᠮ᠃ ᠫᠠᠰᠳᠠᠮᠢᠮ ᠳᠤ ᠳᠠᠢᠲᠤᠬᠤ ᠪᠠᠷ ᠴᠤᠭᠯᠠᠷᠠᠭᠰᠠᠨ ᠹᠢᠯᠢᠰᠲ᠋ᠴᠦᠳ ᠲᠤᠯᠭᠠᠷᠠᠬᠤ ᠦᠶ᠎ᠡ ᠳᠦ᠂ ᠲᠡᠷᠡ ᠳ᠋ᠠᠸᠢᠳ᠋ ᠲᠠᠢ ᠬᠠᠮᠲᠤ ᠪᠠᠢᠭᠰᠠᠨ᠃ ᠢᠰᠷᠧᠯᠴᠦᠳ ᠤᠬᠤᠷᠢᠴᠢᠬᠠᠭᠰᠠᠨ ᠪᠠᠢᠲᠠᠯ᠎ᠠ 10 ᠲᠡᠷᠡ ᠪᠣᠰᠴᠤ ᠭᠠᠷ ᠢᠶᠠᠨ ᠴᠤᠴᠠᠲᠠᠯ᠎ᠠ᠂ ᠭᠠᠷ ᠨᠢ ᠢᠯᠳᠦᠨ ᠳᠦ ᠨᠠᠭᠠᠯᠳᠤᠨ ᠰᠠᠯᠬᠤ ᠦᠭᠡᠢ ᠪᠣᠯᠲᠠᠯ᠎ᠠ ᠪᠠᠨ ᠹᠢᠯᠢᠰᠲ᠋ᠴᠦᠳ ᠢ ᠴᠣᠬᠢᠵᠤ ᠠᠯᠠᠭᠰᠠᠨ ᠳᠤ᠂ ᠶᠣᠬᠣᠸᠠ ᠲᠡᠷᠡ ᠡᠳᠦᠷ ᠦᠯᠡᠮᠵᠢ ᠶᠡᠬᠡ ᠢᠯᠠᠯᠲᠠ ᠶᠢ ᠰᠣᠶᠣᠷᠬᠠᠵᠠᠢ᠃ ᠡᠯᠧᠶᠠᠽᠠᠷ ᠤᠨ ᠠᠷᠤ ᠠᠴᠠ ᠴᠡᠷᠢᠭ ᠤᠳ ᠡᠷᠭᠢᠵᠦ ᠢᠷᠡᠭᠰᠡᠨ ᠪᠣᠯᠪᠠᠴᠤ ᠠᠯᠠᠭᠳᠠᠭᠰᠠᠳ ᠠᠴᠠ ᠣᠯᠵᠠ ᠠᠪᠬᠤ ᠠᠴᠠ ᠥᠭᠡᠷ᠎ᠡ ᠬᠢᠬᠦ ᠶᠠᠭᠤᠮ᠎ᠠ ᠦᠭᠡᠢ ᠪᠠᠢᠪᠠ᠃

11 ᠳᠠᠷᠠᠭᠠᠬᠢ ᠨᠢ ᠬᠠᠷᠠᠷ ᠬᠥᠮᠦᠨ ᠠᠭᠧ ᠶᠢᠨ ᠬᠥᠪᠡᠭᠦᠨ ᠱᠠᠮᠠ ᠪᠢᠯᠡ᠃ ᠨᠢᠭᠡᠨ ᠡᠳᠦᠷ ᠹᠢᠯᠢᠰᠲ᠋ᠴᠦᠳ ᠢᠭᠴᠢ ᠰᠠᠬᠤᠯᠢᠭ ᠪᠤᠷᠴᠠᠭ ᠤᠨ ᠲᠠᠷᠢᠶᠠᠨ ᠳᠤ ᠴᠤᠭᠯᠠᠷᠠᠬᠤ ᠳᠤ᠂ ᠢᠰᠷᠧᠯ ᠤᠨ ᠴᠡᠷᠢᠭ ᠹᠢᠯᠢᠰᠲ᠋ᠴᠦᠳ ᠡᠴᠡ ᠵᠢᠭᠤᠲᠠᠭᠰᠠᠨ ᠪᠣᠯᠪᠠᠴᠤ 12 ᠲᠡᠷᠡ ᠪᠡᠷ ᠲᠠᠷᠢᠶᠠᠨ ᠳᠤᠮᠳᠠ ᠵᠣᠭᠰᠣᠨ ᠲᠡᠷᠡ ᠭᠠᠵᠠᠷ ᠢ ᠬᠠᠮᠠᠭᠠᠯᠠᠵᠤ᠂ ᠹᠢᠯᠢᠰᠲ᠋ᠴᠦᠳ ᠢ ᠴᠣᠬᠢᠵᠤ ᠠᠯᠠᠭᠰᠠᠨ ᠳᠤ᠂ ᠶᠣᠬᠣᠸᠠ ᠶᠡᠬᠡ ᠢᠯᠠᠯᠲᠠ ᠶᠢ ᠰᠣᠶᠣᠷᠬᠠᠵᠠᠢ᠃

13 ᠤᠷᠭᠤᠴᠠ ᠬᠤᠷᠢᠶᠠᠬᠤ ᠦᠶ᠎ᠡ ᠪᠡᠷ ᠹᠢᠯᠢᠰᠲ ᠤᠨ ᠨᠢᠭᠡ ᠬᠣᠷᠢᠶ᠎ᠠ ᠴᠡᠷᠢᠭ ᠷᠧᠹᠠᠢᠮ ᠤᠨ ᠬᠥᠨᠳᠡᠢ ᠳᠦ ᠬᠤᠸᠠᠷᠠᠩᠨᠠᠵᠤ ᠪᠠᠢᠬᠤ ᠵᠠᠭᠤᠷ᠎ᠠ᠂ ᠭᠤᠴᠢᠨ ᠲᠡᠷᠢᠭᠦᠨ ᠦ ᠭᠤᠷᠪᠠ ᠨᠢ ᠠᠳᠦ᠋ᠯᠠᠮ ᠤᠨ ᠠᠭᠤᠢ ᠳᠤ ᠪᠤᠢ ᠳ᠋ᠠᠸᠢᠳ᠋ ᠳᠡᠭᠡᠷ᠎ᠡ ᠣᠴᠢᠪᠠ᠃ 14 ᠲᠡᠷᠡ ᠦᠶ᠎ᠡ ᠳᠦ ᠳ᠋ᠠᠸᠢᠳ᠋ ᠪᠡᠬᠢᠯᠡᠯᠲᠡ ᠳᠡᠭᠡᠨ ᠪᠠᠢᠵᠤ᠂ ᠹᠢᠯᠢᠰᠲ᠋ᠴᠦᠳ ᠦᠨ ᠴᠡᠷᠢᠭ ᠠᠩ᠋ᠬᠢ ᠪᠧᠲ᠋ᠯᠧᠾᠧᠮ ᠳᠤ ᠪᠠᠢᠵᠠᠢ᠃ 15 ᠳ᠋ᠠᠸᠢᠳ᠋ ᠨᠤᠲᠤᠭ ᠢᠶᠠᠨ ᠰᠠᠨᠠᠵᠤ᠄ 《ᠬᠡᠨ ᠨᠢᠭᠡ ᠨᠢ ᠪᠧᠲ᠋ᠯᠧᠾᠧᠮ ᠤᠨ ᠬᠠᠭᠠᠯᠭᠠᠨ ᠳᠠᠬᠢ ᠬᠤᠳᠳᠤᠭ ᠠᠴᠠ ᠨᠠᠳᠠ ᠳᠤ ᠤᠤᠭᠤᠬᠤ ᠤᠰᠤ ᠠᠪᠴᠢᠷᠠᠵᠤ ᠥᠭᠳᠡᠭ ᠴᠤ ᠪᠣᠯᠣᠭᠠᠰᠠᠢ》 ᠭᠡᠬᠦ ᠳᠦ᠂ 16 ᠭᠤᠷᠪᠠᠨ ᠪᠠᠭᠠᠲᠤᠷ ᠹᠢᠯᠢᠰᠲ᠋ᠴᠦᠳ ᠦᠨ ᠬᠤᠸᠠᠷᠠᠨ ᠢ ᠰᠢᠪᠲᠤᠯᠤᠨ ᠭᠠᠷᠴᠤ᠂ ᠪᠧᠲ᠋ᠯᠧᠾᠧᠮ ᠤᠨ ᠬᠠᠭᠠᠯᠭᠠᠨ ᠤ ᠳᠡᠷᠭᠡᠳᠡᠬᠢ ᠬᠤᠳᠳᠤᠭ ᠠᠴᠠ ᠤᠰᠤ ᠤᠳᠬᠤᠨ ᠳ᠋ᠠᠸᠢᠳ᠋ ᠲᠤ ᠠᠪᠴᠢᠷᠠᠭᠰᠠᠨ ᠪᠠᠢᠯ᠎ᠠ᠃ ᠬᠠᠷᠢᠨ ᠳ᠋ᠠᠸᠢᠳ᠋ ᠲᠡᠭᠦᠨ ᠡᠴᠡ ᠤᠤᠭᠤᠯ ᠦᠭᠡᠢ᠂ ᠶᠣᠬᠣᠸᠠ ᠶᠢᠨ ᠡᠮᠦᠨ᠎ᠡ ᠠᠰᠬᠠᠵᠤ᠄ 17 《ᠶᠣᠬᠣᠸᠠ᠂ ᠡᠳᠡᠭᠡᠷ ᠢ ᠦᠢᠯᠡᠳᠬᠦ ᠨᠢ ᠨᠠᠳᠠ ᠠᠴᠠ ᠬᠣᠯᠠ ᠪᠠᠢᠭ᠂ ᠡᠨᠡ ᠪᠣᠯ ᠠᠮᠢ ᠪᠠᠨ ᠴᠥᠯᠡᠨ ᠶᠠᠪᠤᠭᠰᠠᠨ ᠬᠥᠮᠦᠰ ᠦᠨ ᠴᠢᠰᠤ ᠪᠢᠰᠢ ᠤᠤ︖》 ᠭᠡᠳ ᠤᠤᠭᠤᠬᠤ ᠦᠭᠡᠢ ᠪᠠᠢᠯ᠎ᠠ᠃ ᠡᠨᠡ ᠭᠤᠷᠪᠠᠨ ᠪᠠᠭᠠᠲᠤᠷ ᠤᠨ ᠦᠢᠯᠡ ᠶᠠᠪᠤᠳᠠᠯ ᠡᠢᠮᠦ ᠪᠠᠢᠯ᠎ᠠ᠃

18 ᠲᠡᠷᠡ ᠭᠤᠷᠪᠠᠨ ᠪᠠᠭᠠᠲᠤᠷ ᠤᠨ ᠲᠡᠷᠢᠭᠦᠨ ᠨᠢ ᠽᠧᠷᠣᠢᠶ᠎ᠠ ᠶᠢᠨ ᠬᠥᠪᠡᠭᠦᠨ ᠶᠣᠶᠠᠪ ᠤᠨ ᠳᠡᠭᠦᠦ ᠠᠪᠢᠱᠠᠢ ᠪᠢᠯᠡ᠃ ᠲᠡᠷᠡ ᠪᠡᠷ ᠵᠢᠳᠠ ᠪᠠᠨ ᠳᠠᠯᠠᠢᠵᠤ ᠭᠤᠷᠪᠠᠨ ᠵᠠᠭᠤᠨ ᠬᠥᠮᠦᠨ ᠢ ᠠᠯᠠᠭᠰᠠᠨ ᠪᠠ ᠨᠥᠭᠥᠭᠡ ᠭᠤᠷᠪᠠᠨ ᠪᠠᠭᠠᠲᠤᠷ ᠰᠢᠭ᠋ ᠠᠯᠳᠠᠷ ᠲᠠᠢ ᠪᠠᠢᠪᠠ᠃ 19 ᠲᠡᠷᠡ ᠨᠥᠭᠥᠭᠡ ᠭᠤᠷᠪᠠᠨ ᠪᠠᠭᠠᠲᠤᠷ ᠠᠴᠠ ᠢᠯᠡᠭᠦᠦ ᠨᠡᠷ᠎ᠡ ᠬᠦᠨᠳᠦᠲᠡᠢ ᠪᠠᠢᠵᠤ᠂ ᠲᠡᠳᠡᠨ ᠦ ᠤᠳᠤᠷᠢᠳᠤᠭᠴᠢ ᠪᠣᠯᠣᠭᠰᠠᠨ ᠪᠣᠯᠪᠠᠴᠤ ᠨᠥᠭᠥᠭᠡ ᠭᠤᠷᠪᠠᠨ ᠪᠠᠭᠠᠲᠤᠷ ᠤᠨ ᠲᠣᠭᠠᠨ ᠳᠤ ᠣᠷᠣᠭᠰᠠᠨ ᠦᠭᠡᠢ ᠪᠠᠢᠪᠠ᠃

20 ᠺᠠᠪᠽᠧᠯ ᠤᠨ ᠬᠥᠮᠦᠨ ᠶᠧᠬᠣᠷᠠᠢᠳᠠ ᠶᠢᠨ ᠬᠥᠪᠡᠭᠦᠨ ᠪᠧᠨᠠᠢᠶ᠎ᠠ ᠶᠡᠬᠡ ᠭᠠᠪᠢᠶ᠎ᠠ ᠲᠠᠢ ᠬᠦᠴᠦᠲᠦ ᠡᠷ᠎ᠡ ᠪᠠᠢᠯ᠎ᠠ᠃ ᠲᠡᠷᠡ ᠮᠣᠶᠠᠪ ᠤᠨ ᠠᠷᠰᠯᠠᠨ ᠮᠡᠲᠦ ᠬᠣᠶᠠᠷ ᠪᠠᠭᠠᠲᠤᠷ ᠢ ᠠᠯᠠᠭᠰᠠᠨ ᠪᠥᠭᠡᠳ ᠨᠢᠭᠡᠨ ᠴᠠᠰᠤ ᠲᠠᠢ ᠡᠳᠦᠷ ᠨᠦᠬᠡᠨ ᠳᠦ ᠣᠷᠣᠵᠤ ᠠᠷᠰᠯᠠᠨ ᠢ ᠠᠯᠠᠭᠰᠠᠨ ᠠᠵᠢ᠃ 21 ᠶᠧᠵᠢᠫᠲ ᠤᠨ ᠠᠪᠤᠷᠭᠤ ᠡᠷ᠎ᠡ ᠶᠢ ᠴᠤ ᠲᠡᠷᠡ ᠠᠯᠠᠭᠰᠠᠨ ᠪᠢᠯᠡ᠃ ᠲᠡᠷᠡ ᠶᠧᠵᠢᠫᠲ ᠬᠥᠮᠦᠨ ᠭᠠᠷ ᠲᠠᠭᠠᠨ ᠵᠢᠳᠠ ᠲᠠᠢ ᠠᠲᠠᠯ᠎ᠠ ᠪᠧᠨᠠᠢᠶ᠎ᠠ ᠬᠠᠷᠢᠨ ᠭᠠᠷ ᠲᠠᠭᠠᠨ ᠰᠢᠯᠪᠢᠭᠦᠷ ᠮᠣᠳᠣ ᠯᠠ ᠪᠠᠷᠢᠨ ᠲᠡᠭᠦᠨ ᠤᠷᠤᠭᠤ ᠳᠠᠭᠠᠷᠢᠵᠤ ᠶᠧᠵᠢᠫᠲ ᠬᠥᠮᠦᠨ ᠦ ᠭᠠᠷ ᠠᠴᠠ ᠵᠢᠳᠠ ᠶᠢ ᠨᠢ ᠪᠤᠯᠢᠶᠠᠭᠠᠳ ᠲᠡᠷᠡ ᠵᠢᠳᠠ ᠪᠠᠷ ᠲᠡᠭᠦᠨ ᠢ ᠲᠣᠨᠢᠯᠭᠠᠭᠰᠠᠨ ᠶᠤᠮ᠃ 22 ᠶᠧᠬᠣᠷᠠᠢᠳᠠ ᠶᠢᠨ ᠬᠥᠪᠡᠭᠦᠨ ᠪᠧᠨᠠᠢᠶ᠎ᠠ ᠡᠳᠡᠭᠡᠷ ᠢ ᠦᠢᠯᠡᠳᠦᠭᠰᠡᠨ ᠪᠠ ᠨᠥᠭᠥᠭᠡ ᠭᠤᠷᠪᠠᠨ ᠪᠠᠭᠠᠲᠤᠷ ᠰᠢᠭ᠋ ᠠᠯᠳᠠᠷ ᠲᠠᠢ ᠪᠠᠢᠪᠠ᠃ 23 ᠲᠡᠷᠡ ᠪᠡᠷ ᠥᠨᠥᠬᠢ ᠭᠤᠴᠢ ᠡᠴᠡ ᠢᠯᠡᠭᠦᠦ ᠨᠡᠷ᠎ᠡ ᠬᠦᠨᠳᠦᠲᠡᠢ ᠪᠣᠯᠪᠠᠴᠤ ᠨᠥᠭᠥᠭᠡ ᠭᠤᠷᠪᠠ ᠶᠢᠨ ᠲᠣᠭᠠᠨ ᠳᠤ ᠣᠷᠣᠭᠰᠠᠨ ᠦᠭᠡᠢ᠃ ᠳ᠋ᠠᠸᠢᠳ᠋ ᠲᠡᠭᠦᠨ ᠢ ᠥᠪᠡᠷ ᠦᠨ ᠢᠶᠠᠨ ᠰᠢᠳᠠᠷ ᠬᠠᠮᠠᠭᠠᠯᠠᠭᠴᠢ ᠶᠢᠨ ᠲᠡᠷᠢᠭᠦᠨ ᠢᠶᠡᠷ ᠲᠣᠮᠢᠯᠠᠵᠠᠢ᠃

24 ᠲᠡᠳᠡᠭᠡᠷ ᠭᠤᠴᠢ ᠶᠢᠨ ᠳᠤᠮᠳᠠ᠄ ᠶᠣᠶᠠᠪ ᠤᠨ ᠳᠡᠭᠦᠦ ᠠᠰᠠᠾᠧᠯ᠂ ᠪᠧᠲ᠋ᠯᠧᠾᠧᠮ ᠤᠨ ᠳ᠋ᠣᠳᠣ᠋ ᠶᠢᠨ ᠬᠥᠪᠡᠭᠦᠨ ᠡᠯᠬᠠᠨᠠᠨ᠂ 25 ᠬᠠᠷᠣᠳ᠋ ᠬᠥᠮᠦᠨ ᠱᠠᠮᠠ᠂ ᠬᠠᠷᠣᠳ᠋ ᠬᠥᠮᠦᠨ ᠡᠯᠢᠺᠠ᠂ 26 ᠫᠠᠯᠲ᠋ᠢ ᠬᠥᠮᠦᠨ ᠾᠧᠯᠧᠽ᠂ ᠲᠧᠺᠣᠶ᠎ᠠ ᠬᠥᠮᠦᠨ ᠢᠺᠧᠱ ᠤᠨ ᠬᠥᠪᠡᠭᠦᠨ ᠢᠷᠠ᠂ 27 ᠠᠨᠠᠲ᠋ᠣᠲ ᠬᠥᠮᠦᠨ ᠠᠪᠢᠶᠧᠽᠧᠷ᠂ ᠾᠦᠱᠠ ᠬᠥᠮᠦᠨ ᠮᠧᠪᠦ᠋ᠨᠠᠢ᠂ 28 ᠠᠬᠣᠾ ᠬᠥᠮᠦᠨ ᠽᠠᠯᠮᠣᠨ᠂ ᠨᠧᠲ᠋ᠣᠹᠠ ᠬᠥᠮᠦᠨ ᠮᠠᠬᠠᠷᠠᠢ᠂ 29 ᠨᠧᠲ᠋ᠣᠹᠠ ᠬᠥᠮᠦᠨ ᠪᠠᠨᠠ ᠶᠢᠨ ᠬᠥᠪᠡᠭᠦᠨ ᠾᠧᠯᠧᠳ᠋᠂ ᠪᠢᠨᠶᠠᠮᠢᠨ ᠳᠠᠬᠢ ᠭᠢᠪᠧᠶ᠎ᠠ ᠶᠢᠨ ᠬᠥᠮᠦᠨ ᠷᠢᠪᠠᠢ ᠶᠢᠨ ᠬᠥᠪᠡᠭᠦᠨ ᠢᠲ᠋ᠠᠢ᠂ 30 ᠫᠢᠷᠠᠲ᠋ᠣᠨ ᠬᠥᠮᠦᠨ ᠪᠧᠨᠠᠢᠶ᠎ᠠ᠂ ᠭᠠᠱ ᠭᠣᠷᠣᠬ᠎ᠠ ᠶᠢᠨ ᠬᠥᠮᠦᠨ ᠾᠢᠳᠠᠢ᠂ 31 ᠠᠷᠪᠠ ᠬᠥᠮᠦᠨ ᠠᠪᠢ ᠠᠯᠪᠣᠨ᠂ ᠪᠠᠷᠬᠦᠮ ᠬᠥᠮᠦᠨ ᠠᠽᠮᠠᠸᠧᠲ᠂ 32 ᠱᠠ ᠠᠯᠪᠣᠨ ᠬᠥᠮᠦᠨ ᠡᠯᠢᠶᠠᠪᠠ᠂ ᠶᠠᠱᠧᠨ ᠤ ᠬᠥᠪᠡᠭᠦᠳ᠂ ᠶᠣᠨᠠᠲ᠋ᠠᠨ᠂ 33 ᠬᠠᠷᠠᠷ ᠬᠥᠮᠦᠨ ᠱᠠᠮᠠ᠂ ᠬᠠᠷᠠᠷ ᠬᠥᠮᠦᠨ ᠱᠠᠷᠠᠷ ᠤᠨ ᠬᠥᠪᠡᠭᠦᠨ ᠠᠾᠢᠶᠠᠮ᠂ 34 ᠮᠠᠺᠠ ᠬᠥᠮᠦᠨ ᠠᠬᠠᠰᠪᠠᠢ ᠶᠢᠨ ᠬᠥᠪᠡᠭᠦᠨ ᠡᠯᠢᠹᠧᠯᠧᠲ᠂ ᠭᠢᠯᠣ᠋ ᠬᠥᠮᠦᠨ ᠠᠾᠢᠲ᠋ᠣᠹᠧᠯ ᠤᠨ ᠬᠥᠪᠡᠭᠦᠨ ᠡᠯᠢᠶᠠᠮ᠂ 35 ᠺᠠᠷᠮᠧᠯ ᠬᠥᠮᠦᠨ ᠾᠧᠽᠷᠣ᠋᠂ ᠠᠷᠠᠪ ᠬᠥᠮᠦᠨ ᠫᠠᠷᠠᠢ᠂ 36 ᠽᠣᠪᠠ ᠬᠥᠮᠦᠨ ᠨᠠᠲ᠋ᠠᠨ ᠤ ᠬᠥᠪᠡᠭᠦᠨ ᠢᠭᠠᠯ᠂ ᠭᠠᠳ᠋ ᠬᠥᠮᠦᠨ ᠪᠠᠨᠢ᠂ 37 ᠠᠮᠣᠨ ᠬᠥᠮᠦᠨ ᠽᠧᠯᠧᠺ᠂ ᠽᠧᠷᠣᠢᠶ᠎ᠠ ᠶᠢᠨ ᠬᠥᠪᠡᠭᠦᠨ ᠶᠣᠶᠠᠪ ᠤᠨ ᠵᠡᠪᠰᠡᠭ ᠪᠠᠷᠢᠭᠴᠢ ᠪᠧᠷᠣᠲ ᠬᠥᠮᠦᠨ ᠨᠠᠬᠠᠷᠠᠢ᠂ 38 ᠶᠠᠲ᠋ᠢᠷ ᠬᠥᠮᠦᠨ ᠢᠷᠠ᠂ ᠶᠠᠲ᠋ᠢᠷ ᠬᠥᠮᠦᠨ ᠭᠠᠷᠧᠪ᠂ 39 ᠾᠢᠲ ᠬᠥᠮᠦᠨ ᠦᠦᠷᠢᠶ᠎ᠠ ᠵᠡᠷᠭᠡ ᠪᠦᠭᠦᠳᠡ ᠭᠤᠴᠢᠨ ᠳᠣᠯᠣᠭᠠᠨ ᠬᠥᠮᠦᠨ ᠪᠠᠢᠪᠠ᠃