1 2 3 4 5 6 7 8 9 10 11 12 13 14 15 16 17 18 19 20 21 22 23 24


ᠬᠣᠶᠠᠳᠤᠭᠠᠷ ᠰᠠᠮᠦ᠋ᠶᠧᠯ ᠠᠷᠪᠠᠨ ᠲᠠᠪᠤ
 ᠠᠪᠰᠠᠯᠣᠮ ᠤᠨ ᠤᠷᠪᠠᠯᠭᠠᠨ

1 ᠡᠭᠦᠨ ᠦ ᠳᠠᠷᠠᠭ᠎ᠠ᠂ ᠠᠪᠰᠠᠯᠣᠮ ᠥᠪᠡᠷ ᠦᠨ ᠬᠥᠰᠬᠡ ᠲᠡᠷᠭᠡ᠂ ᠮᠣᠷᠢᠳ ᠬᠢᠭᠡᠳ ᠥᠪᠡᠷ ᠦᠨ ᠢᠶᠠᠨ ᠡᠮᠦᠨ᠎ᠡ ᠭᠦᠶᠦᠯᠭᠡᠬᠦ ᠲᠠᠪᠢᠨ ᠬᠥᠮᠦᠨ ᠢ ᠪᠡᠯᠡᠳᠬᠡᠪᠡ᠃ 2 ᠠᠪᠰᠠᠯᠣᠮ ᠥᠷᠯᠥᠭᠡ ᠡᠷᠲᠡᠯᠡᠨ ᠪᠣᠰᠴᠤ᠂ ᠬᠠᠭᠠᠯᠭ᠎ᠠ ᠪᠠᠷ ᠥᠩᠭᠡᠷᠡᠬᠦ ᠵᠠᠮ ᠤᠨ ᠳᠡᠷᠭᠡᠳᠡ ᠵᠣᠭᠰᠣᠳᠠᠭ ᠪᠣᠯᠪᠠ᠃ ᠲᠡᠭᠡᠭᠡᠳ ᠵᠠᠷᠭᠤ ᠪᠠᠨ ᠰᠢᠭᠦᠯᠭᠡᠬᠦ ᠪᠡᠷ ᠬᠠᠭᠠᠨ ᠤᠷᠤᠭᠤ ᠢᠷᠡᠵᠦ ᠶᠠᠪᠤᠭ᠎ᠠ ᠬᠥᠮᠦᠨ ᠪᠣᠯᠭᠠᠨ ᠢ ᠳᠠᠭᠤᠳᠠᠨ᠄ 《ᠲᠠ ᠠᠯᠢ ᠬᠣᠲᠠ ᠶᠢᠨ ᠬᠢᠨ ᠪᠤᠢ︖》 ᠭᠡᠵᠦ ᠠᠰᠠᠭᠤᠳᠠᠭ ᠪᠠᠢᠯ᠎ᠠ᠃ ᠲᠡᠷᠡ ᠬᠥᠮᠦᠨ᠄ 《ᠲᠠᠨ ᠤ ᠵᠠᠷᠤᠴᠠ ᠪᠢ ᠢᠰᠷᠧᠯ ᠤᠨ ᠡᠢᠮᠦ ᠡᠢᠮᠦ ᠣᠪᠣᠭ ᠤᠨ ᠬᠢᠨ ᠪᠠᠢᠨ᠎ᠠ》 ᠭᠡᠪᠡᠯ᠂ 3 ᠠᠪᠰᠠᠯᠣᠮ᠄ 《ᠬᠠᠷᠠ᠂ ᠲᠠᠨ ᠤ ᠵᠠᠷᠭᠤ ᠵᠥᠪ ᠦᠨᠡᠨ ᠪᠠᠢᠨ᠎ᠠ᠃ ᠬᠠᠷᠢᠨ ᠲᠠᠨ ᠤ ᠬᠢ ᠶᠢ ᠰᠣᠨᠣᠰᠬᠤ ᠶᠣᠰᠣᠲᠠᠢ ᠬᠠᠭᠠᠨ ᠤ ᠲᠥᠯᠥᠭᠡᠯᠡᠭᠴᠢ ᠪᠠᠢᠬᠤ ᠦᠭᠡᠢ》 ᠭᠡᠵᠦ ᠬᠡᠯᠡᠳᠡᠭ ᠪᠠᠢᠪᠠ᠃ 4 ᠲᠡᠭᠡᠭᠡᠳ ᠠᠪᠰᠠᠯᠣᠮ᠄ 《ᠬᠡᠨ ᠨᠢᠭᠡᠨ ᠨᠢ ᠨᠠᠮᠠᠶᠢ ᠡᠨᠡ ᠤᠯᠤᠰ ᠤᠨ ᠰᠢᠭᠦᠭᠴᠢ ᠪᠠᠷ ᠲᠣᠮᠢᠯᠠᠭᠰᠠᠨ ᠴᠤ ᠪᠣᠯᠣᠭᠠᠰᠠᠢ᠂ ᠲᠡᠭᠡᠪᠡᠯ ᠪᠢ ᠵᠠᠷᠭᠤ ᠪᠠᠨ ᠰᠢᠭᠦᠯᠭᠡᠬᠦ ᠪᠡᠷ ᠨᠠᠳᠠ ᠳᠡᠭᠡᠷ᠎ᠡ ᠢᠷᠡᠬᠦ ᠪᠣᠯᠭᠠᠨ ᠢ ᠰᠢᠳᠤᠷᠭᠤ ᠪᠠᠷ ᠰᠢᠭᠦᠬᠦ ᠪᠣᠯᠣᠨ᠎ᠠ》 ᠭᠡᠳᠡᠭ ᠪᠠᠢᠪᠠ᠃ 5 ᠬᠡᠨ ᠨᠢᠭᠡ ᠨᠢ ᠣᠢᠷᠠᠲᠤᠨ ᠢᠷᠡᠵᠦ᠂ ᠪᠥᠬᠥᠢᠨ ᠮᠥᠷᠭᠥᠬᠦ ᠭᠡᠪᠡᠯ ᠲᠡᠷᠡ ᠭᠠᠷ ᠢᠶᠠᠨ ᠰᠤᠩ᠋ᠭᠠᠨ᠂ ᠲᠡᠭᠦᠨ ᠢ ᠲᠡᠪᠡᠷᠢᠵᠦ ᠦᠨᠦᠰᠳᠡᠭ ᠪᠠᠢᠵᠠᠢ᠃ 6 ᠰᠢᠭᠦᠯᠭᠡᠬᠦ ᠶᠢᠨ ᠲᠤᠯᠠᠳᠠ ᠬᠠᠭᠠᠨ ᠳᠡᠭᠡᠷ᠎ᠡ ᠢᠷᠡᠭᠰᠡᠨ ᠢᠰᠷᠧᠯ ᠬᠥᠮᠦᠨ ᠪᠣᠯᠭᠠᠨ ᠳᠤ ᠠᠪᠰᠠᠯᠣᠮ ᠢᠩᠭᠢᠵᠦ ᠬᠠᠨᠳᠤᠳᠠᠭ ᠢᠶᠠᠷ ᠢᠶᠠᠨ ᠢᠰᠷᠧᠯᠴᠦᠳ ᠦᠨ ᠰᠡᠳᠬᠢᠯ ᠢ ᠡᠵᠡᠮᠳᠡᠵᠡᠢ᠃

7 ᠳᠥᠷᠪᠡᠨ ᠵᠢᠯ ᠥᠩᠭᠡᠷᠡᠬᠦ ᠳᠦ 14 ᠂ ᠠᠪᠰᠠᠯᠣᠮ ᠬᠠᠭᠠᠨ ᠳᠤ᠄ 《ᠶᠣᠬᠣᠸᠠ ᠳᠤ ᠡᠷᠭᠦᠭᠰᠡᠨ ᠲᠠᠩ᠋ᠭᠠᠷᠢᠭ ᠢᠶᠠᠨ ᠪᠡᠶᠡᠯᠡᠭᠦᠯᠬᠦ ᠪᠡᠷ ᠾᠧᠪᠷᠣᠨ ᠳᠤ ᠣᠴᠢᠬᠤ ᠶᠢ ᠮᠢᠨᠢ ᠵᠥᠪᠰᠢᠶᠡᠷᠡᠭᠡᠴᠢ᠃ 8 ᠲᠠᠨ ᠤ ᠵᠠᠷᠤᠴᠠ ᠪᠢ ᠠᠷᠠᠮ ᠤᠨ ᠭᠧᠱᠦ᠋ᠷ ᠲᠤ ᠪᠠᠢᠬᠤ ᠳᠠᠭᠠᠨ᠄ 〈ᠬᠡᠷᠪᠡ ᠨᠠᠮᠠᠶᠢ ᠦᠨᠡᠬᠡᠷ ᠶᠧᠷᠦ᠋ᠰᠠᠯᠧᠮ ᠳᠤ ᠪᠤᠴᠠᠭᠠᠨ ᠠᠪᠠᠴᠢᠪᠠᠯ ᠲᠠᠨ ᠳᠤ ᠮᠥᠷᠭᠥᠯ ᠦᠢᠯᠡᠳᠦᠶ᠎ᠡ〉 ᠭᠡᠵᠦ ᠶᠣᠬᠣᠸᠠ ᠳᠤ ᠲᠠᠩ᠋ᠭᠠᠷᠢᠭᠯᠠᠭᠰᠠᠨ ᠪᠢᠯᠡ》 ᠭᠡᠪᠡ᠃ 9 ᠬᠠᠭᠠᠨ᠄ 《ᠠᠮᠤᠷ ᠲᠠᠢᠪᠤᠩ ᠶᠠᠪᠤᠭᠠᠷᠠᠢ》 ᠭᠡᠰᠡᠨ ᠳᠦ᠂ ᠲᠡᠷᠡ ᠪᠡᠷ ᠾᠧᠪᠷᠣᠨ ᠤᠷᠤᠭᠤ ᠶᠠᠪᠤᠪᠠ᠃ 10 ᠲᠡᠭᠡᠭᠡᠳ ᠠᠪᠰᠠᠯᠣᠮ ᠢᠰᠷᠧᠯ ᠤᠨ ᠪᠦᠬᠦᠢᠯᠡ ᠣᠪᠣᠭ ᠠᠢᠮᠠᠭ ᠢᠶᠠᠷ ᠲᠠᠩᠨᠠᠭᠤᠯ ᠢᠯᠡᠭᠡᠵᠦ᠄ 《ᠡᠪᠡᠷ ᠪᠦᠷᠢᠶᠡᠨ ᠦ ᠳᠠᠭᠤ ᠶᠢ ᠰᠣᠨᠣᠰᠣᠩ᠋ᠭᠤᠲᠠ ᠪᠠᠨ ᠲᠠ ᠨᠠᠷ᠄ 〈ᠠᠪᠰᠠᠯᠣᠮ ᠾᠧᠪᠷᠣᠨ ᠳᠤ ᠬᠠᠭᠠᠨ ᠪᠣᠯᠣᠯ᠎ᠠ〉 ᠬᠡᠮᠡᠨ ᠵᠠᠷᠯᠠᠭᠲᠤᠨ》 ᠭᠡᠵᠦ ᠵᠠᠬᠢᠪᠠ᠃ 11 ᠲᠡᠷᠡ ᠦᠶ᠎ᠡ ᠳᠦ ᠶᠧᠷᠦ᠋ᠰᠠᠯᠧᠮ ᠡᠴᠡ ᠬᠣᠶᠠᠷ ᠵᠠᠭᠤᠨ ᠬᠥᠮᠦᠨ ᠠᠪᠰᠠᠯᠣᠮ ᠤᠨ ᠬᠠᠮᠲᠤ ᠶᠠᠪᠤᠭᠰᠠᠨ ᠪᠠᠢᠯ᠎ᠠ᠃ ᠲᠡᠳᠡ ᠤᠷᠢᠯᠭ᠎ᠠ ᠶᠢ ᠬᠦᠯᠢᠶᠡᠵᠦ ᠬᠠᠷ᠎ᠠ ᠰᠠᠨᠠᠭ᠎ᠠ ᠦᠭᠡᠢ ᠶᠠᠪᠤᠭᠰᠠᠨ ᠢᠶᠠᠷ ᠡᠨᠡ ᠬᠦ ᠶᠠᠪᠤᠳᠠᠯ ᠤᠨ ᠲᠤᠬᠠᠢ ᠶᠠᠭᠤ ᠴᠤ ᠮᠡᠳᠡᠬᠦ ᠦᠭᠡᠢ ᠪᠠᠢᠪᠠ᠃ 12 ᠠᠪᠰᠠᠯᠣᠮ ᠲᠠᠬᠢᠯ ᠡᠷᠭᠦᠬᠦ ᠵᠠᠭᠤᠷ᠎ᠠ ᠪᠠᠨ ᠬᠥᠮᠦᠨ ᠶᠠᠪᠤᠭᠤᠯᠵᠤ᠂ ᠳ᠋ᠠᠸᠢᠳ᠋ ᠤᠨ ᠵᠥᠪᠯᠡᠭᠴᠢ ᠠᠾᠢᠲ᠋ᠣᠹᠧᠯ ᠢ ᠥᠪᠡᠷ ᠦᠨ ᠬᠢᠨᠢ ᠬᠣᠲᠠ ᠭᠢᠯᠣ᠋ ᠡᠴᠡ ᠳᠠᠭᠤᠳᠠᠵᠤ ᠠᠪᠴᠢᠷᠠᠪᠠ᠃ ᠡᠢᠨ ᠬᠦ ᠬᠤᠤᠪᠢᠯᠳᠤᠭᠠᠨ ᠰᠢᠷᠦᠭᠦᠰᠦᠭᠰᠡᠭᠡᠷ ᠠᠪᠰᠠᠯᠣᠮ ᠤᠨ ᠲᠠᠯ᠎ᠠ ᠳᠤ ᠣᠷᠣᠬᠤ ᠬᠥᠮᠦᠰ ᠴᠤ ᠣᠯᠠᠰᠢᠷᠠᠭᠰᠠᠭᠠᠷ ᠪᠠᠢᠯ᠎ᠠ᠃
 ᠳ᠋ᠠᠸᠢᠳ᠋ ᠵᠢᠭᠤᠲᠠᠪᠠ

13 ᠳ᠋ᠠᠸᠢᠳ᠋ ᠤᠷᠤᠭᠤ ᠮᠡᠳᠡᠭᠡᠴᠢᠨ ᠢᠷᠡᠵᠦ᠄ 《ᠢᠰᠷᠧᠯ ᠲᠦᠮᠡᠨ ᠦ ᠰᠡᠳᠬᠢᠯ ᠠᠪᠰᠠᠯᠣᠮ ᠤᠷᠤᠭᠤ ᠡᠷᠭᠢᠵᠡᠢ》 ᠭᠡᠵᠦ ᠬᠡᠯᠡᠪᠡ᠃ 14 ᠳ᠋ᠠᠸᠢᠳ᠋ ᠥᠪᠡᠷ ᠲᠡᠢ ᠨᠢ ᠬᠠᠮᠲᠤ ᠶᠧᠷᠦ᠋ᠰᠠᠯᠧᠮ ᠳᠤ ᠪᠠᠢᠭ᠎ᠠ ᠪᠦᠬᠦ ᠲᠦᠰᠢᠮᠡᠯ ᠳᠡᠭᠡᠨ᠄ 《ᠳᠠᠷᠤᠢᠬᠠᠨ ᠡ᠊ᠨᠳᠡ ᠡᠴᠡ ᠵᠢᠭᠤᠲᠠᠵᠠᠭᠠᠶ᠎ᠠ᠃ ᠲᠡᠭᠡᠬᠦ ᠦᠭᠡᠢ ᠪᠣᠯ ᠪᠢᠳᠡᠨ ᠦ ᠬᠡᠨ ᠨᠢ ᠴᠤ ᠠᠪᠰᠠᠯᠣᠮ ᠤᠨ ᠭᠠᠷ ᠠᠴᠠ ᠮᠤᠯᠲᠤᠷᠠᠵᠤ ᠴᠢᠳᠠᠬᠤ ᠦᠭᠡᠢ ᠪᠣᠯᠣᠨ᠎ᠠ᠃ ᠬᠤᠷᠳᠤᠯᠠᠶ᠎ᠠ᠂ ᠲᠡᠷᠡ ᠤᠳᠠᠯ ᠦᠭᠡᠢ ᠭᠦᠢᠴᠡᠵᠦ᠂ ᠪᠢᠳᠡᠨ ᠳᠦ ᠭᠠᠢ ᠤᠴᠠᠷᠠᠭᠤᠯᠤᠨ᠂ ᠢᠯᠳᠦᠨ ᠦ ᠢᠷ ᠢᠶᠠᠷ ᠡᠨᠡ ᠬᠣᠲᠠ ᠶᠢ ᠴᠣᠬᠢᠬᠤ ᠪᠤᠢ》 ᠭᠡᠬᠦ ᠳᠦ᠂ 15 ᠬᠠᠭᠠᠨ ᠤ ᠲᠦᠰᠢᠮᠡᠳ ᠬᠠᠭᠠᠨ ᠳᠤ᠄ 《ᠵᠠᠷᠤᠴᠠ ᠴᠢᠨᠢ ᠪᠢᠳᠡ ᠬᠠᠭᠠᠨ ᠡᠵᠡᠨᠲᠡᠨ ᠦ ᠪᠠᠨ ᠲᠠᠭᠠᠯᠠᠯ ᠢᠶᠠᠷ ᠪᠦᠬᠦᠨ ᠢ ᠪᠡᠶᠡᠯᠡᠭᠦᠯᠬᠦ ᠳᠦ ᠪᠡᠯᠡᠬᠡᠨ ᠪᠠᠢᠨ᠎ᠠ》 ᠭᠡᠵᠡᠭᠡᠪᠡ᠃ 16 ᠢᠩᠭᠢᠭᠡᠳ ᠬᠠᠭᠠᠨ ᠭᠠᠷᠴᠤ ᠶᠠᠪᠤᠭᠰᠠᠨ ᠳᠤ᠂ ᠭᠡᠷ ᠦᠨ ᠬᠢᠨᠢ ᠪᠦᠭᠦᠳᠡᠭᠡᠷ ᠲᠡᠭᠦᠨ ᠢ ᠳᠠᠭᠠᠪᠠ᠃ ᠬᠠᠷᠢᠨ ᠬᠠᠭᠠᠨ ᠣᠷᠳᠣᠨ ᠢᠶᠠᠨ ᠰᠠᠬᠢᠭᠤᠯᠬᠤ ᠪᠠᠷ ᠠᠷᠪᠠᠨ ᠲᠠᠲᠠᠪᠤᠷᠢ ᠪᠠᠨ ᠦᠯᠡᠳᠡᠭᠡᠵᠡᠢ᠃ 17 ᠬᠠᠭᠠᠨ ᠭᠠᠷᠴᠤ ᠶᠠᠪᠤᠭᠰᠠᠨ ᠳᠤ᠂ ᠠᠷᠠᠳ ᠲᠦᠮᠡᠨ ᠲᠡᠭᠦᠨ ᠢ ᠳᠠᠭᠠᠪᠠ᠃ ᠲᠡᠳᠡ ᠬᠣᠯᠠ ᠪᠠᠢᠭ᠎ᠠ ᠣᠷᠳᠣᠨ ᠳᠤ ᠵᠣᠭᠰᠣᠬᠤ ᠳᠤ᠂ 18 ᠬᠠᠮᠤᠭ ᠰᠢᠳᠠᠷ ᠴᠡᠷᠢᠭ ᠨᠢ ᠬᠠᠭᠠᠨ ᠤ ᠬᠠᠵᠠᠭᠤ ᠪᠠᠷ ᠥᠩᠭᠡᠷᠡᠪᠡ᠂ ᠲᠤᠬᠠᠢᠯᠠᠪᠠᠯ᠂ ᠪᠦᠬᠦ ᠺᠧᠷᠧᠲ᠋ᠴᠦᠳ᠂ ᠪᠦᠬᠦ ᠫᠧᠯᠧᠲ᠋ᠴᠦᠳ ᠬᠢᠭᠡᠳ ᠬᠠᠭᠠᠨ ᠢ ᠳᠠᠭᠠᠨ ᠭᠠᠲ ᠠᠴᠠ ᠢᠷᠡᠭᠰᠡᠨ ᠵᠢᠷᠭᠤᠭᠠᠨ ᠵᠠᠭᠤᠨ ᠭᠢᠲ ᠬᠥᠮᠦᠨ ᠪᠦᠭᠦᠳᠡᠭᠡᠷ ᠬᠠᠭᠠᠨ ᠤ ᠡᠮᠦᠨᠡᠭᠦᠷ ᠶᠠᠪᠤᠵᠤ ᠥᠩᠭᠡᠷᠡᠵᠡᠢ᠃

19 ᠬᠠᠭᠠᠨ ᠭᠢᠲ ᠬᠥᠮᠦᠨ ᠢᠲ᠋ᠠᠢ ᠳᠤ᠄ 《ᠲᠠ ᠬᠠᠷᠢ ᠬᠥᠮᠦᠨ ᠪᠥᠭᠡᠳ ᠪᠠᠰᠠ ᠨᠤᠲᠤᠭ ᠠᠴᠠ ᠪᠠᠨ ᠬᠥᠭᠡᠭᠡᠭᠳᠡᠭᠰᠡᠨ ᠴᠠᠭᠠᠴᠢᠨ ᠪᠠᠢᠵᠤ᠂ ᠶᠠᠭᠤᠨ ᠳᠤ ᠪᠢᠳᠡᠨ ᠲᠡᠢ ᠬᠠᠮᠲᠤ ᠶᠠᠪᠤᠨ᠎ᠠ ᠪᠤᠢ︖ ᠪᠤᠴᠠᠵᠤ ᠶᠠᠪᠤᠭᠠᠳ ᠬᠠᠭᠠᠨ ᠠᠪᠰᠠᠯᠣᠮ ᠲᠠᠢ ᠪᠠᠨ ᠬᠠᠮᠲᠤ ᠦᠯᠡᠳᠡ᠃ 20 ᠲᠠ ᠲᠦᠷᠦᠭᠦᠬᠡᠨ ᠳᠥᠩᠭᠡᠵᠢ ᠢᠷᠡᠭᠰᠡᠨ ᠬᠢᠷᠢ ᠨᠢ ᠥᠨᠥᠳᠥᠷ ᠪᠢᠳᠡᠨ ᠲᠡᠢ ᠬᠠᠮᠲᠤ ᠬᠡᠰᠦᠬᠦ ᠪᠡᠷ ᠪᠠᠢᠨ᠎ᠠ ᠤᠤ︖ ᠪᠢ ᠬᠠᠮᠢᠭᠠᠰᠢ ᠪᠠᠨ ᠶᠠᠪᠤᠬᠤ ᠪᠠᠨ ᠴᠤ ᠮᠡᠳᠡᠬᠦ ᠦᠭᠡᠢ ᠪᠠᠢᠨ᠎ᠠ᠂ ᠲᠡᠢᠮᠦ ᠡᠴᠡ ᠲᠠ ᠠᠬ᠎ᠠ ᠳᠡᠭᠦᠦᠰ ᠢᠶᠡᠨ ᠠᠪᠤᠭᠠᠳ ᠪᠤᠴᠠ᠃ ᠦᠨᠡᠨ ᠪᠣᠯᠣᠨ ᠬᠠᠢᠷ᠎ᠠ ᠴᠢᠮ᠎ᠠ ᠲᠠᠢ ᠬᠠᠮᠲᠤ ᠪᠠᠢᠬᠤ ᠪᠣᠯᠲᠤᠭᠠᠢ》 ᠭᠡᠪᠡ᠃ 21 ᠢᠲ᠋ᠠᠢ ᠬᠠᠭᠠᠨ ᠳᠤ ᠬᠠᠷᠢᠭᠤᠯᠤᠨ᠄ 《ᠶᠣᠬᠣᠸᠠ ᠶᠢᠨ ᠠᠮᠢᠳᠤ ᠪᠣᠯᠣᠨ ᠡᠵᠡᠨ ᠬᠠᠭᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠮᠢᠨᠦ ᠡᠵᠡᠨ ᠬᠠᠭᠠᠨ ᠲᠠ ᠬᠠᠮᠢᠭ᠎ᠠ ᠪᠠᠢᠪᠠᠯ ᠵᠠᠷᠤᠴᠠ ᠴᠢᠨᠢ ᠪᠢ ᠠᠮᠢᠳᠤᠷᠠᠭᠰᠠᠨ ᠴᠤ᠂ ᠦᠬᠦᠭᠰᠡᠨ ᠴᠤ ᠲᠠᠨ ᠲᠠᠢ ᠬᠠᠮᠲᠤ ᠲᠡᠨᠳᠡ ᠪᠠᠢᠬᠤ ᠪᠣᠯᠣᠨ᠎ᠠ》 ᠭᠡᠪᠡ᠃ 22 ᠳ᠋ᠠᠸᠢᠳ᠋ ᠢᠲ᠋ᠠᠢ ᠳᠤ᠄ 《ᠲᠡᠭᠡᠪᠡᠯ ᠶᠠᠪᠤᠵᠤ ᠥᠩᠭᠡᠷᠡᠭᠲᠦᠨ》 ᠭᠡᠰᠡᠨ ᠳᠦ᠂ ᠭᠢᠲ ᠬᠥᠮᠦᠨ ᠢᠲ᠋ᠠᠢ ᠥᠪᠡᠷ ᠦᠨ ᠢᠶᠠᠨ ᠬᠠᠷᠢᠶ᠎ᠠ ᠬᠠᠮᠤᠭ ᠬᠥᠮᠦᠰ ᠬᠢᠭᠡᠳ ᠪᠦᠬᠦ ᠭᠡᠷ ᠦᠨ ᠬᠢᠨ ᠲᠠᠢ ᠪᠠᠨ ᠬᠠᠮᠲᠤ ᠶᠠᠪᠤᠵᠤ ᠥᠩᠭᠡᠷᠡᠪᠡ᠃ 23 ᠲᠡᠳᠡᠭᠡᠷ ᠬᠥᠮᠦᠰ ᠶᠠᠪᠤᠵᠤ ᠥᠩᠭᠡᠷᠡᠬᠦ ᠳᠦ᠂ ᠪᠦᠬᠦ ᠨᠤᠲᠤᠭ ᠤᠨ ᠬᠢᠨ ᠳᠠᠭᠤ ᠲᠠᠯᠪᠢᠨ ᠤᠬᠢᠯᠠᠵᠤ ᠪᠠᠢᠪᠠ᠃ ᠬᠠᠭᠠᠨ ᠴᠤ ᠺᠢᠳ᠋ᠷᠣᠨ ᠭᠣᠷᠣᠬ᠎ᠠ ᠶᠢ ᠭᠠᠲᠤᠯᠤᠭᠰᠠᠨ ᠤ ᠳᠠᠷᠠᠭ᠎ᠠ᠂ ᠭᠠᠲᠤᠯᠤᠭᠰᠠᠳ ᠪᠦᠭᠦᠳᠡᠭᠡᠷ ᠢᠶᠡᠨ ᠴᠥᠯ ᠳᠤ ᠬᠦᠷᠬᠦ ᠵᠠᠮ ᠳᠡᠭᠡᠷ᠎ᠡ ᠭᠠᠷᠪᠠ᠃

24 ᠽᠠᠳᠣᠺ ᠪᠣᠯᠣᠨ ᠲᠡᠭᠦᠨ ᠲᠡᠢ ᠬᠠᠮᠲᠤ ᠪᠠᠢᠳᠠᠭ ᠯᠧᠸᠢᠴᠦᠳ ᠴᠤ ᠪᠦᠭᠦᠳᠡᠭᠡᠷ ᠢᠶᠡᠨ ᠲᠡᠨᠳᠡ ᠪᠠᠢᠵᠠᠢ᠃ ᠲᠡᠳᠡ ᠪᠤᠷᠬᠠᠨ ᠤ ᠭᠡᠷ᠎ᠡ ᠶᠢᠨ ᠠᠪᠳᠠᠷ᠎ᠠ ᠶᠢ ᠵᠥᠭᠡᠭᠡᠵᠦ ᠠᠪᠴᠢᠷᠠᠨ ᠪᠠᠭᠤᠯᠭᠠᠭᠠᠳ ᠬᠠᠮᠤᠭ ᠬᠥᠮᠦᠰ ᠢ ᠬᠣᠲᠠ ᠠᠴᠠ ᠭᠠᠷᠴᠤ ᠳᠠᠭᠤᠰᠲᠠᠯ᠎ᠠ ᠲᠡᠨᠳᠡ ᠪᠠᠢᠯᠭᠠᠪᠠ᠃ ᠠᠪᠢᠶᠠᠲ᠋ᠠᠷ ᠴᠤ ᠭᠠᠷᠴᠤ ᠢᠷᠡᠭᠰᠡᠨ ᠪᠠᠢᠯ᠎ᠠ᠃ 25 ᠬᠠᠭᠠᠨ ᠽᠠᠳᠣᠺ ᠲᠤ᠄ 《ᠪᠤᠷᠬᠠᠨ ᠤ ᠠᠪᠳᠠᠷ᠎ᠠ ᠶᠢ ᠬᠣᠲᠠ ᠤᠷᠤᠭᠤ ᠪᠤᠴᠠᠭᠠᠨ ᠠᠪᠠᠴᠢᠭᠠᠴᠢ᠃ ᠬᠡᠷᠪᠡ ᠪᠢ ᠶᠣᠬᠣᠸᠠ ᠶᠢᠨ ᠮᠡᠯᠮᠡᠢ ᠳᠦ ᠲᠠᠭᠠᠯᠠᠯ ᠢ ᠨᠢ ᠣᠯᠪᠠᠯ᠂ ᠶᠣᠬᠣᠸᠠ ᠨᠠᠮᠠᠶᠢ ᠪᠤᠴᠠᠭᠠᠨ ᠠᠪᠴᠢᠷᠠᠵᠤ ᠠᠪᠳᠠᠷ᠎ᠠ ᠪᠣᠯᠣᠨ ᠥᠪᠡᠷ ᠦᠨ ᠢᠶᠠᠨ ᠣᠷᠣᠰᠢᠬᠤᠢ ᠶᠢ ᠦᠵᠡᠭᠦᠯᠬᠦ ᠪᠣᠯᠣᠨ᠎ᠠ᠃ 26 ᠬᠠᠷᠢᠨ ᠶᠣᠬᠣᠸᠠ᠄ 〈ᠪᠢ ᠴᠢᠮᠠᠶᠢ ᠲᠠᠭᠠᠯᠠᠳᠠᠭ ᠦᠭᠡᠢ〉 ᠭᠡᠰᠡᠨ ᠴᠤ ᠲᠡᠷᠡ ᠰᠠᠢᠨ ᠭᠡᠵᠦ ᠦᠵᠡᠭᠰᠡᠨ ᠢᠶᠡᠨ ᠨᠠᠳᠠ ᠳᠤ ᠦᠢᠯᠡᠳᠬᠦ ᠪᠣᠯᠲᠤᠭᠠᠢ᠂ ᠪᠢ ᠡ᠊ᠨᠳᠡ ᠪᠠᠢᠨ᠎ᠠ》 ᠭᠡᠪᠡ᠃ 27 ᠬᠠᠭᠠᠨ ᠪᠠᠰᠠ ᠲᠠᠬᠢᠯᠴᠢ ᠽᠠᠳᠣᠺ ᠲᠤ᠄ 《ᠲᠠ ᠪᠣᠱᠣᠭᠴᠢ ᠪᠢᠰᠢ ᠤᠤ︖ ᠬᠣᠲᠠ ᠤᠷᠤᠭᠤ ᠪᠠᠨ ᠠᠮᠤᠷ ᠲᠠᠢᠪᠤᠩ ᠪᠤᠴᠠᠭᠲᠤᠨ᠃ ᠲᠠᠨ ᠤ ᠬᠦᠦ ᠠᠾᠢᠮᠠᠽ ᠪᠣᠯᠣᠨ ᠠᠪᠢᠶᠠᠲ᠋ᠠᠷ ᠤᠨ ᠬᠦᠦ ᠶᠣᠨᠠᠲ᠋ᠠᠨ ᠴᠤ ᠠᠪᠢᠶᠠᠲ᠋ᠠᠷ ᠲᠠ ᠬᠣᠶᠠᠷ ᠲᠠᠢ ᠬᠠᠮᠲᠤ ᠶᠠᠪᠤᠵᠤ ᠪᠣᠯᠣᠨ᠎ᠠ᠃ 28 ᠬᠠᠷᠢᠨ ᠲᠠ ᠨᠠᠷ ᠠᠴᠠ ᠮᠡᠳᠡᠭᠡ ᠢᠷᠡᠲᠡᠯ᠎ᠡ ᠪᠢ ᠴᠥᠯ ᠦᠨ ᠨᠠᠭᠠᠨᠠᠬᠢ ᠣᠯᠣᠮ ᠳᠤ ᠬᠦᠯᠢᠶᠡᠵᠦ ᠪᠠᠢᠶ᠎ᠠ》 ᠭᠡᠪᠡ᠃ 29 ᠲᠡᠢᠨ ᠬᠦ ᠽᠠᠳᠣᠺ᠂ ᠠᠪᠢᠶᠠᠲ᠋ᠠᠷ ᠨᠠᠷ ᠪᠤᠷᠬᠠᠨ ᠤ ᠠᠪᠳᠠᠷ᠎ᠠ ᠶᠢ ᠶᠧᠷᠦ᠋ᠰᠠᠯᠧᠮ ᠤᠷᠤᠭᠤ ᠪᠤᠴᠠᠭᠠ ᠠᠪᠠᠴᠢᠵᠤ᠂ ᠲᠡᠨᠳᠡ ᠪᠡᠨ ᠦᠯᠡᠳᠡᠭᠰᠡᠨ ᠪᠠᠢᠨ᠎ᠠ᠃

30 ᠳ᠋ᠠᠸᠢᠳ᠋ ᠴᠢᠳᠦᠨ ᠠᠭᠤᠯᠠ ᠥᠭᠡᠳᠡ ᠮᠠᠴᠤᠭᠰᠠᠭᠠᠷ ᠪᠠᠢᠯ᠎ᠠ᠃ ᠲᠡᠷᠡ ᠲᠣᠯᠣᠭᠠᠢ ᠪᠠᠨ ᠪᠦᠲᠡᠭᠡᠨ ᠤᠬᠢᠯᠠᠵᠤ᠂ ᠬᠥᠯ ᠨᠢᠴᠦᠭᠦᠨ ᠶᠠᠪᠤᠪᠠ᠃ ᠲᠡᠭᠦᠨ ᠲᠡᠢ ᠬᠠᠮᠲᠤ ᠪᠠᠢᠭᠰᠠᠨ ᠬᠥᠮᠦᠰ ᠴᠤ ᠪᠦᠭᠦᠳᠡᠭᠡᠷ ᠲᠣᠯᠣᠭᠠᠢ ᠪᠠᠨ ᠪᠦᠲᠡᠭᠡᠨ ᠤᠬᠢᠯᠠᠭᠰᠠᠭᠠᠷ ᠮᠠᠴᠤᠵᠤ ᠪᠠᠢᠪᠠ᠃ 31 ᠬᠡᠨ ᠨᠢᠭᠡᠨ ᠨᠢ ᠳ᠋ᠠᠸᠢᠳ᠋ ᠲᠤ᠄ 《ᠠᠾᠢᠲ᠋ᠣᠹᠧᠯ ᠴᠤ ᠠᠪᠰᠠᠯᠣᠮ ᠲᠠᠢ ᠬᠤᠤᠪᠢᠯᠳᠤᠭᠴᠢᠳ ᠤᠨ ᠳᠤᠮᠳᠠ ᠪᠠᠢᠨ᠎ᠠ》 ᠭᠡᠵᠦ ᠮᠡᠳᠡᠭᠳᠡᠬᠦ ᠳᠦ᠂ ᠳ᠋ᠠᠸᠢᠳ᠋᠄ 《ᠶᠣᠬᠣᠸᠠ ᠮᠢᠨᠢ᠂ ᠠᠾᠢᠲ᠋ᠣᠹᠧᠯ ᠤᠨ ᠵᠥᠪᠯᠡᠯᠭᠡ ᠶᠢ ᠮᠤᠩ᠋ᠬᠠᠭ ᠪᠣᠯᠭᠠᠵᠤ ᠥᠭᠭᠥᠭᠡᠴᠢ》 ᠭᠡᠵᠦ ᠭᠤᠶᠤᠪᠠ᠃

32 ᠳ᠋ᠠᠸᠢᠳ᠋ ᠪᠤᠷᠬᠠᠨ ᠳᠤ ᠮᠥᠷᠭᠥᠯ ᠬᠢᠳᠡᠭ ᠣᠷᠣᠢ ᠳᠡᠭᠡᠷ᠎ᠡ ᠣᠴᠢᠲᠠᠯ᠎ᠠ ᠠᠷᠺ ᠬᠥᠮᠦᠨ ᠾᠦᠱᠠᠢ ᠭᠠᠳᠠᠷ ᠬᠤᠪᠴᠠᠰᠤ ᠪᠠᠨ ᠤᠷᠠᠵᠤ᠂ ᠲᠣᠯᠣᠭᠠᠢ ᠳᠡᠭᠡᠷ᠎ᠡ ᠪᠡᠨ ᠰᠢᠷᠣᠢ ᠰᠠᠴᠤᠭᠠᠳ ᠲᠡᠭᠦᠨ ᠲᠡᠢ ᠠᠭᠤᠯᠵᠠᠬᠤ ᠪᠠᠷ ᠬᠦᠯᠢᠶᠡᠵᠦ ᠪᠠᠢᠯ᠎ᠠ᠃ 33 ᠳ᠋ᠠᠸᠢᠳ᠋ ᠲᠡᠭᠦᠨ ᠳᠦ᠄ 《ᠬᠡᠷᠪᠡ ᠴᠢ ᠨᠠᠳᠠ ᠲᠠᠢ ᠬᠠᠮᠲᠤ ᠶᠠᠪᠤᠬᠤ ᠶᠤᠮ ᠪᠣᠯ ᠨᠠᠳᠠ ᠳᠤ ᠲᠡᠭᠡᠭᠡᠷ᠎ᠡ ᠪᠣᠯᠣᠨ᠎ᠠ᠃ 34 ᠬᠠᠷᠢᠨ ᠴᠢ ᠬᠣᠲᠠ ᠤᠷᠤᠭᠤ ᠪᠤᠴᠠᠵᠤ᠂ ᠠᠪᠰᠠᠯᠣᠮ ᠳᠤ᠄ 〈ᠬᠠᠭᠠᠨᠲᠠᠨ ᠮᠢᠨᠢ᠂ ᠪᠢ ᠲᠠᠨ ᠤ ᠵᠠᠷᠤᠴᠠ ᠪᠣᠯᠣᠶ᠎ᠠ᠃ ᠤᠷᠢᠳᠤ ᠨᠢ ᠲᠠᠨ ᠤ ᠡᠴᠢᠭᠡ ᠶᠢᠨ ᠵᠠᠷᠤᠴᠠ ᠪᠠᠢᠭᠰᠠᠨ ᠤ ᠠᠳᠠᠯᠢ ᠣᠳᠣ ᠲᠠᠨ ᠤ ᠵᠠᠷᠤᠴᠠ ᠪᠣᠯᠣᠶ᠎ᠠ〉 ᠭᠡᠵᠦ ᠬᠡᠯᠡᠪᠡᠯ᠂ ᠮᠢᠨᠦ ᠡᠮᠦᠨ᠎ᠡ ᠡᠴᠡ ᠠᠾᠢᠲ᠋ᠣᠹᠧᠯ ᠤᠨ ᠵᠥᠪᠯᠡᠯᠭᠡ ᠶᠢ ᠪᠦᠲᠦᠯ ᠦᠭᠡᠢ ᠪᠣᠯᠭᠠᠵᠤ ᠪᠣᠯᠣᠨ᠎ᠠ᠃ 35 ᠲᠡᠨᠳᠡ ᠲᠠᠬᠢᠯᠴᠢ ᠽᠠᠳᠣᠺ ᠪᠣᠯᠣᠨ ᠠᠪᠢᠶᠠᠲ᠋ᠠᠷ ᠨᠠᠷ ᠴᠤ ᠴᠢᠮ᠎ᠠ ᠲᠠᠢ ᠬᠠᠮᠲᠤ ᠪᠠᠢᠬᠤ ᠪᠢᠰᠢ ᠤᠤ︖ ᠴᠢ ᠬᠠᠭᠠᠨ ᠤ ᠣᠷᠳᠣᠨ ᠠᠴᠠ ᠰᠣᠨᠣᠰᠣᠭᠰᠠᠨ ᠦᠭᠡ ᠪᠣᠯᠭᠠᠨ ᠢᠶᠠᠨ ᠲᠠᠬᠢᠯᠴᠢ ᠽᠠᠳᠣᠺ ᠪᠣᠯᠣᠨ ᠠᠪᠢᠶᠠᠲ᠋ᠠᠷ ᠨᠠᠷ ᠲᠤ ᠳᠠᠮᠵᠢᠭᠤᠯᠤᠭᠠᠷᠠᠢ᠃ 36 ᠠᠩ᠋ᠬᠠᠷᠤᠭᠲᠤᠨ᠂ ᠲᠡᠳᠡᠨ ᠦ ᠬᠣᠶᠠᠷ ᠬᠥᠪᠡᠭᠦᠨ᠂ ᠽᠠᠳᠣᠺ ᠤᠨ ᠬᠥᠪᠡᠭᠦᠨ ᠠᠾᠢᠮᠠᠽ᠂ ᠠᠪᠢᠶᠠᠲ᠋ᠠᠷ ᠤᠨ ᠬᠥᠪᠡᠭᠦᠨ ᠶᠣᠨᠠᠲ᠋ᠠᠨ ᠪᠦᠷ ᠲᠡᠨᠳᠡ ᠲᠡᠳᠡᠨ ᠲᠡᠢ ᠬᠠᠮᠲᠤ ᠪᠤᠢ᠃ ᠰᠣᠨᠣᠰᠣᠭᠰᠠᠨ ᠦᠭᠡ ᠪᠣᠯᠭᠠᠨ ᠢᠶᠠᠨ ᠲᠡᠳᠡᠨ ᠢᠶᠡᠷ ᠨᠠᠳᠠ ᠳᠤ ᠳᠠᠮᠵᠢᠭᠤᠯᠵᠤ ᠪᠣᠯᠣᠨ᠎ᠠ》 ᠭᠡᠪᠡ᠃ 37 ᠲᠡᠢᠨ ᠬᠦ ᠳ᠋ᠠᠸᠢᠳ᠋ ᠤᠨ ᠠᠨᠳᠠ ᠾᠦᠱᠠᠢ ᠬᠣᠲᠠ ᠤᠷᠤᠭᠤ ᠣᠷᠣᠪᠠ᠃ ᠲᠡᠷᠡ ᠦᠶ᠎ᠡ ᠳᠦ ᠠᠪᠰᠠᠯᠣᠮ ᠴᠤ ᠶᠧᠷᠦ᠋ᠰᠠᠯᠧᠮ ᠳᠤ ᠣᠷᠣᠬᠤ ᠭᠡᠵᠦ ᠪᠠᠢᠯ᠎ᠠ᠃