ᠬᠣᠶᠠᠳᠤᠭᠠᠷ ᠰᠠᠮᠦ᠋ᠶᠧᠯ ᠳᠣᠯᠣᠭ᠎ᠠ
ᠶᠣᠬᠣᠸᠠ ᠶᠢᠨ ᠳ᠋ᠠᠸᠢᠳ᠋ ᠲᠠᠢ ᠪᠠᠢᠭᠤᠯᠤᠭᠰᠠᠨ ᠭᠡᠷ᠎ᠡ
1 ᠬᠠᠭᠠᠨ ᠪᠡᠷ ᠥᠪᠡᠷ ᠦᠨ ᠢᠶᠠᠨ ᠭᠡᠷ ᠲᠦ ᠰᠠᠭᠤᠬᠤ ᠪᠣᠯᠣᠭᠠᠳ᠂ ᠶᠣᠬᠣᠸᠠ ᠲᠡᠭᠦᠨ ᠢ ᠡᠷᠭᠢᠨ ᠲᠣᠭᠣᠷᠢᠨ ᠤ ᠪᠦᠬᠦ ᠳᠠᠢᠰᠤᠨ ᠠᠴᠠ ᠨᠢ ᠠᠮᠠᠷᠠᠭᠠᠭᠰᠠᠨ ᠤ ᠳᠠᠷᠠᠭ᠎ᠠ᠂ 2 ᠬᠠᠭᠠᠨ ᠡᠰᠢ ᠦᠵᠡᠭᠦᠯᠦᠭᠴᠢ ᠨᠠᠲ᠋ᠠᠨ ᠳᠤ᠄ 《ᠬᠠᠷ᠎ᠠ᠂ ᠪᠢ ᠬᠤᠱᠢ ᠮᠣᠳᠣᠨ ᠭᠡᠷ ᠲᠦ ᠰᠠᠭᠤᠵᠤ ᠪᠠᠢᠲᠠᠯ᠎ᠠ ᠪᠤᠷᠬᠠᠨ ᠤ ᠠᠪᠳᠠᠷ᠎ᠠ ᠮᠠᠢᠬᠠᠨ ᠳᠣᠲᠣᠷ᠎ᠠ ᠪᠠᠢᠵᠤ ᠪᠠᠢᠨ᠎ᠠ》 ᠭᠡᠪᠡ᠃ 3 ᠨᠠᠲ᠋ᠠᠨ ᠬᠠᠭᠠᠨ ᠳᠤ᠄ 《ᠶᠣᠬᠣᠸᠠ ᠲᠠᠨ ᠲᠠᠢ ᠬᠠᠮᠲᠤ ᠪᠠᠢᠨ᠎ᠠ᠂ ᠲᠠ ᠶᠠᠪᠤᠵᠤ᠂ ᠵᠢᠷᠦᠬᠡᠨ ᠳᠡᠭᠡᠨ ᠪᠠᠢᠭ᠎ᠠ ᠪᠦᠬᠦᠨ ᠢ ᠦᠢᠯᠡᠳᠦᠭᠲᠦᠨ》 ᠭᠡᠪᠡ᠃
4 ᠲᠡᠷᠡ ᠰᠥᠨᠢ ᠶᠣᠬᠣᠸᠠ ᠶᠢᠨ ᠦᠭᠡ ᠨᠠᠲ᠋ᠠᠨ ᠳᠤ ᠢᠷᠡᠵᠦ᠄ 5 《ᠮᠢᠨᠦ ᠵᠠᠷᠤᠴᠠ ᠳ᠋ᠠᠸᠢᠳ᠋ ᠲᠤ ᠣᠴᠢᠵᠤ ᠬᠡᠯᠡᠭᠲᠦᠨ᠄ ᠶᠣᠬᠣᠸᠠ ᠢᠩᠭᠢᠵᠦ ᠠᠢᠯᠠᠳᠴᠤ ᠪᠠᠢᠨ᠎ᠠ᠂ ᠴᠢ ᠨᠠᠳᠠ ᠳᠤ ᠣᠷᠣᠰᠢᠨ ᠰᠠᠭᠤᠬᠤ ᠭᠡᠷ ᠪᠣᠰᠬᠠᠵᠤ ᠥᠭᠬᠦ ᠭᠡᠵᠦ ᠪᠠᠢᠨ᠎ᠠ ᠤᠤ︖ 6 ᠢᠰᠷᠧᠯᠴᠦᠳ ᠢ ᠶᠧᠵᠢᠫᠲ ᠡᠴᠡ ᠭᠠᠷᠭᠠᠭᠰᠠᠨ ᠡᠳᠦᠷ ᠡᠴᠡ ᠬᠣᠢᠰᠢ ᠥᠨᠥᠳᠥᠷ ᠬᠦᠷᠲᠡᠯ᠎ᠡ ᠪᠢ ᠭᠡᠷ ᠲᠦ ᠰᠠᠭᠤᠵᠤ ᠪᠠᠢᠭ᠎ᠠ ᠦᠭᠡᠢ᠂ ᠬᠠᠷᠢᠨ ᠮᠠᠢᠬᠠᠨ ᠪᠤᠶᠤ ᠴᠠᠴᠠᠷ ᠤᠨ ᠳᠣᠲᠣᠷ᠎ᠠ ᠪᠠᠢᠵᠤ᠂ ᠡᠰᠢ ᠲᠡᠰᠢ ᠨᠡᠭᠦᠭᠰᠡᠭᠡᠷ ᠢᠷᠡᠭᠰᠡᠨ᠃ 7 ᠭᠡᠪᠡᠴᠦ ᠪᠢ ᠪᠦᠬᠦ ᠢᠰᠷᠧᠯ ᠲᠠᠢ ᠬᠠᠮᠲᠤ ᠠᠶᠠᠯᠠᠵᠤ ᠪᠠᠢᠭᠰᠠᠨ ᠪᠦᠬᠦ ᠬᠤᠭᠤᠴᠠᠭᠠᠨ ᠤ ᠲᠤᠷᠰᠢ ᠠᠷᠠᠳ ᠲᠦᠮᠡᠨ ᠢᠰᠷᠧᠯ ᠢᠶᠠᠨ ᠬᠠᠷᠢᠭᠤᠯᠤᠭᠤᠯᠬᠤ ᠶᠢᠨ ᠲᠥᠯᠥᠭᠡ ᠲᠤᠰᠢᠶᠠᠯ ᠥᠭᠭᠥᠭᠰᠡᠨ ᠢᠰᠷᠧᠯ ᠤᠨ ᠠᠯᠢ ᠨᠢᠭᠡ ᠣᠪᠣᠭ ᠲᠤ᠄ 〈ᠶᠠᠭᠠᠬᠢᠭᠠᠳ ᠲᠠ ᠨᠠᠷ ᠨᠠᠳᠠ ᠳᠤ ᠬᠤᠱᠢ ᠮᠣᠳᠣᠨ ᠭᠡᠷ ᠪᠠᠷᠢᠵᠤ ᠥᠭᠬᠦ ᠦᠭᠡᠢ ᠪᠤᠢ︖〉 ᠭᠡᠵᠦ ᠬᠡᠯᠡᠵᠦ ᠪᠠᠢᠭᠰᠠᠨ ᠤᠳᠠᠭ᠎ᠠ ᠪᠤᠢ ᠤᠤ︖ 8 ᠲᠡᠢᠮᠦ ᠡᠴᠡ ᠴᠢ ᠣᠳᠣ ᠮᠢᠨᠦ ᠵᠠᠷᠤᠴᠠ ᠳ᠋ᠠᠸᠢᠳ᠋ ᠲᠤ ᠡᠢᠨ ᠬᠦ ᠬᠡᠯᠡᠭᠲᠦᠨ᠄ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ ᠬᠣᠨᠢᠨ ᠰᠦᠷᠦᠭ ᠢ ᠳᠠᠭᠠᠳᠠᠭ ᠪᠠᠢᠭᠰᠠᠨ ᠴᠢᠮᠠᠶᠢ ᠪᠢ ᠥᠪᠡᠷ ᠢᠶᠡᠨ ᠪᠡᠯᠴᠢᠭᠡᠷ ᠡᠴᠡ ᠠᠪᠴᠤ ᠠᠷᠠᠳ ᠲᠦᠮᠡᠨ ᠢᠰᠷᠧᠯ ᠤᠨ ᠢᠶᠠᠨ ᠵᠠᠬᠢᠷᠤᠭᠴᠢ ᠪᠣᠯᠭᠠᠭᠰᠠᠨ᠂ 9 ᠴᠢ ᠬᠠᠮᠢᠭᠠᠰᠢ ᠪᠠᠨ ᠶᠠᠪᠤᠭᠰᠠᠨ ᠴᠤ ᠪᠢ ᠴᠢᠮ᠎ᠠ ᠲᠠᠢ ᠬᠠᠮᠲᠤ ᠪᠠᠢᠭᠰᠠᠭᠠᠷ᠂ ᠴᠢᠨᠦ ᠡᠮᠦᠨ᠎ᠡ ᠡᠴᠡ ᠬᠠᠮᠤᠭ ᠳᠠᠢᠰᠤᠨ ᠢ ᠴᠢᠨᠢ ᠤᠰᠠᠳᠬᠠᠵᠤ ᠪᠠᠢᠭᠰᠠᠨ᠃ ᠡᠳᠦᠭᠡ ᠪᠢ ᠴᠢᠨᠦ ᠨᠡᠷ᠎ᠡ ᠶᠢ ᠭᠠᠵᠠᠷ ᠤᠨ ᠳᠡᠭᠡᠷᠡᠬᠢ ᠠᠭᠤᠤ ᠬᠥᠮᠦᠰ ᠦᠨ ᠬᠢ ᠲᠠᠢ ᠠᠳᠠᠯᠢ ᠠᠭᠤᠤ ᠪᠣᠯᠭᠠᠨ᠎ᠠ᠃ 10 ᠪᠢ ᠠᠷᠠᠳ ᠲᠦᠮᠡᠨ ᠢᠰᠷᠧᠯ ᠳᠡᠭᠡᠨ ᠨᠢᠭᠡ ᠨᠤᠲᠤᠭ ᠢ ᠲᠣᠭᠲᠠᠭᠠᠨ ᠥᠭᠴᠦ᠂ ᠲᠡᠳᠡᠨ ᠢ ᠲᠡᠨᠳᠡ ᠰᠠᠭᠤᠯᠭᠠᠨ᠎ᠠ᠂ ᠲᠡᠳᠡ ᠥᠪᠡᠷᠰᠡᠳ ᠦᠨ ᠢᠶᠠᠨ ᠨᠤᠲᠤᠭ ᠲᠤ ᠰᠠᠭᠤᠷᠢᠰᠢᠬᠤ ᠪᠥᠭᠡᠳ ᠳᠠᠬᠢᠨ ᠦᠢᠮᠡᠭᠦᠯᠦᠭᠳᠡᠬᠦ ᠦᠭᠡᠢ᠂ ᠪᠤᠷᠤᠭᠤᠲᠠᠳ ᠲᠤ ᠤᠷᠢᠳᠤ ᠶᠢᠨ ᠬᠢ ᠰᠢᠭ᠋ ᠢᠶᠠᠨ ᠳᠠᠷᠤᠯᠠᠭᠳᠠᠬᠤ ᠪᠠᠨ ᠪᠣᠯᠢᠨ᠎ᠠ᠂ 11 ᠠᠷᠠᠳ ᠲᠦᠮᠡᠨ ᠢᠰᠷᠧᠯ ᠤᠨ ᠢᠶᠠᠨ ᠳᠡᠭᠡᠷ᠎ᠡ ᠰᠢᠭᠦᠭᠴᠢᠳ ᠲᠣᠮᠢᠯᠠᠭᠰᠠᠨ ᠠᠴᠠ ᠮᠠᠨᠢ ᠬᠣᠢᠰᠢᠬᠢ ᠡᠳᠦᠷ ᠤᠳ ᠤᠨ ᠬᠢ ᠰᠢᠭ ᠲᠡᠳᠡ ᠳᠠᠷᠤᠯᠠᠭᠳᠠᠬᠤ ᠪᠠᠨ ᠪᠣᠯᠢᠨ᠎ᠠ᠃ ᠪᠢ ᠴᠢᠮᠠᠶᠢ ᠬᠠᠮᠤᠭ ᠳᠠᠢᠰᠤᠨ ᠠᠴᠠ ᠴᠢᠨᠢ ᠠᠮᠠᠷᠠᠭᠠᠨ᠎ᠠ᠃ ᠣᠳᠣ ᠶᠣᠬᠣᠸᠠ ᠪᠢ ᠴᠢᠮ᠎ᠠ ᠳᠤ ᠮᠡᠳᠡᠭᠦᠯᠦᠶ᠎ᠡ᠂ ᠶᠣᠬᠣᠸᠠ ᠪᠢ ᠴᠢᠮ᠎ᠠ ᠳᠤ ᠭᠡᠷ ᠪᠠᠷᠢᠵᠤ ᠥᠭᠭᠥᠶ᠎ᠡ᠃ 12 ᠴᠢᠨᠦ ᠡᠳᠦᠷ ᠤᠳ ᠭᠦᠢᠴᠡᠵᠦ᠂ ᠡᠴᠢᠭᠡ ᠡᠪᠦᠭᠡᠳ ᠦᠨ ᠢᠶᠠᠨ ᠬᠠᠮᠲᠤ ᠬᠡᠪᠲᠡᠬᠦ ᠦᠶ᠎ᠡ ᠳᠦ ᠴᠢᠨᠢ᠂ ᠪᠢ ᠴᠢᠨᠦ ᠪᠡᠶ᠎ᠡ ᠡᠴᠡ ᠭᠠᠷᠬᠤ ᠦᠷ᠎ᠡ ᠶᠢ ᠴᠢᠨᠦ ᠳᠠᠷᠠᠭ᠎ᠠ ᠪᠣᠰᠬᠠᠵᠤ᠂ ᠲᠡᠭᠦᠨ ᠦ ᠬᠠᠭᠠᠨᠴᠢᠯᠠᠯ ᠢ ᠪᠠᠲᠤᠵᠢᠭᠤᠯᠤᠨ᠎ᠠ᠃ 13 ᠲᠡᠷᠡ ᠮᠢᠨᠦ ᠨᠡᠷ᠎ᠡ ᠶᠢᠨ ᠲᠥᠯᠥᠭᠡ ᠭᠡᠷ ᠪᠣᠰᠬᠠᠬᠤ ᠪᠥᠭᠡᠳ ᠪᠢ ᠲᠡᠭᠦᠨ ᠦ ᠬᠠᠭᠠᠨᠴᠢᠯᠠᠯ ᠤᠨ ᠰᠡᠨᠲᠢ ᠶᠢ ᠮᠥᠩᠬᠡᠳᠡ ᠪᠠᠲᠤᠵᠢᠭᠤᠯᠤᠨ᠎ᠠ᠃ 14 ᠪᠢ ᠲᠡᠭᠦᠨ ᠦ ᠡᠴᠢᠭᠡ ᠪᠣᠯᠵᠤ᠂ ᠲᠡᠷᠡ ᠮᠢᠨᠦ ᠬᠦᠦ ᠪᠣᠯᠣᠨ᠎ᠠ᠃ ᠲᠡᠷᠡ ᠭᠡᠮ ᠪᠤᠷᠤᠭᠤ ᠦᠢᠯᠡᠳᠪᠡᠯ᠂ ᠪᠢ ᠬᠥᠮᠦᠨ ᠦ ᠰᠢᠯᠪᠢᠭᠦᠷ᠂ ᠪᠤᠰᠤᠳ ᠤᠨ ᠲᠠᠰᠢᠭᠤᠷ ᠢᠶᠠᠷ ᠲᠡᠭᠦᠨ ᠢ ᠭᠡᠰᠬᠡᠨᠡ᠂ 15 ᠬᠠᠷᠢᠨ ᠴᠢᠨᠦ ᠡᠮᠦᠨ᠎ᠡ ᠡᠴᠡ ᠮᠢᠨᠦ ᠵᠠᠢᠯᠠᠭᠤᠯᠤᠭᠰᠠᠨ ᠰᠠᠦ᠋ᠯ ᠡᠴᠡ ᠦᠨᠡᠨ ᠬᠠᠢᠷ᠎ᠠ ᠪᠠᠨ ᠵᠠᠢᠯᠠᠭᠤᠯᠤᠭᠰᠠᠨ ᠤ ᠪᠠᠨ ᠠᠳᠠᠯᠢ ᠪᠠᠷ ᠪᠢ ᠲᠡᠭᠦᠨ ᠡᠴᠡ ᠦᠨᠡᠨ ᠬᠠᠢᠷ᠎ᠠ ᠪᠠᠨ ᠵᠠᠢᠯᠠᠭᠤᠯᠬᠤ ᠦᠭᠡᠢ᠃ 16 ᠴᠢᠨᠦ ᠭᠡᠷ ᠪᠣᠯᠣᠨ ᠴᠢᠨᠦ ᠬᠠᠭᠠᠨᠴᠢᠯᠠᠯ ᠮᠢᠨᠦ ᠡᠮᠦᠨ᠎ᠡ ᠮᠥᠩᠬᠡᠳᠡ ᠲᠣᠭᠲᠠᠪᠤᠷᠢᠲᠠᠢ ᠪᠠᠢᠵᠤ᠂ ᠴᠢᠨᠦ ᠬᠠᠭᠠᠨ ᠰᠡᠨᠲᠢ ᠮᠥᠩᠬᠡᠳᠡ ᠪᠠᠲᠤ ᠪᠠᠢᠬᠤ ᠪᠣᠯᠣᠨ᠎ᠠ》 ᠭᠡᠪᠡ᠃ 17 ᠨᠠᠲ᠋ᠠᠨ ᠡᠳᠡᠭᠡᠷ ᠪᠦᠬᠦ ᠦᠭᠡ ᠪᠣᠯᠣᠨ ᠪᠦᠬᠦ ᠢᠯᠡᠷᠬᠡᠶᠢᠯᠡᠯᠭᠡ ᠶᠢ ᠲᠡᠷᠡ ᠶᠣᠰᠣᠭᠠᠷ ᠨᠢ ᠳ᠋ᠠᠸᠢᠳ᠋ ᠲᠤ ᠶᠠᠷᠢᠪᠠ᠃
ᠳ᠋ᠠᠸᠢᠳ᠋ ᠤᠨ ᠲᠠᠯᠠᠷᠬᠠᠯ
18 ᠳ᠋ᠠᠸᠢᠳ᠋ ᠬᠠᠭᠠᠨ ᠳᠣᠲᠣᠭᠰᠢ ᠣᠷᠣᠵᠤ᠂ ᠶᠣᠬᠣᠸᠠ ᠶᠢᠨ ᠡᠮᠦᠨ᠎ᠡ ᠰᠠᠭᠤᠭᠠᠳ᠄ 《ᠡᠵᠡᠨ ᠶᠣᠬᠣᠸᠠ ᠮᠢᠨᠢ᠂ ᠪᠢ ᠬᠡᠨ ᠪᠣᠯᠣᠭᠠᠳ᠂ ᠪᠠᠰᠠ ᠮᠢᠨᠦ ᠭᠡᠷ ᠶᠠᠭᠤ ᠪᠣᠯᠣᠭᠠᠳ ᠲᠠ ᠨᠠᠮᠠᠶᠢ ᠡ᠊ᠨᠳᠡ ᠬᠦᠷᠲᠡᠯ᠎ᠡ ᠠᠪᠴᠢᠷᠠᠪᠠ︖ 19 ᠡᠵᠡᠨ ᠶᠣᠬᠣᠸᠠ ᠮᠢᠨᠢ᠂ ᠲᠠ ᠡᠳᠡᠭᠡᠷ ᠢ ᠴᠤ ᠥᠴᠦᠬᠡᠨ ᠭᠡᠵᠦ ᠦᠵᠡᠭᠡᠳ ᠵᠠᠷᠤᠴᠠ ᠶᠢᠨ ᠢᠶᠠᠨ ᠭᠡᠷ ᠦᠨ ᠠᠯᠤᠰ ᠢᠷᠡᠭᠡᠳᠦᠢ ᠶᠢᠨ ᠲᠤᠬᠠᠢ ᠴᠤ ᠠᠢᠯᠠᠳᠤᠭᠰᠠᠨ ᠪᠠᠢᠨ᠎ᠠ᠃ ᠡᠵᠡᠨ ᠶᠣᠬᠣᠸᠠ ᠮᠢᠨᠢ᠂ ᠡᠨᠡ ᠴᠢᠨᠢ ᠬᠥᠮᠦᠨ ᠦ ᠵᠠᠮ 6 ᠭᠡᠵᠢ ᠤᠤ︖ 20 ᠳ᠋ᠠᠸᠢᠳ᠋ ᠪᠢ ᠲᠠᠨ ᠳᠤ ᠡᠭᠦᠨ ᠡᠴᠡ ᠢᠯᠡᠭᠦᠦ ᠶᠠᠭᠤ ᠶᠢ ᠶᠠᠷᠢᠬᠤ ᠪᠢᠯᠡ︖ ᠡᠵᠡᠨ ᠶᠣᠬᠣᠸᠠ ᠮᠢᠨᠢ᠂ ᠲᠠ ᠵᠠᠷᠤᠴᠠ ᠪᠠᠨ ᠮᠡᠳᠡᠳᠡᠭ ᠶᠤᠮ᠃ 21 ᠲᠠ ᠠᠢᠯᠠᠳᠤᠭᠰᠠᠨ ᠤ ᠪᠠᠨ ᠤᠯᠠᠮ ᠢᠶᠠᠷ᠂ ᠮᠥᠨ ᠬᠦᠰᠡᠭᠰᠡᠨ ᠶᠣᠰᠣᠭᠠᠷ ᠢᠶᠠᠨ ᠡᠳᠡᠭᠡᠷ ᠠᠭᠤᠤ ᠪᠦᠭᠦᠳᠡ ᠶᠢ ᠦᠢᠯᠡᠳᠦᠨ᠂ ᠡᠳᠡᠭᠡᠷ ᠢ ᠵᠠᠷᠤᠴᠠ ᠳᠠᠭᠠᠨ ᠮᠡᠳᠡᠭᠦᠯᠵᠡᠢ᠃ 22 ᠡᠵᠡᠨ ᠶᠣᠬᠣᠸᠠ ᠲᠠ ᠠᠭᠤᠤ ᠪᠢᠯᠡ᠃ ᠪᠢᠳᠡ ᠴᠢᠬᠢ ᠪᠠᠷ ᠢᠶᠠᠨ ᠰᠣᠨᠣᠰᠣᠭᠰᠠᠨ ᠪᠦᠬᠦᠨ ᠡᠴᠡ ᠪᠡᠨ ᠦᠵᠡᠬᠦ ᠳᠦ᠂ ᠲᠠᠨ ᠲᠠᠢ ᠠᠳᠠᠯᠢ ᠨᠢᠭᠡᠨ ᠭᠡᠵᠦ ᠦᠭᠡᠢ᠂ ᠲᠠᠨ ᠠᠴᠠ ᠥᠭᠡᠷ᠎ᠡ ᠪᠤᠷᠬᠠᠨ ᠭᠡᠵᠦ ᠦᠭᠡᠢ᠃ 23 ᠭᠠᠵᠠᠷ ᠳᠡᠭᠡᠷᠡᠬᠢ ᠠᠯᠢ ᠨᠢᠭᠡ ᠦᠨᠳᠦᠰᠦᠲᠡᠨ ᠨᠢ ᠲᠠᠨ ᠤ ᠠᠷᠠᠳ ᠲᠦᠮᠡᠨ ᠢᠰᠷᠧᠯ ᠲᠠᠢ ᠠᠳᠠᠯᠢ ᠪᠣᠯᠣᠭᠠᠳ᠂ ᠪᠤᠷᠬᠠᠳ ᠨᠢ ᠥᠪᠡᠷᠰᠡᠳ ᠢ ᠨᠢ ᠠᠷᠠᠳ ᠲᠦᠮᠡᠨ ᠢᠶᠡᠨ ᠪᠣᠯᠭᠠᠨ ᠥᠪᠡᠷ ᠲᠡᠭᠡᠨ ᠵᠣᠯᠢᠨ ᠠᠪᠬᠤ ᠪᠠᠷ ᠣᠴᠢᠭᠠᠳ᠂ ᠠᠯᠳᠠᠷ ᠨᠡᠷ᠎ᠡ ᠪᠡᠨ ᠮᠠᠨᠳᠤᠭᠤᠯᠤᠨ ᠲᠡᠳᠡᠨ ᠦ ᠲᠥᠯᠥᠭᠡ ᠠᠭᠤᠤ᠂ ᠠᠶᠤᠮᠰᠢᠭᠲᠤ ᠵᠦᠢᠯᠡᠰ ᠢ ᠦᠢᠯᠡᠳᠴᠦ᠂ ᠶᠧᠵᠢᠫᠲ ᠡᠴᠡ ᠵᠣᠯᠢᠵᠤ ᠠᠪᠤᠭᠰᠠᠨ ᠠᠷᠠᠳ ᠲᠦᠮᠡᠨ ᠦ ᠪᠠᠨ ᠡᠮᠦᠨ᠎ᠡ ᠦᠨᠳᠦᠰᠦᠲᠡᠨ ᠨᠦᠭᠦᠳ ᠢ ᠪᠤᠷᠬᠠᠳ ᠲᠠᠢ ᠨᠢ ᠬᠠᠮᠲᠤ ᠵᠠᠢᠯᠠᠭᠤᠯᠵᠤ ᠪᠠᠢᠪᠠ︖ 24 ᠲᠠ ᠠᠷᠠᠳ ᠲᠦᠮᠡᠨ ᠢᠰᠷᠧᠯ ᠢᠶᠠᠨ ᠥᠪᠡᠷ ᠦᠨ ᠢᠶᠠᠨ ᠠᠷᠠᠳ ᠲᠦᠮᠡᠨ ᠢᠶᠡᠷ ᠮᠥᠩᠬᠡᠳᠡ ᠲᠣᠭᠲᠠᠭᠠᠭᠰᠠᠨ᠂ ᠶᠣᠬᠣᠸᠠ ᠲᠠ ᠥᠪᠡᠷ ᠢᠶᠡᠨ ᠲᠡᠳᠡᠨ ᠦ ᠪᠤᠷᠬᠠᠨ ᠪᠣᠯᠣᠭᠰᠠᠨ ᠪᠠᠢᠨ᠎ᠠ᠃ 25 ᠣᠳᠣ ᠶᠣᠬᠣᠸᠠ ᠪᠤᠷᠬᠠᠨ ᠮᠢᠨᠢ᠂ ᠥᠪᠡᠷ ᠦᠨ ᠢᠶᠠᠨ ᠵᠠᠷᠤᠴᠠ ᠪᠣᠯᠣᠨ ᠭᠡᠷ ᠦᠨ ᠬᠢᠨᠢ ᠲᠠᠯ᠎ᠠ ᠪᠠᠷ ᠠᠢᠯᠠᠳᠤᠭᠰᠠᠨ ᠦᠭᠡ ᠪᠡᠨ ᠮᠥᠩᠬᠡᠳᠡ ᠪᠠᠲᠤ ᠪᠠᠢᠯᠭᠠᠨ᠂ ᠠᠢᠯᠠᠳᠤᠭᠰᠠᠨ ᠶᠣᠰᠣᠭᠠᠷ ᠢᠶᠠᠨ ᠪᠡᠶᠡᠯᠡᠭᠦᠯᠦᠨ ᠥᠭᠭᠥᠭᠡᠴᠢ᠃ 26 ᠲᠠᠨ ᠤ ᠨᠡᠷ᠎ᠡ ᠮᠥᠩᠬᠡᠳᠡ ᠳᠡᠭᠡᠳᠦᠯᠡᠭᠳᠡᠵᠦ᠂ ᠲᠡᠢᠨ ᠬᠦ 〈ᠢᠰᠷᠧᠯ ᠤᠨ ᠳᠡᠭᠡᠷᠡᠬᠢ ᠪᠤᠷᠬᠠᠨ ᠪᠣᠯ ᠠᠤᠭ᠎ᠠ ᠬᠦᠴᠦᠲᠦ ᠶᠣᠬᠣᠸᠠ〉 ᠭᠡᠭᠳᠡᠬᠦ ᠪᠣᠯᠲᠤᠭᠠᠢ᠂ ᠲᠠᠨ ᠤ ᠵᠠᠷᠤᠴᠠ ᠳ᠋ᠠᠸᠢᠳ᠋ ᠤᠨ ᠭᠡᠷ ᠲᠠᠨ ᠤ ᠡᠮᠦᠨ᠎ᠡ ᠪᠠᠲᠤ ᠪᠠᠢᠬᠤ ᠪᠣᠯᠲᠤᠭᠠᠢ᠃ 27 ᠠᠤᠭ᠎ᠠ ᠬᠦᠴᠦᠲᠦ ᠶᠣᠬᠣᠸᠠ᠂ ᠢᠰᠷᠧᠯ ᠤᠨ ᠪᠤᠷᠬᠠᠨ ᠲᠠ ᠵᠠᠷᠤᠴᠠ ᠳᠠᠭᠠᠨ 〈ᠪᠢ ᠴᠢᠮ᠎ᠠ ᠳᠤ ᠭᠡᠷ ᠪᠣᠰᠬᠠᠵᠤ ᠥᠭᠭᠥᠨ᠎ᠡ〉 ᠭᠡᠵᠦ ᠢᠯᠡᠷᠬᠡᠶᠢᠯᠡᠭᠰᠡᠨ ᠤᠴᠢᠷ ᠠᠴᠠ ᠵᠠᠷᠤᠴᠠ ᠲᠠᠨᠢ ᠲᠠᠨ ᠳᠤ ᠳᠠᠭᠠᠳᠬᠠᠬᠤ ᠪᠠᠷ ᠪᠣᠯᠣᠯ᠎ᠠ᠃ 28 ᠡᠵᠡᠨ ᠶᠣᠬᠣᠸᠠ ᠮᠢᠨᠢ᠂ ᠭᠠᠭᠴᠠ ᠬᠦ ᠲᠠ ᠯᠠ ᠪᠤᠷᠬᠠᠨ᠂ ᠲᠠᠨ ᠤ ᠦᠭᠡᠰ ᠦᠨᠡᠨ ᠪᠠᠢᠳᠠᠭ᠃ ᠡᠨᠡ ᠬᠦ ᠰᠠᠢᠨ ᠢ ᠲᠠ ᠵᠠᠷᠤᠴᠠ ᠳᠠᠭᠠᠨ ᠠᠢᠯᠠᠳᠤᠭᠰᠠᠨ ᠪᠢᠯᠡ᠃ 29 ᠣᠳᠣ ᠵᠠᠷᠤᠴᠠ ᠶᠢᠨ ᠢᠶᠠᠨ ᠭᠡᠷ ᠢ ᠢᠪᠡᠭᠡᠵᠦ᠂ ᠥᠪᠡᠷ ᠦᠨ ᠢᠶᠠᠨ ᠡᠮᠦᠨ᠎ᠡ ᠡᠭᠦᠷᠢᠳᠡ ᠪᠠᠢᠯᠭᠠᠵᠤ ᠬᠠᠢᠷᠠᠯᠠᠨ᠎ᠠ ᠤᠤ︖ ᠡᠵᠡᠨ ᠶᠣᠬᠣᠸᠠ᠂ ᠲᠠ ᠥᠪᠡᠷ ᠢᠶᠡᠨ ᠠᠢᠯᠠᠳᠤᠭᠰᠠᠨ ᠲᠤᠯᠠ ᠲᠠᠨ ᠤ ᠵᠠᠷᠤᠴᠠ ᠶᠢᠨ ᠭᠡᠷ ᠲᠠᠨ ᠤ ᠢᠪᠡᠭᠡᠯ ᠢᠶᠡᠷ ᠮᠥᠩᠬᠡᠳᠡ ᠢᠪᠡᠭᠡᠭᠳᠡᠬᠦ ᠪᠣᠯᠣᠨ᠎ᠠ》 ᠭᠡᠪᠡ᠃