ᠬᠣᠶᠠᠳᠤᠭᠠᠷ ᠰᠠᠮᠦ᠋ᠶᠧᠯ ᠲᠠᠪᠤ
ᠪᠦᠬᠦ ᠢᠰᠷᠧᠯ ᠤᠨ ᠬᠠᠭᠠᠨ ᠳ᠋ᠠᠸᠢᠳ᠋
1 ᠢᠰᠷᠧᠯ ᠤᠨ ᠪᠦᠬᠦ ᠣᠪᠣᠭ ᠾᠧᠪᠷᠣᠨ ᠳᠠᠬᠢ ᠳ᠋ᠠᠸᠢᠳ᠋ ᠳᠡᠭᠡᠷ᠎ᠡ ᠢᠷᠡᠵᠦ᠄ 《ᠬᠠᠷ᠎ᠠ᠂ ᠪᠢᠳᠡ ᠲᠠᠨ ᠤ ᠶᠠᠰᠤ ᠮᠢᠬᠠᠨ ᠤ ᠲᠠᠰᠤᠷᠬᠠᠢ ᠪᠢᠯᠡ᠃ 2 ᠤᠷᠢᠳᠤ ᠨᠢ ᠰᠠᠦ᠋ᠯ ᠪᠢᠳᠡᠨ ᠦ ᠬᠠᠭᠠᠨ ᠪᠠᠢᠬᠤ ᠦᠶ᠎ᠡ ᠳᠦ ᠴᠤ ᠢᠰᠷᠧᠯ ᠤᠨ ᠴᠡᠷᠢᠭ ᠢ ᠤᠳᠤᠷᠢᠳᠤᠨ ᠭᠠᠷᠠᠭᠠᠵᠤ ᠪᠤᠴᠠᠭᠠᠳᠠᠭ ᠨᠢ ᠲᠠ ᠪᠠᠢᠭᠰᠠᠨ᠃ ᠶᠣᠬᠣᠸᠠ ᠴᠤ ᠲᠠᠨ ᠳᠤ ᠠᠢᠯᠠᠳᠤᠨ᠄ 〈ᠮᠢᠨᠦ ᠠᠷᠠᠳ ᠲᠦᠮᠡᠨ ᠢᠰᠷᠧᠯ ᠢ ᠴᠢ ᠬᠠᠷᠢᠭᠤᠯᠤᠨ᠎ᠠ᠂ ᠴᠢ ᠢᠰᠷᠧᠯ ᠤᠨ ᠳᠡᠭᠡᠷ᠎ᠡ ᠤᠳᠤᠷᠢᠳᠤᠭᠴᠢ ᠪᠣᠯᠣᠨ᠎ᠠ〉 ᠭᠡᠰᠡᠨ ᠪᠢᠯᠡ》 ᠭᠡᠪᠡ᠃ 3 ᠲᠡᠢᠨ ᠬᠦ ᠢᠰᠷᠧᠯ ᠤᠨ ᠠᠬᠠᠮᠠᠳ ᠤᠳ ᠪᠦᠭᠦᠳᠡᠭᠡᠷ ᠾᠧᠪᠷᠣᠨ ᠳᠠᠬᠢ ᠬᠠᠭᠠᠨ ᠳᠡᠭᠡᠷ᠎ᠡ ᠢᠷᠡᠬᠦ ᠳᠦ᠂ ᠳ᠋ᠠᠸᠢᠳ᠋ ᠬᠠᠭᠠᠨ ᠾᠧᠪᠷᠣᠨ ᠳᠤ ᠶᠣᠬᠣᠸᠠ ᠶᠢᠨ ᠡᠮᠦᠨ᠎ᠡ ᠲᠡᠳᠡᠨ ᠲᠡᠢ ᠭᠡᠷ᠎ᠡ ᠪᠠᠢᠭᠤᠯᠤᠯ᠎ᠠ᠃ ᠲᠡᠳᠡ ᠳ᠋ᠠᠸᠢᠳ᠋ ᠢ ᠲᠣᠰᠣᠯᠠᠭᠰᠠᠨ ᠳᠤ᠂ ᠲᠡᠷᠡ ᠢᠰᠷᠧᠯ ᠤᠨ ᠬᠠᠭᠠᠨ ᠪᠣᠯᠪᠠ᠃ 4 ᠳ᠋ᠠᠸᠢᠳ᠋ ᠭᠤᠴᠢᠨ ᠨᠠᠰᠤᠨ ᠳᠠᠭᠠᠨ ᠬᠠᠭᠠᠨ ᠪᠣᠯᠵᠤ᠂ ᠳᠥᠴᠢᠨ ᠵᠢᠯ ᠵᠠᠬᠢᠷᠴᠠᠢ᠃ 5 ᠲᠡᠷᠡ ᠾᠧᠪᠷᠣᠨ ᠳᠤ ᠶᠦᠳᠠ ᠶᠢ ᠳᠣᠯᠣᠭᠠᠨ ᠵᠢᠯ ᠵᠢᠷᠭᠤᠭᠠᠨ ᠰᠠᠷ᠎ᠠ ᠵᠠᠬᠢᠷᠴᠤ᠂ ᠶᠧᠷᠦ᠋ᠰᠠᠯᠧᠮ ᠳᠤ ᠪᠦᠬᠦ ᠢᠰᠷᠧᠯ ᠪᠣᠯᠣᠨ ᠶᠦᠳᠠ ᠶᠢ ᠭᠤᠴᠢᠨ ᠭᠤᠷᠪᠠᠨ ᠵᠢᠯ ᠵᠠᠬᠢᠷᠴᠠᠢ᠃
6 ᠬᠠᠭᠠᠨ ᠬᠠᠷᠢᠶ᠎ᠠ ᠬᠥᠮᠦᠰ ᠲᠡᠢ ᠪᠡᠨ ᠬᠠᠮᠲᠤ ᠶᠧᠷᠦ᠋ᠰᠠᠯᠧᠮ ᠤᠷᠤᠭᠤ ᠬᠥᠳᠡᠯᠵᠦ᠂ ᠲᠡᠷᠡ ᠨᠤᠲᠤᠭ ᠤᠨ ᠰᠠᠭᠤᠭᠠᠯᠢ ᠶᠧᠪᠦ᠋ᠰᠴᠦᠳ ᠢ ᠳᠣᠪᠲᠣᠯᠬᠤ ᠭᠡᠵᠦ ᠪᠠᠢᠪᠠ᠃ ᠶᠧᠪᠦ᠋ᠰᠴᠦᠳ ᠳ᠋ᠠᠸᠢᠳ᠋ ᠢ ᠥᠪᠡᠷᠰᠡᠳ ᠦᠨ ᠬᠢᠨᠢ ᠳᠤᠮᠳᠠ ᠣᠷᠣᠵᠤ ᠢᠷᠡᠵᠦ ᠴᠢᠳᠠᠬᠤ ᠦᠭᠡᠢ ᠭᠡᠵᠦ ᠪᠣᠳᠣᠭᠠᠳ ᠳ᠋ᠠᠸᠢᠳ᠋ ᠲᠤ᠄ 《ᠴᠢ ᠡᠰᠢ ᠪᠠᠨ ᠣᠷᠣᠵᠤ ᠢᠷᠡᠵᠦ ᠴᠢᠳᠠᠬᠤ ᠦᠭᠡᠢ᠂ ᠰᠣᠬᠣᠷ ᠳᠣᠭᠣᠯᠠᠩ ᠨᠢ ᠴᠤ ᠴᠢᠮᠠᠶᠢ ᠬᠠᠰᠢᠭᠠᠳ ᠳᠡᠢᠯᠴᠢᠬᠡᠨᠡ》 ᠭᠡᠪᠡ᠃ 7 ᠬᠠᠷᠢᠨ ᠳ᠋ᠠᠸᠢᠳ᠋ ᠽᠢᠶᠣᠨ ᠴᠠᠢᠵᠠ ᠶᠢ ᠡᠵᠡᠯᠡᠨ ᠠᠪᠤᠭᠰᠠᠨ ᠪᠥᠭᠡᠳ ᠲᠡᠷᠡ ᠨᠢ ᠳ᠋ᠠᠸᠢᠳ᠋ ᠤᠨ ᠬᠣᠲᠠ ᠪᠣᠯᠪᠠ᠃ 8 ᠲᠡᠷᠡ ᠡᠳᠦᠷ ᠳ᠋ᠠᠸᠢᠳ᠋᠄ 《ᠶᠧᠪᠦ᠋ᠰᠴᠦᠳ ᠢ ᠴᠣᠬᠢᠬᠤ ᠬᠥᠮᠦᠨ ᠪᠣᠯᠭᠠᠨ ᠨᠠᠮᠠᠶᠢ ᠪᠠᠰᠤᠮᠵᠢᠯᠠᠵᠤ ᠪᠠᠢᠭ᠎ᠠ ᠲᠡᠳᠡᠭᠡᠷ 〈ᠰᠣᠬᠣᠷ ᠳᠣᠭᠣᠯᠠᠩ〉 ᠬᠥᠮᠦᠰ ᠤᠷᠤᠭᠤ ᠬᠦᠷᠴᠦ ᠣᠴᠢᠬᠤ ᠭᠡᠪᠡᠯ᠂ ᠲᠡᠳᠡᠨ ᠦ ᠭᠠᠵᠠᠷ ᠳᠣᠣᠷᠠᠬᠢ ᠤᠰᠤᠨ ᠰᠤᠪᠠᠭ ᠢᠶᠠᠷ ᠨᠢ ᠥᠭᠰᠥᠨ ᠨᠡᠪᠲᠡᠷᠡᠵᠦ ᠣᠴᠢᠬᠤ ᠬᠡᠷᠡᠭᠲᠡᠢ》 ᠭᠡᠪᠡ᠃ ᠡᠭᠦᠨ ᠦ ᠤᠯᠠᠮ ᠢᠶᠠᠷ 《ᠰᠣᠬᠣᠷ᠂ ᠳᠣᠭᠣᠯᠠᠩ ᠨᠢ ᠣᠷᠳᠣᠨ ᠳᠤ ᠣᠷᠣᠵᠤ ᠪᠣᠯᠬᠤ ᠦᠭᠡᠢ》 ᠭᠡᠵᠦ ᠬᠡᠯᠡᠳᠡᠭ ᠪᠣᠯᠵᠠᠢ᠃ 9 ᠳ᠋ᠠᠸᠢᠳ᠋ ᠲᠡᠷᠡ ᠴᠠᠢᠵᠠ ᠳᠤ ᠰᠠᠭᠤᠷᠢᠰᠢᠵᠤ᠂ ᠲᠡᠭᠦᠨ ᠢ ᠪᠠᠨ ᠳ᠋ᠠᠸᠢᠳ᠋ ᠤᠨ ᠬᠣᠲᠠ ᠭᠡᠵᠦ ᠨᠡᠷᠡᠯᠡᠪᠡ᠃ ᠳ᠋ᠠᠸᠢᠳ᠋ ᠲᠡᠭᠦᠨ ᠢ ᠲᠣᠭᠣᠷᠢᠭᠤᠯᠵᠤ ᠮᠢᠯᠣ᠋ 2 ᠡᠴᠡ ᠡᠬᠢᠯᠡᠨ ᠳᠣᠲᠣᠭᠰᠢ ᠬᠣᠲᠠ ᠪᠠᠢᠭᠤᠯᠪᠠ᠃ 10 ᠠᠤᠭ᠎ᠠ ᠬᠦᠴᠦᠲᠦ ᠪᠤᠷᠬᠠᠨ ᠶᠣᠬᠣᠸᠠ ᠥᠪᠡᠷ ᠲᠡᠢ ᠨᠢ ᠬᠠᠮᠲᠤ ᠪᠠᠢᠭᠰᠠᠨ ᠲᠤᠯᠠ ᠳ᠋ᠠᠸᠢᠳ᠋ ᠤᠯᠠᠮ ᠤᠯᠠᠮ ᠬᠦᠴᠦᠷᠬᠡᠭ ᠪᠣᠯᠵᠤ ᠪᠠᠢᠪᠠ᠃
11 ᠲᠢᠷ ᠤᠨ ᠬᠠᠭᠠᠨ ᠾᠢᠷᠠᠮ ᠳ᠋ᠠᠸᠢᠳ᠋ ᠤᠷᠤᠭᠤ ᠡᠯᠴᠢᠳ ᠢ ᠬᠤᠱᠢ ᠮᠣᠳᠣ᠂ ᠮᠣᠳᠣᠨ ᠳᠠᠷᠬᠠᠳ᠂ ᠴᠢᠯᠠᠭᠤᠨ ᠳᠠᠷᠬᠠᠳ ᠲᠠᠢ ᠬᠠᠮᠲᠤ ᠢᠯᠡᠭᠡᠵᠦ ᠳ᠋ᠠᠸᠢᠳ᠋ ᠤᠨ ᠣᠷᠳᠣᠨ ᠢ ᠪᠠᠷᠢᠭᠤᠯᠪᠠ᠃ 12 ᠲᠡᠭᠡᠬᠦ ᠳᠦ᠂ ᠶᠣᠬᠣᠸᠠ ᠶᠢᠨ ᠥᠪᠡᠷ ᠢ ᠨᠢ ᠢᠰᠷᠧᠯ ᠤᠨ ᠬᠠᠭᠠᠨ ᠢᠶᠠᠷ ᠲᠣᠮᠢᠯᠠᠭᠰᠠᠨ ᠢ᠂ ᠮᠥᠨ ᠠᠷᠠᠳ ᠲᠦᠮᠡᠨ ᠢᠰᠷᠧᠯ ᠤᠨ ᠢᠶᠠᠨ ᠲᠥᠯᠥᠭᠡ ᠥᠪᠡᠷ ᠦᠨ ᠬᠢᠨᠢ ᠬᠠᠭᠠᠨᠴᠢᠯᠠᠯ ᠢ ᠡᠷᠭᠦᠮᠵᠢᠯᠡᠭᠰᠡᠨ ᠢ ᠳ᠋ᠠᠸᠢᠳ᠋ ᠤᠬᠠᠭᠠᠷᠠᠪᠠ᠃
13 ᠳ᠋ᠠᠸᠢᠳ᠋ ᠾᠧᠪᠷᠣᠨ ᠠᠴᠠ ᠶᠧᠷᠦ᠋ᠰᠠᠯᠧᠮ ᠳᠤ ᠨᠡᠭᠦᠵᠦ ᠢᠷᠡᠭᠰᠡᠨ ᠦ ᠪᠠᠨ ᠳᠠᠷᠠᠭ᠎ᠠ᠂ ᠪᠠᠰᠠ ᠨᠡᠩ ᠣᠯᠠᠨ ᠡᠬᠡᠨᠡᠷ ᠪᠣᠯᠣᠨ ᠲᠠᠲᠠᠪᠤᠷᠢ ᠡᠮᠡᠰ ᠠᠪᠤᠭᠰᠠᠨ ᠢᠶᠠᠷ᠂ ᠲᠡᠭᠦᠨ ᠳᠦ ᠨᠡᠩ ᠣᠯᠠᠨ ᠬᠥᠪᠡᠭᠦᠳ ᠥᠬᠢᠳ ᠲᠥᠷᠥᠪᠡ᠃ 14 ᠶᠧᠷᠦ᠋ᠰᠠᠯᠧᠮ ᠳᠤ ᠲᠥᠷᠥᠭᠰᠡᠨ ᠲᠡᠭᠦᠨ ᠦ ᠬᠡᠦᠬᠡᠳ ᠤᠳ ᠤᠨ ᠨᠡᠷᠡᠰ ᠭᠡᠪᠡᠯ᠄ ᠱᠠᠮᠦ᠋ᠶᠠ᠂ ᠱᠣᠪᠠᠪ᠂ ᠨᠠᠲ᠋ᠠᠨ᠂ ᠰᠣᠯᠣᠮᠣᠨ᠂ 15 ᠢᠪᠬᠠᠷ᠂ ᠡᠯᠢᠱᠦ᠋ᠶᠠ᠂ ᠨᠧᠹᠧᠭ᠂ ᠶᠠᠹᠢᠶᠠ᠂ 16 ᠡᠯᠢᠱᠠᠮᠠ᠂ ᠡᠯᠢᠶᠠᠳᠠ᠂ ᠡᠯᠢᠹᠧᠯᠧᠲ ᠶᠤᠮ᠃
17 ᠳ᠋ᠠᠸᠢᠳ᠋ ᠲᠣᠰᠣᠯᠠᠭᠳᠠᠨ᠂ ᠢᠰᠷᠧᠯ ᠤᠨ ᠬᠠᠭᠠᠨ ᠪᠣᠯᠣᠭᠰᠠᠨ ᠢ ᠹᠢᠯᠢᠰᠲ᠋ᠴᠦᠳ ᠰᠣᠨᠣᠰᠣᠭᠠᠳ ᠲᠡᠭᠦᠨ ᠢ ᠣᠯᠬᠤ ᠪᠠᠷ ᠪᠦᠬᠦ ᠬᠦᠴᠦ ᠪᠡᠨ ᠳᠠᠢᠴᠢᠯᠠᠨ ᠭᠠᠷᠴᠤ ᠢᠷᠡᠵᠡᠭᠡᠪᠡ᠃ ᠳ᠋ᠠᠸᠢᠳ᠋ ᠡᠨᠡ ᠲᠤᠬᠠᠢ ᠰᠣᠨᠣᠰᠣᠭᠠᠳ ᠴᠠᠢᠵᠠ ᠤᠷᠤᠭᠤ ᠣᠴᠢᠬᠤ ᠳᠤ᠂ 18 ᠹᠢᠯᠢᠰᠲ᠋ᠴᠦᠳ ᠬᠡᠳᠦᠢᠨᠡᠢ ᠢᠷᠡᠵᠦ᠂ ᠷᠧᠹᠠᠢᠮ ᠤᠨ ᠬᠥᠨᠳᠡᠢ ᠪᠠᠷ ᠲᠠᠷᠬᠠᠨ ᠪᠠᠢᠷᠢᠯᠠᠭᠰᠠᠨ ᠪᠠᠢᠪᠠ᠃ 19 ᠳ᠋ᠠᠸᠢᠳ᠋ ᠶᠣᠬᠣᠸᠠ ᠠᠴᠠ ᠯᠠᠪᠯᠠᠨ᠄ 《ᠪᠢ ᠹᠢᠯᠢᠰᠲ᠋ᠴᠦᠳ ᠲᠡᠢ ᠳᠠᠢᠲᠤᠬᠤ ᠪᠠᠷ ᠬᠥᠳᠡᠯᠵᠦ ᠪᠣᠯᠬᠤ ᠤᠤ︖ ᠲᠠ ᠲᠡᠳᠡᠨ ᠢ ᠮᠢᠨᠦ ᠭᠠᠷ ᠲᠤ ᠲᠤᠰᠢᠶᠠᠬᠤ ᠤᠤ︖》 ᠭᠡᠪᠡ᠃ ᠶᠣᠬᠣᠸᠠ ᠲᠡᠭᠦᠨ ᠳᠦ᠄ 《ᠬᠥᠳᠡᠯ︕ ᠪᠢ ᠲᠡᠳᠡᠭᠡᠷ ᠹᠢᠯᠢᠰᠲ᠋ᠴᠦᠳ ᠢ ᠴᠢᠨᠦ ᠭᠠᠷ ᠲᠤ ᠯᠠᠪᠲᠠᠢ ᠲᠤᠰᠢᠶᠠᠨ᠎ᠠ》 ᠭᠡᠰᠡᠨ ᠳᠦ᠂ 20 ᠳ᠋ᠠᠸᠢᠳ᠋ ᠪᠠᠯ ᠫᠧᠷᠠᠽᠢᠮ ᠤᠷᠤᠭᠤ ᠣᠴᠢᠪᠠ᠃ ᠳ᠋ᠠᠸᠢᠳ᠋ ᠲᠡᠨᠳᠡ ᠲᠡᠳᠡᠨ ᠢ ᠪᠤᠲᠠ ᠴᠣᠬᠢᠭᠠᠳ᠄ 《ᠬᠠᠰᠢᠯᠭ᠎ᠠ ᠶᠢ ᠰᠦᠢᠷᠡᠭᠦᠯᠳᠡᠭ ᠤᠰᠤ ᠮᠡᠲᠦ ᠪᠡᠷ ᠶᠣᠬᠣᠸᠠ ᠮᠢᠨᠦ ᠳᠠᠢᠰᠤᠨ ᠨᠤᠭᠤᠳ ᠢ ᠮᠢᠨᠦ ᠡᠮᠦᠨ᠎ᠡ ᠰᠦᠢᠷᠡᠭᠦᠯᠵᠡᠢ》 ᠭᠡᠰᠡᠨ ᠦ ᠤᠯᠠᠮ ᠢᠶᠠᠷ ᠲᠡᠷᠡ ᠭᠠᠵᠠᠷ ᠪᠠᠯ ᠫᠧᠷᠠᠽᠢᠮ 3 ᠭᠡᠵᠦ ᠨᠡᠷᠡᠯᠡᠭᠳᠡᠵᠡᠢ᠃ 21 ᠹᠢᠯᠢᠰᠲ᠋ᠴᠦᠳ ᠰᠢᠲᠦᠭᠡᠨ ᠨᠦᠭᠦᠳ ᠢᠶᠡᠨ ᠲᠡᠨᠳᠡ ᠣᠷᠬᠢᠭᠰᠠᠨ ᠪᠠᠢᠯ᠎ᠠ᠂ ᠳ᠋ᠠᠸᠢᠳ᠋ ᠪᠣᠯᠣᠨ ᠲᠡᠭᠦᠨ ᠦ ᠬᠠᠷᠢᠶ᠎ᠠ ᠬᠥᠮᠦᠰ ᠲᠡᠳᠡᠭᠡᠷ ᠢ ᠠᠪᠠᠴᠢᠪᠠ᠃
22 ᠹᠢᠯᠢᠰᠲ᠋ᠴᠦᠳ ᠳᠠᠬᠢᠨ ᠭᠠᠷᠴᠤ ᠢᠷᠡᠭᠡᠳ ᠷᠧᠹᠠᠢᠮ ᠤᠨ ᠬᠥᠨᠳᠡᠢ ᠳᠦ ᠲᠠᠷᠬᠠᠨ ᠪᠠᠢᠷᠢᠯᠠᠪᠠ᠃ 23 ᠳ᠋ᠠᠸᠢᠳ᠋ ᠶᠣᠬᠣᠸᠠ ᠠᠴᠠ ᠯᠠᠪᠯᠠᠬᠤ ᠳᠤ᠂ ᠲᠡᠷᠡ᠄ 《ᠴᠢ ᠰᠢᠭᠤᠳ ᠭᠠᠷᠴᠤ ᠪᠣᠯᠬᠤ ᠦᠭᠡᠢ᠃ ᠲᠡᠳᠡᠨ ᠦ ᠠᠷᠤ ᠪᠠᠷ ᠲᠣᠭᠣᠷᠢᠨ ᠣᠴᠢᠵᠤ᠂ ᠢᠯᠠᠮ᠎ᠠ ᠶᠢᠨ ᠮᠣᠳᠣᠳ ᠤᠨ ᠤᠷᠳᠤᠭᠤᠷ ᠲᠡᠳᠡᠨ ᠤᠷᠤᠭᠤ ᠳᠠᠭᠠᠷᠢ᠃ 24 ᠢᠯᠠᠮ᠎ᠠ ᠶᠢᠨ ᠮᠣᠳᠣᠳ ᠤᠨ ᠣᠷᠣᠢ ᠳᠡᠭᠡᠭᠦᠷ ᠤᠷᠤᠭᠰᠢᠯᠠᠬᠤ ᠴᠢᠮᠡᠭᠡ ᠰᠣᠨᠣᠰᠳᠠᠬᠤ ᠦᠶ᠎ᠡ ᠳᠦ ᠴᠢ ᠭᠠᠷᠴᠤ ᠶᠠᠪᠤ᠃ ᠤᠴᠢᠷ ᠨᠢ ᠲᠡᠷᠡ ᠴᠠᠭ ᠲᠤ ᠶᠣᠬᠣᠸᠠ ᠹᠢᠯᠢᠰᠲ᠋ᠴᠦᠳ ᠦᠨ ᠴᠡᠷᠢᠭ ᠢ ᠴᠣᠬᠢᠬᠤ ᠪᠠᠷ ᠴᠢᠮ᠎ᠠ ᠠᠴᠠ ᠲᠦᠷᠦᠭᠦᠯᠡᠨ ᠭᠠᠷᠤᠭᠰᠠᠨ ᠪᠠᠢᠨ᠎ᠠ》 ᠭᠡᠪᠡ᠃ 25 ᠳ᠋ᠠᠸᠢᠳ᠋ ᠶᠣᠬᠣᠸᠠ ᠶᠢᠨ ᠲᠤᠰᠢᠶᠠᠭᠰᠠᠨ ᠶᠣᠰᠣᠭᠠᠷ ᠲᠡᠢᠨ ᠬᠦ ᠦᠢᠯᠡᠳᠴᠦ᠂ ᠹᠢᠯᠢᠰᠲ᠋ᠴᠦᠳ ᠢ ᠭᠧᠪᠧᠶᠣᠨ ᠠᠴᠠ ᠭᠧᠽᠧᠷ ᠲᠤ ᠬᠦᠷᠲᠡᠯ᠎ᠡ ᠴᠣᠬᠢᠭᠰᠠᠨ ᠪᠠᠢᠯ᠎ᠠ᠃