ᠬᠣᠶᠠᠳᠤᠭᠠᠷ ᠰᠠᠮᠦ᠋ᠶᠧᠯ ᠠᠷᠪᠠᠨ ᠨᠠᠢ᠌ᠮᠠ
ᠠᠪᠰᠠᠯᠣᠮ ᠤᠨ ᠲᠡᠭᠦᠰᠬᠡᠯ
1 ᠳ᠋ᠠᠸᠢᠳ᠋ ᠥᠪᠡᠷ ᠲᠡᠢ ᠪᠡᠨ ᠬᠠᠮᠲᠤ ᠪᠠᠢᠭ᠎ᠠ ᠴᠡᠷᠢᠭ ᠢᠶᠠᠨ ᠴᠤᠭᠯᠠᠭᠤᠯᠵᠤ ᠲᠡᠳᠡᠨ ᠦ ᠳᠡᠭᠡᠷ᠎ᠡ ᠮᠢᠩ᠋ᠭᠠᠲᠤ ᠶᠢᠨ ᠳᠠᠷᠤᠭ᠎ᠠ᠂ ᠵᠠᠭᠤᠲᠤ ᠶᠢᠨ ᠳᠠᠷᠤᠭ᠎ᠠ ᠨᠠᠷ ᠢ ᠲᠣᠮᠢᠯᠠᠪᠠ᠃ 2 ᠳ᠋ᠠᠸᠢᠳ᠋ ᠴᠡᠷᠢᠭ ᠤᠨ ᠢᠶᠠᠨ ᠭᠤᠷᠪᠠᠨ ᠤ ᠨᠢᠭᠡ ᠶᠢ ᠶᠣᠶᠠᠪ ᠤᠨ ᠭᠠᠷ ᠲᠤ᠂ ᠭᠤᠷᠪᠠᠨ ᠤ ᠨᠢᠭᠡ ᠶᠢ ᠶᠣᠶᠠᠪ ᠤᠨ ᠳᠡᠭᠦᠦ᠂ ᠽᠧᠷᠣᠢᠶ᠎ᠠ ᠶᠢᠨ ᠬᠥᠪᠡᠭᠦᠨ ᠠᠪᠢᠱᠠᠢ ᠶᠢᠨ ᠭᠠᠷ ᠲᠤ᠂ ᠦᠯᠡᠳᠡᠭᠰᠡᠨ ᠭᠤᠷᠪᠠᠨ ᠤ ᠨᠢᠭᠡ ᠶᠢ ᠭᠢᠲ ᠬᠥᠮᠦᠨ ᠢᠲ᠋ᠠᠢ ᠶᠢᠨ ᠭᠠᠷ ᠲᠤ ᠬᠤᠪᠢᠶᠡᠷᠢᠯᠠᠪᠠ᠃ ᠬᠠᠭᠠᠨ ᠴᠡᠷᠢᠭ ᠤᠳ ᠲᠤ᠄ 《ᠪᠢ ᠪᠠᠰᠠ ᠵᠠᠪᠠᠯ ᠲᠠ ᠨᠠᠷ ᠲᠠᠢ ᠬᠠᠮᠲᠤ ᠶᠠᠪᠤᠨ᠎ᠠ》 ᠭᠡᠬᠦ ᠳᠦ᠂ 3 ᠬᠥᠮᠦᠰ ᠨᠢ᠄ 《ᠲᠠ ᠶᠠᠪᠤᠵᠤ ᠪᠣᠯᠬᠤ ᠦᠭᠡᠢ᠃ ᠪᠢᠳᠡ ᠵᠢᠭᠤᠲᠠᠭᠰᠠᠨ ᠴᠤ ᠲᠡᠳᠡ ᠬᠠᠢᠬᠤᠷᠬᠤ ᠦᠭᠡᠢ᠃ ᠪᠢᠳᠡᠨ ᠦ ᠬᠠᠭᠠᠰ ᠨᠢ ᠦᠬᠦᠭᠰᠡᠨ ᠴᠤ ᠲᠡᠳᠡ ᠬᠠᠢᠬᠤᠷᠬᠤ ᠦᠭᠡᠢ᠃ ᠤᠴᠢᠷ ᠨᠢ ᠡᠨᠡ ᠴᠠᠭ ᠲᠤ ᠲᠠ ᠪᠢᠳᠡᠨ ᠦ ᠲᠦᠮᠡᠨ ᠬᠥᠮᠦᠨ ᠲᠡᠢ ᠲᠡᠩᠴᠡᠵᠦ ᠪᠠᠢᠨ᠎ᠠ᠃ ᠲᠠ ᠬᠣᠲᠠ ᠳᠤ ᠦᠯᠡᠳᠡᠵᠦ ᠪᠢᠳᠡᠨ ᠢ ᠲᠤᠰᠠᠯᠠᠬᠤ ᠨᠢ ᠳᠡᠭᠡᠷ᠎ᠡ》 ᠭᠡᠰᠡᠨ ᠳᠦ᠂ 4 ᠬᠠᠭᠠᠨ ᠲᠡᠳᠡᠨ ᠳᠦ᠄ 《ᠠᠯᠢ ᠨᠢ ᠲᠠ ᠨᠠᠷ ᠲᠤ ᠳᠡᠭᠡᠷ᠎ᠡ ᠪᠣᠯ ᠪᠢ ᠲᠡᠭᠡᠵᠦ ᠬᠢᠶ᠎ᠡ》 ᠭᠡᠵᠦ ᠬᠠᠷᠢᠭᠤᠯᠪᠠ᠃ ᠬᠠᠭᠠᠨ ᠬᠠᠭᠠᠯᠭᠠᠨ ᠤ ᠳᠡᠷᠭᠡᠳᠡ ᠵᠣᠭᠰᠣᠵᠤ ᠪᠠᠢᠬᠤ ᠳᠤ ᠪᠦᠬᠦ ᠴᠡᠷᠢᠭ ᠵᠠᠭᠤᠲᠤ᠂ ᠮᠢᠩ᠋ᠭᠠᠲᠤ ᠪᠠᠷ ᠢᠶᠠᠨ ᠭᠠᠷᠴᠤ ᠶᠠᠪᠤᠵᠠᠭᠠᠪᠠ᠃ 5 ᠬᠠᠭᠠᠨ ᠶᠣᠶᠠᠪ᠂ ᠠᠪᠢᠱᠠᠢ᠂ ᠢᠲ᠋ᠠᠢ ᠨᠠᠷ ᠲᠤ᠄ 《ᠨᠠᠮᠠᠶᠢ ᠪᠣᠳᠣᠵᠤ ᠵᠠᠯᠠᠭᠤ ᠠᠪᠰᠠᠯᠣᠮ ᠳᠤ ᠵᠥᠭᠡᠯᠡᠨ ᠬᠠᠨᠳᠤᠭᠠᠷᠠᠢ》 ᠭᠡᠵᠦ ᠵᠠᠬᠢᠪᠠ᠃ ᠬᠠᠭᠠᠨ ᠤ ᠠᠪᠰᠠᠯᠣᠮ ᠤᠨ ᠲᠠᠯ᠎ᠠ ᠪᠠᠷ ᠪᠦᠬᠦ ᠵᠠᠩᠵᠤᠨ ᠳᠤ ᠲᠡᠢᠨ ᠬᠦ ᠵᠠᠬᠢᠭᠰᠠᠨ ᠢ ᠪᠦᠬᠦ ᠴᠡᠷᠢᠭ ᠰᠣᠨᠣᠰᠣᠭᠰᠠᠨ ᠪᠠᠢᠯ᠎ᠠ᠃
6 ᠢᠩᠭᠢᠭᠡᠳ ᠴᠡᠷᠢᠭ ᠨᠢ ᠢᠰᠷᠧᠯᠴᠦᠳ ᠲᠡᠢ ᠲᠤᠯᠤᠯᠳᠤᠬᠤ ᠪᠠᠷ ᠬᠡᠭᠡᠷ᠎ᠡ ᠲᠠᠯ᠎ᠠ ᠳᠤ ᠭᠠᠷᠪᠠ᠃ ᠲᠤᠯᠤᠯᠳᠤᠭᠠᠨ ᠡᠹᠷᠠᠢᠮ ᠤᠨ ᠣᠢ ᠳᠤ ᠪᠣᠯᠣᠭᠰᠠᠨ ᠪᠠᠢᠨ᠎ᠠ᠃ 7 ᠲᠡᠷᠡ ᠡᠳᠦᠷ ᠲᠡᠨᠳᠡ ᠢᠰᠷᠧᠯ ᠬᠥᠮᠦᠰ ᠳ᠋ᠠᠸᠢᠳ᠋ ᠤᠨ ᠵᠠᠷᠤᠴᠠ ᠨᠠᠷ ᠲᠤ ᠴᠣᠬᠢᠭᠳᠠᠨ ᠢᠯᠠᠭᠳᠠᠵᠤ᠂ ᠶᠡᠬᠡ ᠬᠣᠬᠢᠷᠠᠯ ᠠᠮᠰᠠᠭᠠᠳ ᠬᠣᠶᠠᠷ ᠲᠦᠮᠡᠨ ᠬᠥᠮᠦᠨ ᠡᠷᠡᠰᠳᠡᠪᠡ᠃ 8 ᠲᠡᠨᠳᠡ ᠡᠴᠡ ᠡᠬᠢᠯᠡᠨ ᠪᠦᠬᠦ ᠨᠤᠲᠤᠭ ᠲᠤ ᠲᠤᠯᠤᠯᠳᠤᠭᠠᠨ ᠪᠣᠯᠵᠤ᠂ ᠲᠡᠷᠡ ᠡᠳᠦᠷ ᠢᠯᠳᠦᠨ ᠳᠦ ᠡᠷᠡᠰᠳᠡᠭᠰᠡᠨ ᠬᠥᠮᠦᠨ ᠡᠴᠡ ᠢᠯᠡᠭᠦᠦ ᠣᠢ ᠳᠤ ᠡᠷᠡᠰᠳᠡᠭᠰᠡᠨ ᠬᠥᠮᠦᠨ ᠨᠢ ᠣᠯᠠᠨ ᠪᠠᠢᠪᠠ᠃
9 ᠠᠪᠰᠠᠯᠣᠮ ᠳ᠋ᠠᠸᠢᠳ᠋ ᠤᠨ ᠵᠠᠷᠤᠴᠠ ᠨᠠᠷ ᠲᠠᠢ ᠬᠠᠯᠵᠠ ᠲᠤᠯᠭᠠᠷᠠᠪᠠ᠃ ᠠᠪᠰᠠᠯᠣᠮ ᠯᠠᠭᠤᠰᠠ ᠤᠨᠤᠭᠰᠠᠨ ᠪᠠᠢᠯ᠎ᠠ᠃ ᠯᠠᠭᠤᠰᠠ ᠨᠢ ᠲᠣᠮᠣ ᠴᠠᠷᠠᠰᠤᠨ ᠮᠣᠳᠣᠨ ᠤ ᠰᠠᠭᠯᠠᠭᠠᠷ ᠮᠥᠴᠢᠷ ᠤᠨ ᠳᠣᠣᠭᠤᠷ ᠥᠩᠭᠡᠷᠡᠲᠡᠯ᠎ᠡ᠂ ᠠᠪᠰᠠᠯᠣᠮ ᠤᠨ ᠲᠣᠯᠣᠭᠠᠢ ᠴᠠᠷᠠᠰᠤᠨ ᠮᠣᠳᠣᠨ ᠳᠤ ᠲᠡᠭᠡᠭᠯᠡᠵᠡᠢ᠃ ᠲᠡᠷᠡ ᠬᠡᠢ ᠳᠡᠭᠡᠷ᠎ᠡ ᠳᠡᠭᠦᠵᠢᠯᠡᠭᠳᠡᠵᠦ᠂ ᠤᠨᠤᠭᠰᠠᠨ ᠯᠠᠭᠤᠰᠠ ᠨᠢ ᠴᠢᠭ ᠢᠶᠠᠷ ᠢᠶᠠᠨ ᠶᠠᠪᠤᠵᠤ ᠣᠳᠴᠠᠢ᠃ 10 ᠨᠢᠭᠡᠨ ᠬᠥᠮᠦᠨ ᠲᠡᠭᠦᠨ ᠢ ᠬᠠᠷᠠᠭᠠᠳ ᠶᠣᠶᠠᠪ ᠲᠤ᠄ 《ᠠᠪᠰᠠᠯᠣᠮ ᠤᠨ ᠴᠠᠷᠠᠰᠤᠨ ᠮᠣᠳᠣᠨ ᠳᠤ ᠡᠯᠭᠦᠭᠳᠡᠴᠢᠬᠡᠭᠰᠡᠨ ᠪᠠᠢᠬᠤ ᠶᠢ ᠪᠢ ᠬᠠᠷᠠᠯ᠎ᠠ》 ᠭᠡᠵᠦ ᠮᠡᠳᠡᠭᠦᠯᠪᠡ᠃ 11 ᠮᠡᠳᠡᠭᠦᠯᠦᠭᠰᠡᠨ ᠲᠡᠷᠡ ᠬᠥᠮᠦᠨ ᠳᠦ ᠶᠣᠶᠠᠪ᠄ 《ᠬᠥᠶᠶ᠂ ᠴᠢ ᠲᠡᠭᠦᠨ ᠢ ᠬᠠᠷᠠᠴᠢᠬᠠᠭᠠᠳ ᠶᠠᠭᠤᠨ ᠳᠤ ᠲᠡᠭᠦᠨ ᠢ ᠲᠡᠨᠳᠡ ᠨᠢ ᠴᠣᠬᠢᠵᠤ ᠠᠯᠠᠭᠰᠠᠨ ᠦᠭᠡᠢ ᠪᠤᠢ︖ ᠲᠡᠭᠡᠭᠰᠡᠨ ᠪᠣᠯ ᠪᠢ ᠴᠢᠮ᠎ᠠ ᠳᠤ ᠠᠷᠪᠠᠨ ᠮᠥᠩᠭᠥᠨ ᠵᠣᠭᠣᠰ ᠪᠣᠯᠣᠨ ᠪᠠᠭᠠᠲᠤᠷ ᠤᠨ ᠪᠦᠰᠡ ᠭᠠᠷᠳᠠᠭᠤᠯᠬᠤ ᠪᠠᠢᠭᠰᠠᠨ》 ᠭᠡᠬᠦ ᠳᠦ᠂ 12 ᠲᠡᠷᠡ ᠬᠥᠮᠦᠨ ᠶᠣᠶᠠᠪ ᠲᠤ᠄ 《ᠪᠢ ᠮᠢᠩ᠋ᠭᠠᠨ ᠮᠥᠩᠭᠥ ᠭᠠᠷᠳᠠᠨ ᠠᠪᠬᠤ ᠪᠠᠢᠭᠰᠠᠨ ᠴᠤ ᠬᠠᠭᠠᠨ ᠤ ᠬᠥᠪᠡᠭᠦᠨ ᠳᠦ ᠭᠠᠷ ᠬᠦᠷᠬᠦ ᠦᠭᠡᠢ᠃ ᠬᠠᠭᠠᠨ ᠪᠢᠳᠡᠨ ᠦ ᠴᠢᠬᠢᠨ ᠳᠡᠭᠡᠷ᠎ᠡ ᠲᠠᠨ ᠳᠤ ᠪᠣᠯᠣᠨ ᠠᠪᠢᠱᠠᠢ᠂ ᠢᠲ᠋ᠠᠢ ᠨᠠᠷ ᠲᠤ᠄ 〈ᠵᠠᠯᠠᠭᠤ ᠠᠪᠰᠠᠯᠣᠮ ᠢ ᠬᠠᠮᠠᠭᠠᠯᠠᠭᠠᠷᠠᠢ〉 ᠭᠡᠵᠦ ᠵᠠᠬᠢᠭᠰᠠᠨ ᠢ ᠪᠢᠳᠡ ᠰᠣᠨᠣᠰᠣᠭᠰᠠᠨ᠃ 13 ᠪᠢ ᠲᠡᠭᠦᠨ ᠦ ᠠᠮᠢ ᠶᠢ ᠠᠪᠴᠤ ᠭᠡᠮ ᠦᠭᠡᠢ ᠴᠢᠷᠠᠢᠯᠠᠭᠰᠠᠨ ᠴᠤ ᠬᠠᠭᠠᠨ ᠠᠴᠠ ᠶᠠᠭᠤ ᠴᠤ ᠨᠢᠭᠤᠵᠤ ᠴᠢᠳᠠᠬᠤ ᠦᠭᠡᠢ ᠪᠥᠭᠡᠳ ᠲᠠ ᠴᠤ ᠮᠢᠨᠦ ᠡᠰᠡᠷᠭᠦ ᠵᠣᠭᠰᠣᠬᠤ ᠪᠠᠢᠯᠭᠦᠢ》 ᠭᠡᠵᠦ ᠥᠭᠦᠯᠡᠪᠡ᠃ 14 ᠶᠣᠶᠠᠪ᠄ 《ᠪᠢ ᠴᠢᠮ᠎ᠠ ᠲᠠᠢ ᠢᠩᠭᠢᠵᠦ ᠴᠠᠭ ᠦᠷᠡᠬᠦ ᠦᠭᠡᠢ》 ᠭᠡᠳ ᠭᠠᠷ ᠲᠠᠭᠠᠨ ᠭᠤᠷᠪᠠᠨ ᠲᠠᠶᠠᠭ ᠠᠪᠤᠨ᠂ ᠴᠠᠷᠠᠰᠤᠨ ᠮᠣᠳᠣᠨ ᠤ ᠳᠤᠮᠳᠠ ᠠᠮᠢᠳᠤ ᠪᠠᠷ ᠢᠶᠠᠨ ᠡᠯᠭᠦᠭᠳᠡᠭᠡᠳ ᠪᠠᠢᠭ᠎ᠠ ᠠᠪᠰᠠᠯᠣᠮ ᠤᠨ ᠵᠢᠷᠦᠬᠡᠨ ᠳᠦ ᠰᠢᠭᠠᠪᠠ᠃ 15 ᠲᠡᠭᠡᠬᠦ ᠳᠦ ᠶᠣᠶᠠᠪ ᠤᠨ ᠵᠡᠪᠰᠡᠭ ᠢ ᠪᠠᠷᠢᠭᠴᠢ ᠠᠷᠪᠠᠨ ᠵᠠᠯᠠᠭᠤ ᠴᠤ ᠠᠪᠰᠠᠯᠣᠮ ᠢ ᠬᠦᠷᠢᠶᠡᠯᠡᠵᠦ ᠲᠡᠭᠦᠨ ᠢ ᠴᠣᠬᠢᠵᠤ ᠡᠴᠦᠰᠯᠡᠭᠦᠯᠪᠡ᠃
16 ᠶᠣᠶᠠᠪ ᠡᠪᠡᠷ ᠪᠦᠷᠢᠶ᠎ᠡ ᠦᠯᠢᠶᠡᠵᠦ ᠴᠡᠷᠢᠭ ᠢᠶᠠᠨ ᠲᠠᠲᠠᠭᠰᠠᠨ ᠳᠤ᠂ ᠲᠡᠳᠡ ᠢᠰᠷᠧᠯᠴᠦᠳ ᠢ ᠬᠥᠭᠡᠭᠡᠬᠦ ᠪᠡᠨ ᠪᠣᠯᠢᠵᠤ᠂ ᠪᠤᠴᠠᠵᠤ ᠢᠷᠡᠪᠡ᠃ 17 ᠲᠡᠳᠡ ᠠᠪᠰᠠᠯᠣᠮ ᠢ ᠠᠪᠴᠤ᠂ ᠣᠢ ᠶᠢᠨ ᠭᠦᠨ ᠨᠦᠬᠡᠨ ᠳᠦ ᠬᠠᠶᠠᠭᠠᠳ᠂ ᠳᠡᠭᠡᠷ᠎ᠡ ᠡᠴᠡ ᠨᠢ ᠴᠢᠯᠠᠭᠤ ᠣᠪᠣᠭᠠᠯᠠᠨ ᠮᠠᠰᠢ ᠲᠣᠮᠣ ᠣᠪᠣᠭ᠎ᠠ ᠪᠣᠰᠬᠠᠪᠠ᠃ ᠬᠠᠷᠢᠨ ᠢᠰᠷᠧᠯᠴᠦᠳ ᠪᠦᠭᠦᠳᠡᠭᠡᠷ ᠢᠶᠡᠨ ᠭᠡᠷ ᠭᠡᠷ ᠤᠷᠤᠭᠤ ᠪᠠᠨ ᠵᠢᠭᠤᠲᠠᠵᠠᠭᠠᠪᠠ᠃ 18 ᠠᠪᠰᠠᠯᠣᠮ ᠠᠮᠢᠳᠤ ᠪᠠᠢᠬᠤ ᠳᠠᠭᠠᠨ ᠬᠠᠭᠠᠨ ᠤ ᠬᠥᠨᠳᠡᠢ ᠳᠦ ᠥᠪᠡᠷ ᠲᠡᠭᠡᠨ ᠵᠣᠷᠢᠭᠤᠯᠤᠨ ᠨᠢᠭᠡᠨ ᠪᠠᠭᠠᠨ᠎ᠠ ᠪᠣᠰᠬᠠᠭᠰᠠᠨ ᠪᠠᠢᠪᠠ᠃ ᠲᠡᠷᠡ᠄ 《ᠮᠢᠨᠦ ᠨᠡᠷ᠎ᠡ ᠶᠢ ᠵᠠᠯᠭᠠᠮᠵᠢᠯᠠᠬᠤ ᠬᠦᠦ ᠨᠠᠳᠠ ᠳᠤ ᠪᠠᠢᠬᠤ ᠦᠭᠡᠢ》 ᠭᠡᠳ ᠲᠡᠷᠡ ᠪᠠᠭᠠᠨ᠎ᠠ ᠶᠢ ᠥᠪᠡᠷ ᠦᠨ ᠢᠶᠠᠨ ᠨᠡᠷ᠎ᠡ ᠪᠡᠷ ᠨᠡᠷᠡᠯᠡᠭᠰᠡᠨ ᠲᠤᠯᠠ ᠲᠡᠷᠡ ᠨᠢ ᠥᠨᠥᠳᠥᠷ ᠬᠦᠷᠲᠡᠯ᠎ᠡ ᠠᠪᠰᠠᠯᠣᠮ ᠤᠨ ᠬᠥᠰᠢᠶ᠎ᠡ ᠭᠡᠭᠳᠡᠳᠡᠭ ᠪᠠᠢᠨ᠎ᠠ᠃
ᠳ᠋ᠠᠸᠢᠳ᠋ ᠤᠨ ᠭᠠᠰᠢᠭᠤᠳᠠᠯ
19 ᠽᠠᠳᠣᠺ ᠤᠨ ᠬᠥᠪᠡᠭᠦᠨ ᠠᠾᠢᠮᠠᠽ᠄ 《ᠬᠠᠭᠠᠨ ᠳᠡᠭᠡᠷ᠎ᠡ ᠭᠦᠶᠦᠵᠦ ᠣᠴᠢᠭᠠᠳ 〈ᠶᠣᠬᠣᠸᠠ ᠳᠠᠢᠰᠤᠨ ᠨᠤᠭᠤᠳ ᠢ ᠲᠠᠨᠢ ᠰᠢᠳᠬᠡᠵᠦ ᠲᠠᠨ ᠢ ᠲᠡᠳᠡᠨ ᠦ ᠭᠠᠷ ᠠᠴᠠ ᠴᠢᠯᠥᠭᠡᠯᠡᠯᠡ〉 ᠬᠡᠮᠡᠨ ᠪᠠᠶᠠᠷ ᠤᠨ ᠴᠢᠮᠡᠭᠡ ᠬᠦᠷᠭᠡᠬᠦ ᠶᠢ ᠮᠢᠨᠢ ᠵᠥᠪᠰᠢᠶᠡᠷᠡᠭᠡᠴᠢ》 ᠭᠡᠬᠦ ᠳᠦ᠂ 20 ᠶᠣᠶᠠᠪ ᠲᠡᠭᠦᠨ ᠳᠦ᠄ 《ᠥᠨᠥᠳᠥᠷ ᠪᠢ ᠴᠢᠮ᠎ᠠ ᠪᠠᠷ ᠴᠢᠮᠡᠭᠡ ᠬᠦᠷᠭᠡᠭᠦᠯᠬᠦ ᠦᠭᠡᠢ᠂ ᠬᠠᠷᠢᠨ ᠥᠭᠡᠷ᠎ᠡ ᠡᠳᠦᠷ ᠬᠦᠷᠭᠡᠭᠦᠯᠦᠶᠡ᠃ ᠬᠠᠭᠠᠨ ᠤ ᠬᠥᠪᠡᠭᠦᠨ ᠨᠠᠰᠤ ᠪᠠᠷᠠᠭᠰᠠᠨ ᠤᠴᠢᠷ ᠠᠴᠠ ᠥᠨᠥᠳᠥᠷ ᠪᠢ ᠴᠢᠮ᠎ᠠ ᠪᠠᠷ ᠴᠢᠮᠡᠭᠡ ᠬᠦᠷᠭᠡᠭᠦᠯᠬᠦ ᠦᠭᠡᠢ》 ᠭᠡᠪᠡ᠃ 21 ᠬᠠᠷᠢᠨ ᠶᠣᠶᠠᠪ ᠨᠢᠭᠡᠨ ᠺᠦᠱ ᠬᠥᠮᠦᠨ ᠳᠦ᠄ 《ᠴᠢ ᠬᠠᠭᠠᠨ ᠳᠤ ᠣᠴᠢᠵᠤ᠂ ᠶᠠᠭᠤ ᠬᠠᠷᠠᠭᠰᠠᠨ ᠢᠶᠠᠨ ᠲᠤᠭᠤᠯᠭ᠎ᠠ》 ᠭᠡᠰᠡᠨ ᠳᠦ᠂ ᠺᠦᠱ ᠬᠥᠮᠦᠨ ᠶᠣᠶᠠᠪ ᠲᠤ ᠮᠡᠬᠦᠢᠭᠰᠡᠨ ᠦ ᠳᠠᠷᠠᠭ᠎ᠠ ᠭᠦᠶᠦᠵᠦ ᠣᠳᠪᠠ᠃ 22 ᠽᠠᠳᠣᠺ ᠤᠨ ᠬᠥᠪᠡᠭᠦᠨ ᠠᠾᠢᠮᠠᠽ ᠳᠠᠬᠢᠨ ᠶᠣᠶᠠᠪ ᠲᠤ᠄ 《ᠶᠠᠭᠤ ᠪᠣᠯᠣᠭᠰᠠᠨ ᠴᠤ ᠺᠦᠱ ᠬᠥᠮᠦᠨ ᠦ ᠠᠷᠤ ᠠᠴᠠ ᠪᠢ ᠪᠠᠰᠠ ᠭᠦᠶᠦᠶ᠎ᠡ ᠯᠠ ᠳᠠ》 ᠭᠡᠯᠡ᠃ ᠶᠣᠶᠠᠪ᠄ 《ᠬᠦᠦ ᠮᠢᠨᠢ᠂ ᠱᠠᠩᠨᠠᠯ ᠬᠦᠷᠲᠡᠬᠦ ᠦᠭᠡᠢ ᠡᠴᠡ ᠬᠣᠢᠰᠢ ᠶᠠᠭᠤᠨ ᠳᠤ ᠴᠢ ᠭᠦᠶᠦᠬᠦ ᠭᠡᠳ ᠪᠠᠢᠨ᠎ᠠ ᠪᠤᠢ︖》 ᠭᠡᠰᠡᠨ ᠴᠤ᠂ 23 《ᠶᠠᠭᠤ ᠪᠣᠯᠣᠭᠰᠠᠨ ᠴᠤ ᠪᠢ ᠭᠦᠶᠦᠶ᠎ᠡ》 ᠭᠡᠯᠡ᠃ ᠶᠣᠶᠠᠪ᠄ 《ᠲᠡᠭᠡᠪᠡᠯ ᠭᠦᠶᠦ》 ᠭᠡᠰᠡᠨ ᠳᠦ᠂ ᠠᠾᠢᠮᠠᠽ ᠬᠥᠨᠳᠡᠢ ᠶᠢᠨ ᠵᠠᠮ ᠢᠶᠠᠷ ᠭᠦᠶᠦᠵᠦ᠂ ᠺᠦᠱ ᠬᠥᠮᠦᠨ ᠢ ᠭᠦᠢᠴᠡᠵᠦ ᠲᠦᠷᠦᠭᠦᠯᠡᠪᠡ᠃
24 ᠲᠡᠷᠡ ᠦᠶ᠎ᠡ ᠳᠦ ᠳ᠋ᠠᠸᠢᠳ᠋ ᠳᠣᠲᠣᠷ᠎ᠠ ᠭᠠᠳᠠᠨ᠎ᠠ ᠬᠠᠭᠠᠯᠭᠠᠨ ᠤ ᠬᠣᠭᠣᠷᠣᠨᠳᠣ ᠰᠠᠭᠤᠵᠤ ᠪᠠᠢᠪᠠ᠃ ᠬᠠᠷᠠᠭᠤᠯ ᠴᠠᠢᠵᠠᠨ ᠤ ᠬᠠᠭᠠᠯᠭᠠᠨ ᠤ ᠳᠡᠭᠡᠪᠦᠷ ᠳᠡᠭᠡᠷ᠎ᠡ ᠭᠠᠷᠤᠭᠠᠳ ᠨᠢᠳᠦ ᠡᠷᠭᠦᠨ ᠬᠠᠷᠠᠬᠤ ᠳᠤ᠂ ᠨᠢᠭᠡᠨ ᠡᠷ᠎ᠡ ᠭᠠᠭᠴᠠᠭᠠᠷ ᠭᠦᠶᠦᠨ ᠢᠷᠡᠵᠦ ᠪᠠᠢᠪᠠ︕ 25 ᠬᠠᠷᠠᠭᠤᠯ ᠬᠠᠭᠠᠨ ᠤᠷᠤᠭᠤ ᠬᠠᠰᠬᠢᠷᠤᠨ ᠶᠠᠷᠢᠭᠰᠠᠨ ᠳᠤ᠂ ᠬᠠᠭᠠᠨ᠄ 《ᠭᠠᠭᠴᠠᠬᠠᠨ ᠬᠥᠮᠦᠨ ᠪᠣᠯ᠂ ᠪᠠᠶᠠᠷ ᠤᠨ ᠴᠢᠮᠡᠭᠡ ᠪᠠᠢᠬ᠎ᠠ》 ᠭᠡᠪᠡ᠃ ᠥᠨᠥᠬᠢ ᠬᠥᠮᠦᠨ ᠤᠯᠠᠮ ᠤᠯᠠᠮ ᠣᠢᠷᠠᠲᠤᠪᠠ᠃ 26 ᠲᠡᠭᠡᠲᠡᠯ᠎ᠡ ᠬᠠᠷᠠᠭᠤᠯ ᠪᠠᠰᠠ ᠨᠢᠭᠡᠨ ᠬᠥᠮᠦᠨ ᠦ ᠭᠦᠶᠦᠨ ᠢᠷᠡᠵᠦ ᠪᠠᠢᠬᠤ ᠶᠢ ᠬᠠᠷᠠᠪᠠ᠃ ᠬᠠᠷᠠᠭᠤᠯ ᠬᠠᠭᠠᠯᠭᠠᠴᠢᠳ ᠲᠤ᠄ 《ᠬᠥᠶ᠋ᠢ᠂ ᠪᠠᠰᠠ ᠨᠢᠭᠡ ᠬᠥᠮᠦᠨ ᠭᠠᠭᠴᠠᠭᠠᠷ ᠭᠦᠶᠦᠨ ᠢᠷᠡᠵᠦ ᠪᠠᠢᠨ᠎ᠠ》 ᠭᠡᠬᠦ ᠳᠦ᠂ ᠬᠠᠭᠠᠨ᠄ 《ᠲᠡᠷᠡ ᠴᠤ ᠪᠠᠶᠠᠷ ᠤᠨ ᠴᠢᠮᠡᠭᠡ ᠠᠪᠴᠢᠷᠠᠭᠰᠠᠨ ᠪᠠᠢᠬ᠎ᠠ》 ᠭᠡᠪᠡ᠃ 27 ᠬᠠᠷᠠᠭᠤᠯ ᠥᠭᠦᠯᠡᠨ᠄ 《ᠲᠦᠷᠦᠭᠦᠴᠢ ᠶᠢᠨ ᠬᠢᠨᠢ ᠭᠦᠶᠦᠵᠦ ᠪᠠᠢᠭ᠎ᠠ ᠨᠢ ᠽᠠᠳᠣᠺ ᠤᠨ ᠬᠥᠪᠡᠭᠦᠨ ᠠᠾᠢᠮᠠᠽ ᠤᠨ ᠭᠦᠶᠦᠬᠦ ᠲᠠᠢ ᠠᠳᠠᠯᠢ ᠬᠠᠷᠠᠭᠳᠠᠵᠤ ᠪᠠᠢᠨ᠎ᠠ》 ᠭᠡᠬᠦ ᠳᠦ᠂ ᠬᠠᠭᠠᠨ᠄ 《ᠲᠡᠷᠡ ᠪᠣᠯ ᠰᠠᠢᠨ ᠬᠥᠮᠦᠨ᠂ ᠰᠠᠢᠨ ᠮᠡᠳᠡᠭᠡ ᠠᠪᠴᠢᠷᠠᠨ᠎ᠠ》 ᠭᠡᠪᠡ᠃
28 ᠠᠾᠢᠮᠠᠽ ᠴᠢᠩᠭ᠍᠎ᠠ ᠳᠠᠭᠤ ᠪᠠᠷ ᠬᠠᠭᠠᠨ ᠳᠤ᠄ 《ᠠᠮᠤᠷ ᠪᠠᠢᠨ᠎ᠠ ᠤᠤ︖》 ᠭᠡᠵᠦ ᠬᠡᠯᠡᠭᠡᠳ ᠨᠢᠭᠤᠷ ᠢᠶᠠᠨ ᠭᠠᠵᠠᠷ ᠲᠤ ᠬᠦᠷᠭᠡᠨ ᠮᠥᠷᠭᠥᠵᠦ᠄ 《ᠲᠠᠨ ᠤ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠮᠢᠨᠦ ᠡᠵᠡᠨ ᠬᠠᠭᠠᠨ ᠤ ᠡᠰᠡᠷᠭᠦ ᠪᠣᠰᠣᠭᠰᠠᠨ ᠬᠥᠮᠦᠰ ᠢ ᠲᠡᠷᠡ ᠲᠤᠰᠢᠶᠠᠵᠤ ᠥᠭᠭᠥᠭᠰᠡᠨ》 ᠭᠡᠪᠡ᠃ 29 ᠬᠠᠭᠠᠨ᠄ 《ᠵᠠᠯᠠᠭᠤ ᠠᠪᠰᠠᠯᠣᠮ ᠮᠡᠨᠳᠦ ᠤᠤ︖》 ᠬᠡᠮᠡᠨ ᠠᠰᠠᠭᠤᠬᠤ ᠳᠤ᠂ ᠠᠾᠢᠮᠠᠽ᠄ 《ᠶᠣᠶᠠᠪ ᠬᠠᠭᠠᠨ ᠤ ᠵᠠᠷᠤᠴᠠ ᠨᠠᠮᠠᠶᠢ ᠢᠯᠡᠭᠡᠬᠦ ᠦᠶ᠎ᠡ ᠳᠦ᠂ ᠪᠢ ᠶᠡᠬᠡ ᠱᠤᠤᠭᠢᠶᠠᠨ ᠳᠡᠭᠳᠡᠬᠦ ᠶᠢ ᠬᠠᠷᠠᠭᠰᠠᠨ ᠪᠣᠯᠪᠠᠴᠤ ᠶᠠᠭᠤ ᠪᠣᠯᠣᠭᠰᠠᠨ ᠢ ᠮᠡᠳᠡᠭᠰᠡᠨ ᠦᠭᠡᠢ》 ᠭᠡᠪᠡ᠃ 30 ᠬᠠᠭᠠᠨ᠄ 《ᠴᠢ ᠬᠠᠵᠠᠭᠤ ᠲᠡᠰᠢ ᠪᠣᠯᠵᠤ᠂ ᠡ᠊ᠨᠳᠡ ᠵᠣᠭᠰᠣ》 ᠭᠡᠰᠡᠨ ᠳᠦ᠂ ᠲᠡᠷᠡ ᠪᠡᠷ ᠬᠠᠵᠠᠭᠤ ᠲᠡᠰᠢ ᠪᠣᠯᠵᠤ᠂ ᠲᠡᠨᠳᠡ ᠵᠣᠭᠰᠣᠪᠠ᠃
31 ᠲᠡᠭᠡᠲᠡᠯ᠎ᠡ ᠺᠦᠱ ᠬᠥᠮᠦᠨ ᠬᠦᠷᠴᠦ ᠢᠷᠡᠨ᠄ 《ᠬᠠᠭᠠᠨ ᠡᠵᠡᠨ ᠳᠦ ᠪᠠᠶᠠᠷ ᠤᠨ ᠴᠢᠮᠡᠭᠡ ᠳᠤᠭᠤᠯᠭᠠᠶ᠎ᠠ᠃ ᠶᠣᠬᠣᠸᠠ ᠥᠨᠥᠳᠥᠷ ᠲᠠᠨ ᠢ ᠡᠰᠡᠷᠭᠦᠴᠡᠭᠴᠢ ᠬᠠᠮᠤᠭ ᠬᠥᠮᠦᠰ ᠢ ᠰᠢᠳᠬᠡᠵᠦ ᠲᠠᠨ ᠢ ᠲᠡᠳᠡᠨ ᠦ ᠭᠠᠷ ᠠᠴᠠ ᠴᠢᠯᠥᠭᠡᠯᠡᠯᠡ》 ᠭᠡᠬᠦ ᠳᠦ᠂ 32 ᠬᠠᠭᠠᠨ ᠺᠦᠱ ᠬᠥᠮᠦᠨ ᠡᠴᠡ᠄ 《ᠵᠠᠯᠠᠭᠤ ᠠᠪᠰᠠᠯᠣᠮ ᠮᠡᠨᠳᠦ ᠤᠤ︖》 ᠭᠡᠵᠦ ᠠᠰᠠᠭᠤᠪᠠ᠃ ᠺᠦᠱ ᠬᠥᠮᠦᠨ᠄ 《ᠬᠠᠭᠠᠨᠲᠠᠨ ᠤ ᠳᠠᠢᠰᠤᠨ ᠨᠤᠭᠤᠳ ᠪᠣᠯᠣᠨ ᠲᠠᠨ ᠢ ᠬᠣᠣᠷᠯᠠᠬᠤ ᠭᠡᠵᠦ ᠪᠣᠰᠣᠭᠴᠢᠳ ᠪᠦᠭᠦᠳᠡᠭᠡᠷ ᠲᠡᠷᠡ ᠵᠠᠯᠠᠭᠤ ᠲᠠᠢ ᠠᠳᠠᠯᠢ ᠪᠣᠯᠬᠤ ᠪᠣᠯᠲᠤᠭᠠᠢ》 ᠭᠡᠰᠡᠨ ᠳᠦ᠂ 33 ᠬᠠᠭᠠᠨ ᠤ ᠵᠢᠷᠦᠬᠡ ᠰᠢᠮᠰᠢᠷᠡᠵᠦ᠂ ᠬᠠᠭᠠᠯᠭᠠᠨ ᠤ ᠳᠡᠭᠡᠷᠡᠬᠢ ᠥᠷᠥᠭᠡᠨ ᠳᠦ ᠣᠴᠢᠭᠠᠳ ᠤᠬᠢᠯᠠᠪᠠ᠃ ᠲᠡᠷᠡ ᠪᠡᠷ ᠨᠠᠰᠢ ᠴᠠᠰᠢ ᠬᠤᠯᠬᠢᠵᠤ᠄ 《ᠮᠢᠨᠦ ᠬᠦᠦ ᠠᠪᠰᠠᠯᠣᠮ᠂ ᠮᠢᠨᠦ ᠬᠦᠦ᠂ ᠮᠢᠨᠦ ᠬᠦᠦ ᠠᠪᠰᠠᠯᠣᠮ᠂ ᠪᠢ ᠴᠢᠨᠦ ᠣᠷᠣᠨ ᠳᠤ ᠦᠬᠦᠭᠰᠡᠨ ᠴᠤ ᠪᠣᠯᠣᠭᠠᠰᠠᠢ᠃ ᠠᠪᠰᠠᠯᠣᠮ᠂ ᠬᠦᠦ ᠮᠢᠨᠢ᠂ ᠬᠦᠦ ᠮᠢᠨᠢ》 ᠭᠡᠭᠰᠡᠭᠡᠷ ᠪᠠᠢᠯ᠎ᠠ᠃