1 2 3 4 5


ᠶᠠᠺᠣᠪ ᠬᠣᠶᠠᠷ
 ᠬᠥᠮᠦᠨ ᠢ ᠪᠦᠦ ᠠᠯᠠᠭᠴᠢᠯᠠ

1 ᠠᠬ᠎ᠠ ᠳᠡᠭᠦᠦ ᠨᠠᠷ ᠮᠢᠨᠢ ᠡ᠂ ᠲᠠ ᠨᠠᠷ ᠪᠢᠳᠡᠨ ᠦ ᠠᠯᠳᠠᠷ ᠰᠤᠤᠲᠤ ᠡᠵᠡᠨ ᠢᠰᠦ᠋ᠰ ᠾᠷᠢᠰᠲ᠋ᠣᠰ ᠲᠤ ᠢᠲᠡᠭᠡᠳᠡᠭ ᠲᠤᠯᠠ ᠬᠥᠮᠦᠨ ᠢ ᠪᠦᠦ ᠠᠯᠠᠭᠴᠢᠯᠠ᠃ 2 ᠠᠯᠲᠠᠨ ᠪᠥᠭᠡᠵᠢ ᠲᠠᠢ᠂ ᠬᠡᠭᠡᠨᠴᠢᠷ ᠬᠤᠪᠴᠠᠰᠤ ᠲᠠᠢ ᠨᠢᠭᠡᠨ ᠬᠥᠮᠦᠨ ᠬᠤᠷᠠᠯ ᠤᠨ ᠲᠠᠩᠬᠢᠮ ᠳᠤ ᠣᠷᠣᠵᠠᠢ᠂ ᠪᠠᠰᠠ ᠪᠣᠬᠢᠷ ᠬᠤᠪᠴᠠᠰᠤ ᠲᠠᠢ ᠶᠠᠳᠠᠭᠤ ᠬᠥᠮᠦᠨ ᠣᠷᠣᠭᠰᠠᠨ ᠭᠡᠵᠦ ᠪᠣᠳᠣᠶ᠎ᠠ᠃ 3 ᠬᠡᠷᠪᠡ ᠲᠠ ᠨᠠᠷ ᠬᠡᠭᠡᠨᠴᠢᠷ ᠬᠤᠪᠴᠠᠰᠤᠯᠠᠭᠰᠠᠨ ᠢ ᠨᠢ ᠳᠡᠭᠡᠳᠦᠯᠡᠨ᠄ 《ᠲᠠ ᠡᠨᠡ ᠬᠣᠢᠮᠣᠷ ᠲᠤ ᠰᠠᠭᠠᠲᠠᠭᠠᠷᠠᠢ》 ᠭᠡᠳ᠂ ᠨᠥᠭᠥᠭᠡ ᠶᠠᠳᠠᠭᠤ ᠬᠥᠮᠦᠨ ᠳᠦ᠄ 《ᠲᠡᠨᠳᠡ ᠵᠣᠭᠰᠣ》 ᠭᠡᠬᠦ ᠪᠤᠶᠤ 《ᠮᠢᠨᠦ ᠬᠥᠯ ᠦᠨ ᠭᠢᠰᠬᠢᠭᠦᠷ ᠲᠦ ᠰᠠᠭᠤ》 ᠭᠡᠵᠦ ᠬᠡᠯᠡᠪᠡᠯ᠂ 4 ᠲᠠ ᠨᠠᠷ ᠥᠪᠡᠷᠰᠡᠳ ᠦᠨ ᠢᠶᠠᠨ ᠳᠤᠮᠳᠠ ᠢᠯᠭᠠᠪᠤᠷᠢᠯᠠᠯ ᠢ ᠪᠤᠢ ᠪᠣᠯᠭᠠᠳᠠᠭ ᠬᠣᠷᠣᠨ ᠰᠠᠨᠠᠭ᠎ᠠ ᠲᠠᠢ ᠰᠢᠭᠦᠭᠴᠢᠳ ᠪᠣᠯᠴᠢᠬᠠᠬᠤ ᠪᠢᠰᠢ ᠤᠤ︖ 5 ᠰᠣᠨᠣᠰᠣᠭᠲᠤᠨ᠂ ᠬᠠᠢᠷᠠᠲᠤ ᠠᠬ᠎ᠠ ᠳᠡᠭᠦᠦ ᠨᠠᠷ ᠮᠢᠨᠢ ᠡ᠂ ᠪᠤᠷᠬᠠᠨ ᠶᠢᠷᠲᠢᠨᠴᠦ ᠶᠢᠨ ᠶᠠᠳᠠᠭᠤᠴᠤᠳ ᠢ ᠢᠲᠡᠭᠡᠯ ᠢᠶᠡᠷ ᠪᠠᠶᠠᠨ ᠪᠣᠯᠭᠠᠵᠤ᠂ ᠥᠪᠡᠷ ᠲᠤᠨᠢ ᠬᠠᠢᠷᠠᠲᠠᠢ ᠬᠥᠮᠦᠰ ᠲᠦ ᠠᠮᠠᠯᠠᠭᠰᠠᠨ ᠬᠠᠭᠠᠨᠴᠢᠯᠠᠯ ᠤᠨ ᠢᠶᠠᠨ ᠥᠪᠯᠡᠭᠴᠢ ᠪᠣᠯᠭᠠᠬᠤ ᠪᠠᠷ ᠰᠣᠩ᠋ᠭᠣᠭᠰᠠᠨ ᠪᠢᠰᠢ ᠤᠤ︖ 6 ᠬᠠᠷᠢᠨ ᠲᠠ ᠨᠠᠷ ᠶᠠᠳᠠᠭᠤ ᠬᠥᠮᠦᠨ ᠢ ᠬᠥᠩᠭᠡᠪᠴᠢᠯᠡᠵᠡᠢ᠃ ᠲᠠ ᠨᠠᠷ ᠢ ᠳᠠᠷᠤᠯᠠᠭᠴᠢ ᠨᠢ ᠪᠠᠶᠠᠴᠤᠳ ᠪᠢᠰᠢ ᠤᠤ︖ ᠲᠠ ᠨᠠᠷ ᠢ ᠰᠢᠭᠦᠬᠦ ᠳᠦ ᠴᠢᠷᠴᠦ ᠠᠪᠠᠴᠢᠭᠴᠢ ᠨᠢ ᠲᠡᠳᠡ ᠪᠢᠰᠢ ᠭᠡᠵᠢ ᠤᠤ︖ 7 ᠲᠠ ᠨᠠᠷ ᠲᠤ ᠰᠣᠶᠣᠷᠬᠠᠭᠳᠠᠭᠰᠠᠨ ᠡᠷᠬᠢᠮ ᠨᠡᠷ᠎ᠡ ᠶᠢ ᠳᠣᠷᠣᠮᠵᠢᠯᠠᠭᠴᠢ ᠨᠢ ᠴᠤ ᠲᠡᠳᠡ ᠪᠢᠰᠢ ᠭᠡᠵᠢ ᠤᠤ︖

8 ᠬᠠᠷᠢᠨ ᠲᠠ ᠨᠠᠷ ᠠᠷᠢᠭᠤᠨ ᠨᠣᠮ ᠤᠨ ᠶᠣᠰᠣᠭᠠᠷ 《ᠬᠥᠷᠰᠢ ᠪᠠᠨ ᠥᠪᠡᠷ ᠦᠨ ᠢᠶᠠᠨ ᠪᠡᠶ᠎ᠡ ᠮᠡᠲᠦ ᠬᠠᠢᠷᠠᠯᠠ》 ᠭᠡᠰᠡᠨ ᠲᠡᠷᠢᠭᠦᠨ ᠬᠠᠤᠯᠢ 1  ᠶᠢ ᠪᠡᠶᠡᠯᠡᠭᠦᠯᠪᠡᠯ ᠰᠠᠢᠨ ᠰᠢᠦ᠃ 9 ᠬᠡᠷᠪᠡ ᠬᠥᠮᠦᠨ ᠢ ᠠᠯᠠᠭᠴᠢᠯᠠᠪᠠᠯ ᠨᠢᠭᠦᠯ ᠦᠢᠯᠡᠳᠦᠭᠰᠡᠨ ᠬᠡᠷᠡᠭ᠂ ᠬᠠᠤᠯᠢ ᠲᠠ ᠨᠠᠷ ᠢ ᠬᠠᠤᠯᠢ ᠵᠥᠷᠢᠴᠡᠭᠴᠢ ᠭᠡᠵᠦ ᠲᠣᠭᠲᠠᠭᠠᠨ᠎ᠠ᠃ 10 ᠤᠴᠢᠷ ᠨᠢ᠂ ᠪᠦᠬᠦ ᠬᠠᠤᠯᠢ ᠶᠢ ᠰᠠᠬᠢᠭᠴᠢ ᠪᠣᠯᠭᠠᠨ ᠨᠢᠭᠡ ᠵᠦᠢᠯ ᠳᠡᠭᠡᠷ᠎ᠡ ᠪᠦᠳᠦᠷᠢᠪᠡᠯ ᠪᠦᠬᠦᠨ ᠢ ᠵᠥᠷᠢᠴᠡᠭᠰᠡᠨ ᠶᠠᠪᠤᠳᠠᠯ ᠪᠣᠯᠣᠨ᠎ᠠ᠃ 11 《ᠪᠦᠦ ᠵᠠᠪᠬᠠᠢᠷᠠ》 ᠭᠡᠵᠦ ᠠᠢᠯᠠᠳᠤᠭᠰᠠᠨ ᠨᠢᠭᠡᠨ ᠨᠢ ᠪᠠᠰᠠ 《ᠬᠥᠮᠦᠨ ᠪᠦᠦ ᠠᠯᠠ》 ᠭᠡᠰᠡᠨ ᠶᠤᠮ᠃ ᠬᠡᠷᠪᠡ ᠴᠢ ᠵᠠᠪᠬᠠᠢᠷᠠᠭ᠎ᠠ ᠦᠭᠡᠢ ᠴᠤ ᠬᠥᠮᠦᠨ ᠠᠯᠠᠭᠰᠠᠨ ᠪᠣᠯ ᠬᠠᠤᠯᠢ ᠵᠥᠷᠢᠴᠡᠭᠴᠢ ᠪᠣᠯᠣᠭᠰᠠᠨ ᠬᠡᠷᠡᠭ᠃ 12 ᠲᠠ ᠨᠠᠷ ᠡᠷᠬᠡ ᠴᠢᠯᠥᠭᠡ ᠥᠭᠳᠡᠭ ᠬᠠᠤᠯᠢ ᠪᠠᠷ ᠰᠢᠭᠦᠭᠳᠡᠬᠦ ᠭᠡᠵᠦ ᠪᠠᠢᠭ᠎ᠠ ᠬᠥᠮᠦᠨ ᠰᠢᠭ ᠦᠭᠡ ᠶᠠᠷᠢᠵᠤ᠂ ᠲᠡᠢᠨ ᠬᠦ ᠦᠢᠯᠡᠳᠦᠭᠲᠦᠨ᠃ 13 ᠡᠨᠡᠷᠢᠯ ᠦᠭᠡᠢ ᠦᠢᠯᠡᠳᠦᠭᠴᠢ ᠳᠤ ᠡᠨᠡᠷᠢᠯ ᠦᠭᠡᠢ ᠰᠢᠳᠬᠡᠯ ᠪᠤᠢ᠃ ᠬᠠᠷᠢᠨ ᠡᠨᠡᠷᠢᠯ ᠪᠣᠯ ᠰᠢᠳᠬᠡᠯ ᠢ ᠳᠡᠢᠯᠳᠡᠭ᠃
 ᠦᠬᠦᠮᠡᠯ ᠢᠲᠡᠭᠡᠯ

14 ᠠᠬ᠎ᠠ ᠳᠡᠭᠦᠦ ᠨᠠᠷ ᠮᠢᠨᠢ ᠡ᠂ ᠬᠥᠮᠦᠨ ᠥᠪᠡᠷ ᠢ ᠪᠠᠨ ᠢᠲᠡᠭᠡᠯ ᠲᠡᠢ ᠭᠡᠵᠦ ᠬᠡᠯᠡᠪᠡᠴᠦ ᠦᠢᠯᠡᠰ ᠦᠭᠡᠢ ᠪᠣᠯ ᠶᠠᠮᠠᠷ ᠬᠡᠷᠡᠭ ᠲᠡᠢ ᠶᠤᠮ ᠪᠤᠢ︖ ᠲᠡᠢᠮᠦᠷᠬᠦ ᠢᠲᠡᠭᠡᠯ ᠲᠡᠭᠦᠨ ᠢ ᠠᠪᠤᠷᠠᠵᠤ ᠴᠢᠳᠠᠬᠤ ᠤᠤ︖ 15 ᠬᠡᠷᠪᠡ ᠠᠬ᠎ᠠ ᠡᠭᠡᠴᠢ ᠳᠡᠭᠦᠦ ᠨᠠᠷ ᠤᠨ ᠴᠢᠨᠢ ᠳᠤᠮᠳᠠ ᠠᠴᠠ ᠨᠢᠭᠡ ᠨᠢ ᠬᠤᠪᠴᠠᠰᠤ ᠬᠤᠨᠠᠷ ᠦᠭᠡᠢ᠂ ᠡᠳᠦᠷ ᠲᠤᠲᠤᠮ ᠤᠨ ᠬᠣᠭᠣᠯᠠ ᠬᠦᠨᠡᠰᠦ ᠦᠭᠡᠢ ᠪᠠᠢᠬᠤ ᠳᠤ᠂ 16 ᠲᠠ ᠨᠠᠷ ᠤᠨ ᠨᠢᠭᠡ ᠨᠢ ᠲᠡᠭᠦᠨ ᠳᠦ᠄ 《ᠠᠮᠤᠷ ᠲᠠᠢᠪᠤᠩ ᠶᠠᠪᠤᠭᠠᠷᠠᠢ᠂ ᠳᠤᠯᠠᠭᠠᠴᠠᠲᠤᠭᠠᠢ᠂ ᠴᠠᠳᠲᠤᠭᠠᠢ》 ᠭᠡᠳ ᠪᠡᠶ᠎ᠡ ᠳᠦᠨᠢ ᠬᠡᠷᠡᠭᠴᠡᠭᠡ ᠲᠠᠢ ᠶᠠᠭᠤᠮᠠᠰ ᠢ ᠥᠭᠬᠦ ᠦᠭᠡᠢ ᠪᠣᠯ ᠶᠠᠮᠠᠷ ᠬᠡᠷᠡᠭ ᠲᠡᠢ ᠶᠤᠮ ᠪᠤᠢ︖ 17 ᠡᠭᠦᠨ ᠲᠡᠢ ᠠᠳᠠᠯᠢ ᠪᠠᠷ ᠦᠢᠯᠡᠰ ᠦᠭᠡᠢ᠂ ᠵᠥᠪᠬᠡᠨ ᠢᠲᠡᠭᠡᠯ ᠲᠡᠳᠦᠢ ᠪᠣᠯ ᠦᠬᠦᠮᠡᠯ ᠶᠤᠮ᠃

18 ᠬᠠᠷᠢᠨ ᠵᠠᠷᠢᠮ ᠨᠢ᠄ 《ᠴᠢᠮ᠎ᠠ ᠳᠤ ᠢᠲᠡᠭᠡᠯ ᠪᠠᠢᠨ᠎ᠠ᠂ ᠬᠠᠷᠢᠨ ᠨᠠᠳᠠ ᠳᠤ ᠦᠢᠯᠡᠰ ᠪᠤᠢ》 ᠭᠡᠵᠦ ᠬᠡᠯᠡᠨ᠎ᠡ᠃ ᠲᠠ ᠦᠢᠯᠡᠰ ᠦᠭᠡᠢ ᠢᠲᠡᠭᠡᠯ ᠢᠶᠡᠨ ᠨᠠᠳᠠ ᠳᠤ ᠦᠵᠡᠭᠦᠯᠦᠨ᠎ᠡ ᠤᠤ︖ ᠪᠢ ᠲᠠᠨ ᠳᠤ ᠦᠢᠯᠡᠰ ᠢᠶᠡᠷ ᠢᠶᠠᠨ ᠢᠲᠡᠭᠡᠯ ᠢᠶᠡᠨ ᠦᠵᠡᠭᠦᠯᠦᠶ᠎ᠡ᠃ 19 ᠪᠤᠷᠬᠠᠨ ᠪᠣᠯ ᠭᠠᠭᠴᠠ ᠭᠡᠳᠡᠭ ᠢ ᠲᠠ ᠢᠲᠡᠭᠡᠳᠡᠭ᠂ ᠡᠨᠡ ᠨᠢ ᠰᠠᠢᠨ᠃ ᠭᠡᠬᠦ ᠳᠡᠭᠡᠨ ᠴᠢᠳᠬᠥᠷ ᠤᠳ ᠴᠤ ᠡᠭᠦᠨ ᠢ ᠢᠲᠡᠭᠡᠭᠡᠳ ᠴᠡᠴᠡᠷᠡᠳᠡᠭ᠃ 20 ᠤᠬᠠᠭᠠᠨ ᠦᠭᠡᠢ ᠬᠥᠮᠦᠨ ᠡ᠂ ᠦᠢᠯᠡᠰ ᠦᠭᠡᠢ ᠢᠲᠡᠭᠡᠯ ᠨᠢ ᠳᠡᠮᠡᠢ ᠭᠡᠳᠡᠭ ᠢ ᠮᠡᠳᠡᠶ᠎ᠡ ᠭᠡᠵᠦ ᠪᠠᠢᠨ᠎ᠠ ᠤᠤ︖ 21 ᠪᠢᠳᠡᠨ ᠦ ᠳᠡᠭᠡᠳᠦᠰ ᠠᠪᠷᠠᠬᠠᠮ ᠬᠦᠦ ᠢᠰᠠᠺ ᠢᠶᠠᠨ ᠲᠠᠬᠢᠯ ᠤᠨ ᠰᠢᠷᠡᠭᠡᠨ ᠳᠡᠭᠡᠷ᠎ᠡ ᠡᠷᠭᠦᠬᠦ ᠳᠡᠭᠡᠨ ᠦᠢᠯᠡᠰ ᠢᠶᠡᠷ ᠵᠥᠪᠲᠥᠭᠡᠭᠳᠡᠭᠰᠡᠨ ᠪᠢᠰᠢ ᠤᠤ︖ 22 ᠢᠲᠡᠭᠡᠯ ᠨᠢ ᠦᠢᠯᠡᠰ ᠲᠡᠢ ᠤᠶᠠᠯᠳᠤᠵᠤ᠂ ᠢᠲᠡᠭᠡᠯ ᠨᠢ ᠦᠢᠯᠡᠰ ᠢᠶᠡᠷ ᠲᠡᠭᠦᠯᠳᠡᠷᠵᠢᠭᠰᠡᠨ ᠢ ᠲᠠ ᠨᠠᠷ ᠦᠵᠡᠵᠦ ᠪᠠᠢᠨ᠎ᠠ᠃ 23 ᠡᠢᠨ ᠬᠦ 《ᠠᠪᠷᠠᠬᠠᠮ ᠪᠤᠷᠬᠠᠨ ᠳᠤ ᠢᠲᠡᠭᠡᠭᠰᠡᠨ ᠢᠶᠡᠷ ᠢᠶᠠᠨ ᠵᠥᠪᠲᠦ ᠲᠤ ᠲᠣᠭᠠᠴᠠᠭᠳᠠᠪᠠ》 ᠭᠡᠰᠡᠨ ᠡᠰᠢᠯᠡᠯ ᠪᠡᠶᠡᠯᠡᠭᠰᠡᠨ ᠪᠥᠭᠡᠳ ᠲᠡᠷᠡ ᠪᠡᠷ ᠪᠤᠷᠬᠠᠨ ᠤ ᠠᠨᠳᠠ ᠭᠡᠵᠦ ᠨᠡᠷᠡᠯᠡᠭᠳᠡᠵᠡᠢ᠃ 24 ᠬᠥᠮᠦᠨ ᠵᠥᠪᠬᠡᠨ ᠢᠲᠡᠭᠡᠯ ᠢᠶᠡᠷ ᠪᠤᠰᠤ᠂ ᠦᠢᠯᠡᠰ ᠢᠶᠡᠷ ᠵᠥᠪᠲᠥᠭᠡᠭᠳᠡᠳᠡᠭ᠌ ᠢ ᠲᠠ ᠨᠠᠷ ᠮᠡᠳᠡᠭᠲᠦᠨ᠃ 25 ᠡᠭᠦᠨᠴᠢᠯᠡᠨ ᠶᠠᠩ᠋ᠬᠠᠨ ᠷᠠᠬᠠᠪ ᠴᠤ ᠡᠯᠴᠢᠳ ᠢ ᠬᠦᠯᠢᠶᠡᠨ ᠠᠪᠴᠤ᠂ ᠲᠡᠳᠡᠨ ᠢ ᠥᠭᠡᠷ᠎ᠡ ᠵᠠᠮ ᠢᠶᠠᠷ ᠶᠠᠪᠤᠭᠤᠯᠤᠭᠰᠠᠨ ᠦᠢᠯᠡᠰ ᠢᠶᠡᠷ ᠢᠶᠠᠨ ᠵᠥᠪᠲᠥᠭᠡᠭᠳᠡᠭᠰᠡᠨ ᠪᠢᠰᠢ ᠤᠤ︖ 26 ᠰᠦᠨᠡᠰᠦ ᠦᠭᠡᠢ ᠪᠡᠶ᠎ᠡ ᠦᠬᠦᠮᠡᠯ ᠪᠠᠢᠳᠠᠭᠴᠢᠯᠠᠨ ᠦᠢᠯᠡᠰ ᠦᠭᠡᠢ ᠢᠲᠡᠭᠡᠯ ᠴᠤ ᠦᠬᠦᠮᠡᠯ ᠪᠣᠯᠠᠢ᠃