1 2 3 4 5


ᠶᠠᠺᠣᠪ ᠲᠠᠪᠤ
 ᠢᠳᠬᠠᠯᠭ᠎ᠠ᠄ ᠲᠡᠰᠪᠦᠷᠢ᠂ ᠳᠠᠭᠠᠳᠬᠠᠯ᠂ ᠠᠪᠤᠷᠠᠯ

1 ᠠᠩ᠋ᠬᠠᠷᠤᠭᠲᠤᠨ᠂ ᠪᠠᠶᠠᠴᠤᠳ ᠡ︕ ᠲᠠ ᠨᠠᠷ ᠤᠨ ᠳᠡᠭᠡᠷ᠎ᠡ ᠢᠷᠡᠬᠦ ᠵᠣᠪᠠᠯᠠᠩ ᠤᠨ ᠤᠴᠢᠷ ᠲᠤ ᠭᠠᠰᠠᠯᠤᠨ ᠤᠬᠢᠯᠠ᠃ 2 ᠡᠳ᠋ ᠬᠥᠷᠥᠩᠭᠡ ᠴᠢᠨᠢ ᠢᠯᠵᠢᠷᠡᠵᠦ ᠬᠤᠪᠴᠠᠰᠤ ᠬᠤᠨᠠᠷ ᠴᠢᠨᠢ ᠬᠣᠷᠣᠬᠠᠢ ᠳᠤ ᠢᠳᠡᠭᠳᠡᠨ᠂ 3 ᠠᠯᠲᠠ ᠮᠥᠩᠭᠥ ᠴᠢᠨᠢ ᠵᠢᠪᠡᠷᠡᠵᠡᠢ᠃ ᠵᠢᠪᠡ ᠨᠢ ᠲᠠ ᠨᠠᠷ ᠢ ᠵᠠᠭᠠᠯᠳᠤᠬᠤ ᠭᠡᠷᠡᠴᠢ ᠪᠣᠯᠵᠤ᠂ ᠮᠢᠬᠠᠨ ᠪᠡᠶ᠎ᠡ ᠶᠢ ᠴᠢᠨᠢ ᠭᠠᠯ ᠮᠡᠲᠦ ᠵᠠᠯᠭᠢᠨ᠎ᠠ᠃ ᠲᠠ ᠨᠠᠷ ᠡᠴᠦᠰ ᠦᠨ ᠡᠳᠦᠷ ᠤᠳ ᠲᠤ ᠡᠳ᠋ ᠬᠥᠷᠥᠩᠭᠡ ᠨᠥᠭᠡᠴᠡᠯᠡᠵᠡᠢ᠃ 4 ᠠᠩ᠋ᠬᠠᠷᠤᠭᠲᠤᠨ᠂ ᠲᠠᠷᠢᠶ᠎ᠠ ᠶᠢ ᠴᠢᠨᠢ ᠬᠤᠷᠢᠶᠠᠭᠰᠠᠨ ᠠᠵᠢᠯᠴᠢᠳ ᠠᠴᠠ ᠲᠠ ᠨᠠᠷ ᠤᠨ ᠵᠠᠯᠢᠯᠠᠵᠤ ᠠᠪᠤᠭᠰᠠᠨ ᠬᠥᠯᠥᠰᠥ ᠣᠷᠢᠯᠠᠵᠤ᠂ ᠪᠠᠰᠠ ᠬᠤᠷᠢᠶᠠᠭᠴᠢᠳ ᠤᠨ ᠣᠷᠢ ᠳᠠᠭᠤ ᠲᠦᠮᠡᠨ ᠴᠡᠷᠢᠭ ᠤᠨ ᠡᠵᠡᠨ ᠦ ᠰᠣᠨᠣᠷ ᠲᠤ ᠬᠦᠷᠴᠡᠢ᠃ 5 ᠲᠠ ᠨᠠᠷ ᠭᠠᠵᠠᠷ ᠳᠡᠭᠡᠷ᠎ᠡ ᠲᠠᠩᠰᠤᠭ ᠲᠠᠪᠠᠲᠠᠢ ᠠᠮᠢᠳᠤᠷᠠᠵᠤ᠂ ᠨᠢᠳᠤᠯᠤᠭᠳᠠᠬᠤ ᠡᠳᠦᠷ 3  ᠲᠤ ᠵᠢᠷᠦᠬᠡ ᠪᠡᠨ ᠪᠣᠷᠳᠣᠵᠠᠢ᠃ 6 ᠲᠠ ᠨᠠᠷ ᠵᠥᠪᠲᠦ ᠬᠥᠮᠦᠨ ᠢ ᠶᠠᠯᠠᠯᠠᠨ ᠠᠯᠠᠪᠠ᠂ ᠲᠡᠷᠡ ᠲᠠ ᠨᠠᠷ ᠢ ᠡᠰᠡᠷᠭᠦᠴᠡᠭᠰᠡᠨ ᠦᠭᠡᠢ᠃

7 ᠠᠬ᠎ᠠ ᠳᠡᠭᠦᠦ ᠨᠠᠷ ᠡ᠂ ᠡᠵᠡᠨ ᠢᠷᠡᠲᠡᠯ᠎ᠡ ᠲᠡᠰᠪᠦᠷᠢ ᠲᠠᠢ ᠪᠠᠢᠭᠠᠷᠠᠢ᠃ ᠠᠩ᠋ᠬᠠᠷᠤᠭᠲᠤᠨ᠂ ᠲᠠᠷᠢᠶᠠᠴᠢᠨ ᠭᠠᠵᠠᠷ ᠤᠨ ᠦᠨᠡᠲᠦ ᠦᠷ᠎ᠡ ᠵᠢᠮᠢᠰ ᠢ ᠡᠷᠡᠮᠡᠯᠵᠡᠨ᠂ ᠡᠷᠲᠡ ᠶᠢᠨ ᠪᠣᠷᠣᠭᠠᠨ ᠪᠠ ᠣᠷᠣᠢ ᠶᠢᠨ ᠪᠣᠷᠣᠭᠠᠨ ᠣᠷᠣᠲᠠᠯ᠎ᠠ ᠲᠡᠰᠪᠦᠷᠢ ᠲᠠᠢ ᠪᠠᠢᠳᠠᠭ᠃ 8 ᠲᠠ ᠨᠠᠷ ᠴᠤ ᠲᠡᠰᠪᠦᠷᠢ ᠲᠠᠢ ᠪᠠᠢᠵᠤ᠂ ᠰᠡᠳᠬᠢᠯ ᠢᠶᠠᠨ ᠪᠠᠲᠤ ᠪᠠᠢᠯᠭᠠᠭᠠᠷᠠᠢ᠃ ᠡᠵᠡᠨ ᠢᠷᠡᠬᠦ ᠣᠢᠷᠠᠲᠤᠯ᠎ᠠ᠃ 9 ᠠᠬ᠎ᠠ ᠳᠡᠭᠦᠦ ᠨᠠᠷ ᠡ᠂ ᠪᠡᠶ᠎ᠡ ᠪᠡᠶ᠎ᠡ ᠳᠡᠭᠡᠨ ᠪᠦᠦ ᠭᠣᠮᠣᠳᠠᠵᠠᠭ᠎ᠠ᠃ ᠲᠡᠭᠡᠪᠡᠯ ᠰᠢᠭᠦᠭᠳᠡᠬᠦ ᠦᠭᠡᠢ ᠪᠠᠢᠬᠤ ᠪᠣᠯᠣᠨ᠎ᠠ᠃ ᠬᠠᠷᠠ᠂ ᠰᠢᠭᠦᠭᠴᠢ ᠡᠭᠦᠳᠡᠨ ᠳᠡᠭᠡᠷ᠎ᠡ ᠵᠣᠭᠰᠣᠵᠤ ᠪᠠᠢᠨ᠎ᠠ᠃ 10 ᠠᠬ᠎ᠠ ᠳᠡᠭᠦᠦ ᠨᠠᠷ ᠡ᠂ ᠡᠵᠡᠨ ᠦ ᠨᠡᠷ᠎ᠡ ᠪᠡᠷ ᠶᠠᠷᠢᠭᠰᠠᠨ ᠡᠰᠢ ᠦᠵᠡᠭᠦᠯᠦᠭᠴᠢᠳ ᠢ ᠵᠣᠪᠠᠭᠤᠷᠢ ᠪᠠ ᠲᠡᠰᠪᠦᠷᠢ ᠶᠢᠨ ᠳᠠᠭᠤᠷᠢᠶᠠᠯ ᠪᠣᠯᠭᠠᠭᠲᠤᠨ᠃ 11 ᠬᠠᠷᠠ᠂ ᠲᠡᠰᠪᠦᠷᠢ ᠲᠠᠢ ᠬᠥᠮᠦᠰ ᠢ ᠪᠢᠳᠡ ᠪᠤᠶᠠᠨ ᠲᠠᠢ ᠭᠡᠳᠡᠭ᠃ ᠲᠠ ᠨᠠᠷ ᠶᠣᠪ ᠤᠨ ᠲᠡᠰᠪᠦᠷᠢ ᠶᠢᠨ ᠲᠤᠬᠠᠢ ᠰᠣᠨᠣᠰᠴᠤ᠂ ᠡᠵᠡᠨ ᠦ ᠰᠣᠶᠣᠷᠬᠠᠭᠰᠠᠨ ᠲᠡᠭᠦᠰᠬᠡᠯ ᠢ ᠬᠠᠷᠠᠭᠰᠠᠨ᠃ ᠡᠵᠡᠨ ᠪᠣᠯ ᠡᠨᠡᠷᠢᠯ ᠶᠡᠬᠡᠲᠡᠢ᠂ ᠨᠢᠭᠦᠯᠡᠰᠦᠩᠭᠦᠢ ᠶᠤᠮ᠃

12 ᠠᠬ᠎ᠠ ᠳᠡᠭᠦᠦ ᠨᠠᠷ ᠮᠢᠨᠢ ᠡ᠂ ᠶᠠᠭᠤᠨ ᠠᠴᠠ ᠤᠷᠢᠳ ᠪᠦᠦ ᠲᠠᠩ᠋ᠭᠠᠷᠢᠭᠯᠠ᠃ ᠲᠩᠷᠢ ᠪᠠᠷ ᠴᠤ᠂ ᠭᠠᠵᠠᠷ ᠢᠶᠠᠷ ᠴᠤ᠂ ᠪᠤᠰᠤᠳ ᠶᠠᠭᠤ ᠪᠠᠷ ᠴᠤ ᠪᠦᠦ ᠲᠠᠩ᠋ᠭᠠᠷᠢᠭᠯᠠ᠃ ᠲᠠ ᠨᠠᠷ ᠲᠡᠢᠮᠦ ᠪᠣᠯ ᠲᠡᠢᠮᠦ᠂ ᠦᠭᠡᠢ ᠪᠣᠯ ᠦᠭᠡᠢ ᠪᠠᠷ ᠨᠢ ᠬᠡᠯᠡᠭᠡᠷᠡᠢ᠃ ᠲᠡᠭᠡᠪᠡᠯ ᠲᠠ ᠨᠠᠷ ᠰᠢᠭᠦᠭᠳᠡᠬᠦ ᠦᠭᠡᠢ ᠶᠤᠮ᠃

13 ᠲᠠ ᠨᠠᠷ ᠤᠨ ᠳᠤᠮᠳᠠ ᠵᠣᠪᠠᠯᠠᠩ ᠲᠠᠢ ᠬᠥᠮᠦᠨ ᠪᠠᠢᠨ᠎ᠠ ᠤᠤ︖ ᠲᠡᠷᠡ ᠬᠥᠮᠦᠨ ᠳᠠᠭᠠᠳᠬᠠᠭᠠᠷᠠᠢ᠃ ᠪᠠᠶᠠᠷ ᠲᠠᠢ ᠬᠥᠮᠦᠨ ᠪᠠᠢᠨ᠎ᠠ ᠤᠤ︖ ᠲᠡᠷᠡ ᠬᠥᠮᠦᠨ ᠮᠠᠭᠲᠠᠭᠠᠷᠠᠢ᠃ 14 ᠲᠠ ᠨᠠᠷ ᠤᠨ ᠳᠤᠮᠳᠠ ᠡᠪᠡᠳᠴᠢᠨ ᠲᠡᠢ ᠬᠥᠮᠦᠨ ᠪᠠᠢᠨ᠎ᠠ ᠤᠤ︖ ᠲᠡᠷᠡ ᠪᠡᠷ ᠴᠢᠭᠤᠯᠭᠠᠨ ᠤ ᠠᠬᠠᠯᠠᠭᠴᠢᠳ ᠢ ᠵᠠᠯᠠᠭᠠᠷᠠᠢ᠂ ᠠᠬᠠᠯᠠᠭᠴᠢᠳ ᠡᠵᠡᠨ ᠦ ᠨᠡᠷ᠎ᠡ ᠪᠡᠷ ᠲᠡᠭᠦᠨ ᠢ ᠲᠣᠰᠣᠯᠠᠵᠤ᠂ 〔ᠲᠡᠭᠦᠨ ᠦ ᠲᠥᠯᠥᠭᠡ〕 ᠳᠠᠭᠠᠳᠬᠠᠭᠠᠷᠠᠢ᠃ 15 ᠢᠲᠡᠭᠡᠯ ᠲᠡᠢ ᠳᠠᠭᠠᠳᠬᠠᠯ ᠨᠢ ᠡᠪᠡᠳᠴᠢᠨ ᠲᠡᠢ ᠬᠥᠮᠦᠨ ᠢ ᠠᠪᠤᠷᠠᠬᠤ ᠪᠥᠭᠡᠳ ᠡᠵᠡᠨ ᠲᠡᠭᠦᠨ ᠢ ᠪᠣᠰᠬᠠᠨ᠎ᠠ᠃ ᠬᠡᠷᠪᠡ ᠲᠡᠷᠡ ᠨᠢᠭᠦᠯ ᠦᠢᠯᠡᠳᠦᠭᠰᠡᠨ ᠪᠣᠯ ᠬᠡᠯᠲᠦᠷᠢᠭᠦᠯᠦᠭᠳᠡᠬᠦ ᠪᠣᠯᠣᠨ᠎ᠠ᠃ 16 ᠲᠡᠢᠮᠦ ᠡᠴᠡ ᠪᠡᠶ᠎ᠡ ᠪᠡᠶ᠎ᠡ ᠳᠡᠭᠡᠨ ᠨᠢᠭᠦᠯ ᠢᠶᠡᠨ ᠥᠴᠢᠭᠯᠡᠵᠦ᠂ ᠪᠡᠶ᠎ᠡ ᠪᠡᠶ᠎ᠡ ᠶᠢᠨ ᠢᠶᠠᠨ ᠲᠥᠯᠥᠭᠡ ᠳᠠᠭᠠᠳᠬᠠᠭᠠᠷᠠᠢ᠃ ᠲᠡᠭᠡᠪᠡᠯ ᠲᠠ ᠨᠠᠷ ᠡᠳᠡᠭᠡᠷᠡᠨ᠎ᠡ᠂ ᠵᠥᠪᠲᠦ ᠬᠥᠮᠦᠨ ᠦ ᠭᠤᠶᠤᠯᠲᠠ ᠬᠦᠴᠦᠲᠡᠢ ᠪᠥᠭᠡᠳ ᠶᠡᠬᠡ ᠦᠢᠯᠡᠳᠦᠯ ᠲᠡᠢ ᠶᠤᠮ᠃ 17 ᠧᠯᠢᠶ᠎ᠠ ᠪᠢᠳᠡᠨ ᠲᠡᠢ ᠠᠳᠠᠯᠢᠬᠠᠨ ᠴᠢᠨᠠᠷ ᠲᠠᠢ ᠬᠥᠮᠦᠨ ᠪᠣᠯᠪᠠᠴᠤ ᠪᠣᠷᠣᠭᠠᠨ ᠣᠷᠣᠭᠤᠯᠬᠤ ᠦᠭᠡᠢ ᠶᠢᠨ ᠲᠤᠯᠠᠳᠠ ᠳᠠᠭᠠᠳᠬᠠᠨ ᠳᠠᠭᠠᠳᠬᠠᠭᠰᠠᠨ ᠢᠶᠠᠷ ᠭᠠᠵᠠᠷ ᠳᠡᠭᠡᠷ᠎ᠡ ᠭᠤᠷᠪᠠᠨ ᠵᠢᠯ ᠵᠢᠷᠭᠤᠭᠠᠨ ᠰᠠᠷ᠎ᠠ ᠶᠢᠨ ᠲᠤᠷᠰᠢ ᠪᠣᠷᠣᠭᠠᠨ ᠣᠷᠣᠭᠰᠠᠨ ᠦᠭᠡᠢ᠃ 18 ᠲᠡᠷᠡ ᠳᠠᠬᠢᠭᠠᠳ ᠳᠠᠭᠠᠳᠬᠠᠭᠰᠠᠨ ᠳᠤ᠂ ᠲᠩᠷᠢ ᠪᠣᠷᠣᠭᠠᠨ ᠣᠷᠣᠭᠤᠯᠵᠤ᠂ ᠭᠠᠵᠠᠷ ᠦᠷ᠎ᠡ ᠵᠢᠮᠢᠰ ᠤᠷᠭᠤᠭᠤᠯᠵᠠᠢ᠃

19 ᠠᠬ᠎ᠠ ᠳᠡᠭᠦᠦ ᠨᠠᠷ ᠮᠢᠨᠢ ᠡ᠂ ᠲᠠ ᠨᠠᠷ ᠤᠨ ᠳᠤᠮᠳᠠ ᠠᠴᠠ ᠬᠡᠨ ᠨᠢᠭᠡ ᠨᠢ ᠦᠨᠡᠨ ᠡᠴᠡ ᠲᠥᠭᠡᠷᠢᠭᠰᠡᠨ ᠬᠥᠮᠦᠨ ᠢ ᠡᠷᠭᠢᠭᠦᠯᠵᠦ ᠠᠪᠴᠢᠷᠠᠭᠰᠠᠨ ᠢᠶᠠᠷ ᠲᠡᠷᠡ ᠬᠥᠮᠦᠨ 20 ᠨᠢᠭᠡᠨ ᠨᠢᠭᠦᠯᠲᠦ ᠬᠥᠮᠦᠨ ᠢ ᠲᠥᠭᠡᠷᠢᠭᠰᠡᠨ ᠵᠠᠮ ᠠᠴᠠ ᠨᠢ ᠡᠷᠭᠢᠭᠦᠯᠵᠦ᠂ ᠲᠡᠭᠦᠨ ᠦ ᠰᠦᠨᠡᠰᠦ ᠶᠢ ᠦᠬᠦᠯ ᠡᠴᠡ ᠠᠪᠤᠷᠠᠬᠤ ᠪᠥᠭᠡᠳ ᠮᠥᠨ ᠦᠯᠡᠮᠵᠢ ᠣᠯᠠᠨ ᠨᠢᠭᠦᠯ ᠢ ᠳᠠᠯᠳᠠᠯᠠᠬᠤ ᠪᠣᠯᠣᠨ᠎ᠠ ᠭᠡᠳᠡᠭ ᠢ ᠮᠡᠳᠡᠭᠲᠦᠨ᠃