ᠭᠠᠯᠠᠲ᠋ᠢᠶ᠎ᠠ ᠵᠢᠷᠭᠤᠭ᠎ᠠ
ᠠᠴᠢᠶᠠᠯᠠᠯ ᠢᠶᠠᠨ ᠬᠤᠪᠢᠶᠠᠵᠤ ᠡᠭᠦᠷ
1 ᠠᠬ᠎ᠠ ᠳᠡᠭᠦᠦ ᠨᠠᠷ ᠡ᠂ ᠬᠥᠮᠦᠨ ᠦ ᠭᠡᠮ ᠨᠢᠭᠦᠯ ᠢ ᠣᠯᠵᠤ ᠦᠵᠡᠭᠰᠡᠨ ᠪᠣᠯ᠂ ᠠᠷᠢᠭᠤᠨ ᠰᠦᠨᠡᠰᠦᠨ ᠦ ᠲᠠ ᠨᠠᠷ ᠵᠥᠭᠡᠯᠡᠨ ᠰᠡᠳᠬᠢᠯ ᠢᠶᠠᠷ ᠲᠡᠢᠮᠦ ᠬᠥᠮᠦᠨ ᠢ ᠵᠠᠰᠠᠵᠤ᠂ ᠮᠥᠨ ᠥᠪᠡᠷ ᠢᠶᠡᠨ ᠴᠤ ᠤᠷᠤᠭᠤ ᠲᠠᠲᠠᠭᠳᠠᠬᠤ ᠦᠭᠡᠢ ᠶᠢᠨ ᠲᠤᠯᠠᠳᠠ ᠪᠣᠯᠭᠣᠮᠵᠢᠯᠠᠭᠠᠷᠠᠢ᠃ 2 ᠲᠠ ᠨᠠᠷ ᠨᠢᠭᠡ ᠨᠢᠭᠡᠨ ᠦ ᠪᠠᠨ ᠠᠴᠢᠶᠠᠨ ᠠᠴᠠ ᠡᠭᠦᠷ᠂ ᠲᠡᠭᠡᠪᠡᠯ ᠾᠷᠢᠰᠲ᠋ᠣᠰ ᠤᠨ ᠬᠠᠤᠯᠢ ᠪᠡᠶᠡᠯᠡᠭᠳᠡᠨ᠎ᠡ᠃ 3 ᠬᠡᠷᠪᠡ ᠬᠥᠮᠦᠨ ᠥᠪᠡᠷ ᠢᠶᠡᠨ ᠣᠨᠴᠠ ᠦᠭᠡᠢ ᠪᠠᠢᠲᠠᠯ᠎ᠠ ᠪᠠᠨ ᠣᠨᠴᠠᠭᠠᠢ ᠭᠡᠵᠦ ᠪᠣᠳᠣᠬᠤ ᠶᠤᠮ ᠪᠣᠯ ᠪᠡᠶ᠎ᠡ ᠪᠡᠨ ᠬᠠᠭᠤᠷᠴᠤ ᠪᠠᠢᠭ᠎ᠠ ᠶᠤᠮ᠃ 4 ᠬᠥᠮᠦᠨ ᠪᠣᠯᠭᠠᠨ ᠦᠢᠯᠡ ᠶᠠᠪᠤᠳᠠᠯ ᠢᠶᠠᠨ ᠰᠢᠯᠭᠠᠵᠤ ᠦᠵᠡ᠂ ᠲᠡᠭᠡᠪᠡᠯ ᠪᠤᠰᠤᠳ ᠲᠠᠢ ᠬᠠᠷᠢᠴᠠᠭᠤᠯᠬᠤ ᠪᠠᠷ ᠪᠤᠰᠤ᠂ ᠬᠠᠷᠢᠨ ᠦᠢᠯᠡᠰ ᠢᠶᠡᠷ ᠢᠶᠠᠨ ᠪᠠᠬᠠᠷᠬᠠᠬᠤ ᠪᠣᠯᠣᠨ᠎ᠠ᠃ 5 ᠤᠴᠢᠷ ᠨᠢ ᠬᠥᠮᠦᠨ ᠪᠣᠯᠭᠠᠨ ᠥᠪᠡᠷ ᠢᠶᠡᠨ ᠡᠭᠦᠷᠬᠦ ᠠᠴᠢᠶ᠎ᠠ ᠲᠠᠢ ᠶᠤᠮ᠃
6 ᠦᠭᠡ ᠵᠢᠭᠠᠯᠭᠠᠭᠴᠢ ᠨᠢ ᠵᠢᠭᠠᠳᠠᠭ ᠬᠥᠮᠦᠨ ᠲᠡᠢ ᠪᠡᠨ ᠠᠯᠢᠪᠠ ᠰᠠᠢᠨ ᠰᠠᠢᠬᠠᠨ ᠢᠶᠠᠨ ᠬᠤᠪᠢᠶᠠᠯᠴᠠᠭᠲᠤᠨ᠃
7 ᠪᠦᠦ ᠡ᠊ᠨᠳᠡᠭᠦᠷᠡ᠃ ᠪᠤᠷᠬᠠᠨ ᠪᠣᠯ ᠪᠠᠰᠤᠮᠵᠢᠯᠠᠭᠳᠠᠰᠢ ᠦᠭᠡᠢ᠂ ᠬᠥᠮᠦᠨ ᠲᠠᠷᠢᠭᠰᠠᠨ ᠢᠶᠠᠨ ᠬᠤᠷᠢᠶᠠᠬᠤ ᠪᠣᠯᠣᠨ᠎ᠠ᠃ 8 ᠮᠢᠬᠠᠨ ᠪᠡᠶ᠎ᠡ ᠳᠡᠭᠡᠨ ᠲᠠᠷᠢᠭᠴᠢ ᠨᠢ ᠮᠢᠬᠠᠨ ᠪᠡᠶ᠎ᠡ 7 ᠡᠴᠡ ᠪᠡᠨ ᠮᠥᠬᠥᠯ ᠢ ᠬᠤᠷᠢᠶᠠᠬᠤ ᠪᠥᠭᠡᠳ ᠠᠷᠢᠭᠤᠨ ᠰᠦᠨᠡᠰᠦᠨ ᠳᠦ ᠲᠠᠷᠢᠭᠴᠢ ᠨᠢ ᠠᠷᠢᠭᠤᠨ ᠰᠦᠨᠡᠰᠦᠨ ᠡᠴᠡ ᠮᠥᠩᠬᠡ ᠠᠮᠢ ᠶᠢ ᠬᠤᠷᠢᠶᠠᠨ᠎ᠠ᠃ 9 ᠰᠠᠢᠨ ᠢ ᠦᠢᠯᠡᠳᠴᠦ ᠪᠠᠢᠬᠤ ᠳᠠᠭᠠᠨ ᠪᠦᠦ ᠮᠣᠬᠣ᠃ ᠰᠢᠨᠲᠠᠷᠠᠬᠤ ᠦᠭᠡᠢ ᠪᠣᠯ ᠲᠣᠪᠯᠠᠭᠰᠠᠨ ᠴᠠᠭ ᠲᠤ ᠬᠤᠷᠢᠶᠠᠬᠤ ᠪᠣᠯᠣᠨ᠎ᠠ᠃ 10 ᠲᠡᠢᠮᠦ ᠡᠴᠡ ᠪᠣᠯᠣᠮᠵᠢ ᠲᠠᠢ ᠴᠠᠭ ᠲᠠᠭᠠᠨ᠂ ᠬᠥᠮᠦᠨ ᠪᠦᠬᠦᠨ ᠳᠦ᠂ ᠢᠯᠠᠩ᠋ᠭᠤᠶ᠎ᠠ ᠢᠲᠡᠭᠡᠯᠲᠦ ᠭᠡᠷ ᠪᠦᠯᠢ ᠶᠢᠨ ᠬᠢᠨ ᠳᠤ ᠰᠠᠢᠨ ᠢ ᠦᠢᠯᠡᠳᠴᠡᠭᠡᠶ᠎ᠡ᠃
ᠬᠥᠪᠴᠢᠷᠬᠡᠢ ᠬᠥᠨᠳᠡᠭᠦᠯᠬᠦ ᠪᠤᠰᠤ᠂ ᠰᠢᠨ᠎ᠡ ᠪᠡᠷ ᠪᠦᠲᠦᠭᠡᠭᠳᠡᠬᠦ ᠨᠢ ᠴᠢᠬᠤᠯᠠ
11 ᠥᠪᠡᠷ ᠦᠨ ᠭᠠᠷ ᠢᠶᠠᠷ ᠢᠶᠠᠨ ᠲᠠ ᠨᠠᠷ ᠲᠤ ᠬᠡᠴᠢᠨᠡᠨ ᠲᠣᠮᠣ ᠲᠣᠮᠣ ᠦᠰᠦᠭ ᠢᠶᠡᠷ ᠪᠢᠴᠢᠵᠦ ᠪᠠᠢᠬᠤ ᠶᠢ ᠮᠢᠨᠢ ᠬᠠᠷᠠᠭᠠᠴᠢ᠃ 12 ᠮᠢᠬᠠᠨ ᠪᠡᠶ᠎ᠡ ᠶᠢᠨ ᠲᠠᠯ᠎ᠠ ᠪᠠᠷ ᠰᠠᠢᠬᠠᠨ ᠬᠠᠷᠠᠭᠳᠠᠬᠤ ᠳᠤᠷᠠᠲᠠᠢ ᠬᠥᠮᠦᠰ ᠲᠠ ᠨᠠᠷ ᠲᠤ ᠬᠥᠪᠴᠢᠷᠬᠡᠢ ᠬᠥᠨᠳᠡᠭᠦᠯᠬᠦ ᠶᠢ ᠠᠯᠪᠠᠳᠠᠵᠤ ᠪᠠᠢᠳᠠᠭ ᠤᠨ ᠭᠠᠭᠴᠠ ᠰᠢᠯᠲᠠᠭᠠᠨ ᠨᠢ ᠲᠡᠳᠡ ᠾᠷᠢᠰᠲ᠋ᠣᠰ ᠤᠨ ᠵᠠᠭᠠᠯᠮᠠᠢ ᠶᠢᠨ ᠤᠴᠢᠷ ᠢᠶᠠᠷ ᠬᠠᠪᠴᠢᠭᠳᠠᠬᠤ ᠳᠤᠷ᠎ᠠ ᠦᠭᠡᠢ ᠡᠴᠡ ᠪᠣᠯᠣᠭᠰᠠᠨ ᠶᠤᠮ᠃ 13 ᠬᠥᠪᠴᠢᠷᠬᠡᠢ ᠬᠥᠨᠳᠡᠭᠦᠯᠦᠭᠴᠢᠳ ᠥᠪᠡᠷᠰᠡᠳ ᠢᠶᠡᠨ ᠴᠤ ᠬᠠᠤᠯᠢ ᠶᠢ ᠰᠠᠬᠢᠳᠠᠭ ᠦᠭᠡᠢ ᠬᠢᠷᠢ ᠨᠢ ᠲᠠ ᠨᠠᠷ ᠤᠨ ᠬᠥᠪᠴᠢᠷᠬᠡᠢ ᠪᠡᠨ ᠬᠥᠨᠳᠡᠭᠦᠯᠬᠦ ᠶᠢ ᠬᠦᠰᠡᠵᠦ ᠪᠠᠢᠭ᠎ᠠ ᠨᠢ ᠮᠢᠬᠠᠨ ᠪᠡᠶ᠎ᠡ ᠪᠡᠷ ᠴᠢᠨᠢ ᠪᠠᠬᠠᠷᠬᠠᠬᠤ ᠶᠢᠨ ᠲᠥᠯᠥᠭᠡ ᠶᠤᠮ᠃ 14 ᠬᠠᠷᠢᠨ ᠮᠢᠨᠦ ᠬᠤᠪᠢ ᠳᠤ ᠪᠢᠳᠡᠨ ᠦ ᠡᠵᠡᠨ ᠢᠰᠦ᠋ᠰ ᠾᠷᠢᠰᠲ᠋ᠣᠰ ᠤᠨ ᠵᠠᠭᠠᠯᠮᠠᠢ 8 ᠡᠴᠡ ᠥᠭᠡᠷ᠎ᠡ ᠪᠠᠬᠠᠷᠬᠠᠯ ᠭᠡᠵᠦ ᠦᠭᠡᠢ᠂ ᠲᠡᠷᠡ ᠵᠠᠭᠠᠯᠮᠠᠢ ᠳᠤ ᠶᠢᠷᠲᠢᠨᠴᠦ ᠨᠠᠳᠠ ᠳᠤ ᠴᠣᠪᠳᠣᠯᠠᠭᠳᠠᠭᠰᠠᠨ ᠪᠥᠭᠡᠳ ᠪᠢ ᠴᠤ ᠶᠢᠷᠲᠢᠨᠴᠦ ᠳᠦ ᠴᠣᠪᠳᠣᠯᠠᠭᠳᠠᠪᠠ᠃ 15 ᠬᠥᠪᠴᠢᠷᠬᠡᠢ ᠬᠥᠨᠳᠡᠭᠦᠯᠬᠦ ᠪᠠ ᠦᠯᠦ ᠬᠥᠨᠳᠡᠭᠦᠯᠬᠦ ᠨᠢ ᠴᠢᠬᠤᠯᠠ ᠪᠢᠰᠢ᠂ ᠰᠢᠨ᠎ᠡ ᠪᠡᠷ ᠪᠦᠲᠦᠭᠡᠭᠳᠡᠬᠦ ᠨᠢ ᠴᠢᠬᠤᠯᠠ ᠶᠤᠮ᠃ 16 ᠡᠨᠡ ᠵᠠᠷᠴᠢᠮ ᠢ ᠳᠠᠭᠠᠳᠠᠭ ᠬᠥᠮᠦᠰ ᠪᠠ ᠪᠤᠷᠬᠠᠨ ᠤ ᠢᠰᠷᠧᠯ ᠳᠤ ᠠᠮᠤᠭᠤᠯᠠᠩ ᠪᠠ ᠡᠨᠡᠷᠢᠯ ᠪᠠᠭᠤᠬᠤ ᠪᠣᠯᠲᠤᠭᠠᠢ᠃
17 ᠬᠣᠢᠰᠢᠳᠠ ᠨᠠᠮᠠᠶᠢ ᠬᠡᠨ ᠴᠤ ᠪᠦᠦ ᠲᠦᠢᠪᠡᠭᠡ᠃ ᠮᠢᠨᠦ ᠪᠡᠶ᠎ᠡ ᠳᠦ ᠢᠰᠦ᠋ᠰ ᠤᠨ ᠣᠷᠣᠮ ᠲᠡᠮᠳᠡᠭ ᠪᠤᠢ᠃
18 ᠠᠬ᠎ᠠ ᠳᠡᠭᠦᠦ ᠨᠠᠷ ᠡ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠢᠪᠡᠭᠡᠯ ᠲᠠ ᠨᠠᠷ ᠤᠨ ᠰᠦᠨᠡᠰᠦ ᠲᠠᠢ ᠬᠠᠮᠲᠤ ᠪᠠᠢᠬᠤ ᠪᠣᠯᠲᠤᠭᠠᠢ᠃ ᠠᠮᠧᠨ︕