ᠭᠠᠯᠠᠲ᠋ᠢᠶ᠎ᠠ ᠳᠥᠷᠪᠡ
1 ᠨᠡᠮᠡᠵᠦ ᠬᠡᠯᠡᠶ᠎ᠡ᠂ ᠥᠪ ᠵᠠᠯᠭᠠᠮᠵᠢᠯᠠᠭᠴᠢ ᠨᠢ ᠬᠡᠳᠦᠢᠪᠡᠷ ᠪᠦᠬᠦ ᠥᠮᠴᠢ ᠶᠢᠨ ᠡᠵᠡᠨ ᠪᠣᠯᠪᠠᠴᠤ ᠬᠡᠦᠬᠡᠳ ᠪᠠᠢᠬᠤ ᠳᠠᠭᠠᠨ ᠵᠠᠷᠤᠴᠠ ᠠᠴᠠ ᠢᠯᠭᠠᠭ᠎ᠠ ᠦᠭᠡᠢ ᠪᠥᠭᠡᠳ 2 ᠡᠴᠢᠭᠡ ᠶᠢᠨ ᠢᠶᠠᠨ ᠲᠣᠭᠲᠠᠭᠠᠭᠰᠠᠨ ᠴᠠᠭ ᠪᠣᠯᠲᠠᠯ᠎ᠠ ᠠᠰᠠᠷᠠᠭᠴᠢ ᠪᠠ ᠭᠡᠷ ᠦᠨ ᠬᠠᠮᠢᠶᠠᠷᠤᠭᠴᠢ ᠶᠢᠨ ᠳᠣᠣᠷ᠎ᠠ ᠪᠠᠢᠳᠠᠭ᠃ 3 ᠲᠡᠭᠦᠨᠴᠢᠯᠡᠨ ᠪᠢᠳᠡ ᠴᠤ ᠬᠡᠦᠬᠡᠳ ᠪᠠᠢᠬᠤ ᠳᠠᠭᠠᠨ ᠶᠢᠷᠲᠢᠨᠴᠦ ᠶᠢᠨ ᠡᠩ ᠦᠨ ᠵᠢᠷᠤᠮ ᠳᠤ ᠪᠣᠭᠣᠯᠴᠢᠯᠠᠭᠳᠠᠵᠤ ᠪᠠᠢᠭᠰᠠᠨ᠃ 4 ᠬᠠᠷᠢᠨ ᠨᠥᠭᠥᠭᠡ ᠴᠠᠭ ᠪᠣᠯᠬᠤ ᠳᠤ᠂ ᠪᠤᠷᠬᠠᠨ ᠬᠦᠦ ᠪᠡᠨ ᠢᠯᠡᠭᠡᠭᠰᠡᠨ ᠪᠥᠭᠡᠳ ᠲᠡᠭᠦᠨ ᠢ ᠡᠮᠡᠭᠲᠡᠢ ᠬᠥᠮᠦᠨ ᠡᠴᠡ ᠲᠥᠷᠥᠭᠦᠯᠦᠨ᠂ 5 ᠬᠠᠤᠯᠢ ᠶᠢᠨ ᠳᠣᠣᠷ᠎ᠠ ᠪᠠᠢᠯᠭᠠᠭᠰᠠᠨ ᠢᠶᠠᠷ ᠢᠶᠠᠨ ᠬᠠᠤᠯᠢ ᠶᠢᠨ ᠳᠣᠣᠷᠠᠬᠢ ᠬᠥᠮᠦᠰ ᠢ ᠵᠣᠯᠢᠶᠠᠰᠤᠯᠠᠨ ᠠᠪᠴᠤ᠂ ᠪᠢᠳᠡᠨ ᠳᠦ ᠬᠦᠦ ᠶᠢᠨ ᠡᠷᠬᠡ ᠶᠢ ᠣᠯᠭᠣᠪᠠ᠃ 6 ᠲᠠ ᠨᠠᠷ ᠬᠦᠦ ᠨᠢ ᠤᠴᠢᠷ ᠠᠴᠠ 《ᠠᠪᠪᠠ 5 ᠡ᠂ ᠠᠪᠤ ᠡ》 ᠭᠡᠵᠦ ᠳᠠᠭᠤᠳᠠᠬᠤ ᠬᠦᠦ ᠶᠢᠨ ᠰᠦᠨᠡᠰᠦ ᠶᠢ ᠪᠤᠷᠬᠠᠨ ᠪᠢᠳᠡᠨ ᠦ ᠵᠢᠷᠦᠬᠡᠨ ᠳᠦ ᠢᠯᠡᠭᠡᠭᠰᠡᠨ᠃ 7 ᠡᠢᠮᠦ ᠡᠴᠡ ᠡᠳᠦᠭᠡ ᠲᠠ ᠪᠣᠭᠣᠯ ᠪᠢᠰᠢ᠂ ᠬᠦᠦ ᠨᠢ ᠪᠣᠯᠣᠯ᠎ᠠ᠃ ᠬᠦᠦ ᠨᠢ ᠪᠣᠯᠬᠣᠷ ᠪᠤᠷᠬᠠᠨ ᠲᠠᠨ ᠢ ᠪᠠᠰᠠ ᠥᠪ ᠵᠠᠯᠭᠠᠮᠵᠢᠯᠠᠭᠴᠢ ᠪᠣᠯᠭᠠᠪᠠ᠃
ᠴᠢᠭᠤᠯᠭᠠᠨ ᠤ ᠲᠥᠯᠥᠭᠡᠬᠢ ᠰᠠᠨᠠᠭᠠᠰᠢᠷᠠᠯ
8 ᠬᠠᠷᠢᠨ ᠲᠠ ᠨᠠᠷ ᠤᠷᠢᠳᠤ ᠨᠢ ᠪᠤᠷᠬᠠᠨ ᠢ ᠲᠠᠨᠢᠭ᠎ᠠ ᠦᠭᠡᠢ ᠲᠤᠯᠠ ᠪᠤᠷᠬᠠᠨ ᠪᠤᠰᠤ ᠨᠤᠭᠤᠳ ᠲᠤ ᠪᠣᠭᠣᠯᠴᠢᠯᠠᠭᠳᠠᠵᠤ ᠪᠠᠢᠭᠰᠠᠨ᠂ 9 ᠭᠡᠪᠡᠴᠦ ᠣᠳᠣ ᠲᠠ ᠨᠠᠷ ᠪᠤᠷᠬᠠᠨ ᠢ ᠲᠠᠨᠢᠭᠰᠠᠨ᠂ ᠡᠭᠦᠨ ᠡᠴᠡ ᠢᠯᠡᠭᠦᠦ ᠪᠡᠷ ᠪᠤᠷᠬᠠᠨ ᠳᠤ ᠲᠠᠨᠢᠭᠳᠠᠭᠰᠠᠨ ᠠᠲᠠᠯ᠎ᠠ ᠪᠠᠨ ᠶᠠᠭᠤᠨ ᠳᠤ ᠲᠡᠷᠡ ᠬᠦ ᠴᠢᠳᠠᠪᠤᠷᠢ ᠦᠭᠡᠢ᠂ ᠥᠴᠦᠬᠡᠨ ᠡᠩ ᠦᠨ ᠶᠣᠰᠣ ᠵᠢᠷᠤᠮ ᠳᠤ ᠪᠤᠴᠠᠵᠤ ᠪᠠᠢᠭ᠎ᠠ ᠪᠤᠢ︖ ᠳᠠᠬᠢᠨ ᠪᠣᠭᠣᠯᠴᠢᠯᠠᠭᠳᠠᠬᠤ ᠪᠠᠷ ᠪᠠᠢᠨ᠎ᠠ ᠤᠤ︖ 10 ᠲᠠ ᠨᠠᠷ ᠡᠳᠦᠷ᠂ ᠰᠠᠷ᠎ᠠ᠂ ᠤᠯᠠᠷᠢᠯ ᠪᠠ ᠵᠢᠯ ᠢ ᠰᠠᠬᠢᠳᠠᠭ ᠭᠡᠨ᠎ᠡ᠂ 11 ᠲᠠ ᠨᠠᠷ ᠤᠨ ᠲᠥᠯᠥᠭᠡ ᠵᠢᠳᠬᠦᠭᠰᠡᠨ ᠮᠢᠨᠢ ᠲᠠᠯᠠᠭᠠᠷ ᠪᠣᠯᠬᠤ ᠪᠤᠢ ᠭᠡᠵᠦ ᠪᠢ ᠠᠶᠤᠵᠤ ᠪᠠᠢᠨ᠎ᠠ᠃
12 ᠠᠬ᠎ᠠ ᠳᠡᠭᠦᠦ ᠨᠠᠷ ᠡ︕ ᠪᠢ ᠲᠠ ᠨᠠᠷ ᠠᠴᠠ ᠭᠤᠶᠤᠶ᠎ᠠ᠂ ᠨᠠᠳᠠ ᠲᠠᠢ ᠠᠳᠠᠯᠢ ᠪᠣᠯᠵᠠᠭ᠎ᠠ᠂ ᠪᠢ ᠴᠤ ᠲᠠ ᠨᠠᠷ ᠲᠠᠢ ᠠᠳᠠᠯᠢ ᠪᠣᠯᠣᠭᠰᠠᠨ᠃ ᠭᠡᠬᠦ ᠳᠡᠭᠡᠨ ᠲᠠ ᠨᠠᠷ ᠨᠠᠳᠠ ᠳᠤ ᠪᠤᠷᠤᠭᠤ ᠬᠢᠯ᠎ᠡ ᠭᠡᠰᠡᠨ ᠦᠭᠡ ᠪᠢᠰᠢ᠃ 13 ᠲᠠ ᠨᠠᠷ ᠤᠨ ᠮᠡᠳᠡᠭᠰᠡᠨᠴᠢᠯᠡᠨ ᠮᠢᠨᠦ ᠪᠡᠶ᠎ᠡ ᠲᠠᠮᠢᠷ ᠦᠭᠡᠢ ᠪᠠᠢᠭᠰᠠᠨ ᠪᠣᠯᠬᠣᠷ ᠲᠠ ᠨᠠᠷ ᠲᠤ ᠪᠠᠶᠠᠷ ᠤᠨ ᠮᠡᠳᠡᠭᠡ ᠶᠢ ᠠᠩᠬ᠎ᠠ ᠲᠤᠩ᠋ᠬᠠᠭᠯᠠᠭᠰᠠᠨ ᠪᠥᠭᠡᠳ 14 ᠪᠡᠶ᠎ᠡ ᠶᠢᠨ ᠪᠠᠢᠳᠠᠯ ᠮᠢᠨᠢ ᠲᠠ ᠨᠠᠷ ᠲᠤ ᠰᠣᠷᠢᠯᠲᠠ ᠪᠠᠢᠭᠰᠠᠨ ᠪᠣᠯᠪᠠᠴᠤ ᠲᠠ ᠨᠠᠷ ᠪᠠᠰᠤᠮᠵᠢᠯᠠᠭᠰᠠᠨ ᠦᠭᠡᠢ᠂ ᠣᠭᠣᠷᠣᠭᠰᠠᠨ ᠴᠤ ᠦᠭᠡᠢ᠂ ᠬᠠᠷᠢᠨ ᠪᠤᠷᠬᠠᠨ ᠤ ᠡᠯᠴᠢ ᠪᠤᠶᠤ ᠾᠷᠢᠰᠲ᠋ᠣᠰ ᠢᠰᠦ᠋ᠰ ᠢ ᠬᠦᠯᠢᠶᠡᠨ ᠠᠪᠬᠤ ᠮᠡᠲᠦ ᠨᠠᠮᠠᠶᠢ ᠬᠦᠯᠢᠶᠡᠨ ᠠᠪᠤᠭᠰᠠᠨ᠃ 15 ᠲᠡᠷᠡ ᠪᠤᠶᠠᠨ ᠴᠢᠨᠢ ᠣᠳᠣ ᠬᠠᠮᠢᠭ᠎ᠠ ᠪᠠᠢᠨ᠎ᠠ︖ ᠲᠠ ᠨᠠᠷ ᠲᠤ ᠭᠡᠷᠡᠴᠢᠯᠡᠶ᠎ᠡ᠂ ᠪᠣᠯᠣᠮᠵᠢ ᠲᠠᠢ ᠰᠠᠨ ᠪᠣᠯ ᠲᠠ ᠨᠠᠷ ᠨᠠᠳᠠ ᠳᠤ ᠨᠢᠳᠦ ᠪᠡᠨ ᠴᠤ ᠤᠬᠤᠭᠠᠳ ᠥᠭᠬᠦ ᠪᠠᠢᠭᠰᠠᠨ᠃ 16 ᠭᠡᠪᠡᠴᠦ ᠣᠳᠣ ᠪᠢ ᠦᠨᠡᠨ ᠢ ᠬᠡᠯᠡᠭᠰᠡᠨ ᠢᠶᠡᠷ ᠲᠠ ᠨᠠᠷ ᠤᠨ ᠥᠰᠢᠶᠡᠲᠡᠨ ᠪᠣᠯᠴᠢᠬᠠᠭᠰᠠᠨ ᠶᠤᠮ ᠭᠡᠵᠢ ᠤᠤ︖ 17 ᠲᠡᠳᠡᠭᠡᠷ ᠬᠥᠮᠦᠨ ᠦ ᠲᠠ ᠨᠠᠷ ᠲᠤ ᠬᠠᠯᠠᠭᠤᠮᠰᠤᠭ ᠪᠠᠢᠭ᠎ᠠ ᠨᠢ ᠰᠠᠢᠨ ᠳᠠᠭᠠᠨ ᠪᠢᠰᠢ᠂ ᠬᠠᠷᠢᠨ ᠲᠠ ᠨᠠᠷ ᠢ ᠪᠢᠳᠡᠨ ᠡᠴᠡ ᠬᠥᠨᠳᠡᠢᠷᠡᠭᠦᠯᠵᠦ᠂ ᠥᠪᠡᠷᠰᠡᠳ ᠲᠡᠭᠡᠨ ᠬᠠᠯᠠᠭᠤᠮᠰᠤᠭ ᠪᠠᠢᠯᠭᠠᠬᠤ ᠶᠢᠨ ᠲᠤᠯᠠᠳᠠ ᠶᠤᠮ᠃ 18 ᠨᠠᠮᠠᠶᠢ ᠲᠠ ᠨᠠᠷ ᠲᠠᠢ ᠬᠠᠮᠲᠤ ᠪᠠᠢᠬᠤ ᠳᠤ ᠴᠤ ᠪᠠᠢ᠂ ᠦᠭᠡᠢ ᠳᠦ ᠴᠤ ᠪᠠᠢ᠂ ᠰᠠᠢᠨ ᠰᠠᠨᠠᠭᠠᠨ ᠠᠴᠠ ᠬᠠᠯᠠᠭᠤᠮᠰᠤᠭ ᠪᠠᠢᠬᠤ ᠨᠢ ᠬᠡᠵᠢᠶᠡᠳᠡ ᠰᠠᠢᠨ᠃ 19 ᠬᠡᠦᠬᠡᠳ ᠤᠳ ᠮᠢᠨᠢ᠂ ᠲᠠ ᠨᠠᠷ ᠤᠨ ᠳᠣᠲᠣᠷ᠎ᠠ ᠾᠷᠢᠰᠲ᠋ᠣᠰ ᠬᠡᠯᠪᠡᠷᠢᠵᠢᠨ ᠲᠣᠭᠲᠠᠲᠠᠯ᠎ᠠ ᠪᠢ ᠲᠥᠷᠥᠬᠦ ᠶᠢᠨ ᠵᠣᠪᠠᠯᠠᠩ ᠢ ᠳᠠᠬᠢᠨ ᠠᠮᠰᠠᠬᠤ ᠪᠣᠯᠣᠯ᠎ᠠ᠃ 20 ᠣᠳᠣ ᠴᠤ ᠪᠢ ᠲᠠ ᠨᠠᠷ ᠲᠠᠢ ᠬᠠᠮᠲᠤ ᠪᠠᠢᠵᠤ᠂ ᠥᠭᠡᠷ᠎ᠡ ᠠᠶᠠᠰ ᠢᠶᠠᠷ ᠶᠠᠷᠢᠬᠤ ᠶᠤᠮ ᠰᠠᠨ᠃ ᠲᠠ ᠨᠠᠷ ᠠᠴᠠ ᠪᠣᠯᠵᠤ ᠪᠢ ᠡᠷᠡᠭᠡᠯᠵᠡᠨ ᠵᠣᠪᠠᠵᠤ ᠪᠠᠢᠨ᠎ᠠ᠃
ᠬᠣᠶᠠᠷ ᠡᠮᠡᠭᠲᠡᠢ ᠶᠢᠨ ᠦᠯᠢᠭᠡᠷᠯᠡᠯ
21 ᠬᠠᠤᠯᠢ ᠶᠢᠨ ᠳᠣᠣᠷ᠎ᠠ ᠪᠠᠢᠬᠤ ᠳᠤᠷᠠᠲᠠᠢ ᠬᠥᠮᠦᠰ ᠡ᠂ ᠨᠠᠳᠠ ᠳᠤ ᠬᠡᠯᠡᠭᠡᠴᠢ︕ ᠲᠠ ᠨᠠᠷ ᠬᠠᠤᠯᠢ ᠶᠢᠨ ᠲᠤᠬᠠᠢ ᠰᠣᠨᠣᠰᠬᠤ ᠭᠡᠵᠦ ᠪᠠᠢᠨ᠎ᠠ ᠤᠤ︖ 22 ᠠᠪᠷᠠᠬᠠᠮ ᠳᠤ ᠬᠣᠶᠠᠷ ᠬᠦᠦ ᠪᠠᠢᠭᠰᠠᠨ ᠪᠥᠭᠡᠳ ᠨᠢᠭᠡ ᠨᠢ ᠰᠢᠪᠡᠭᠴᠢᠨ ᠡᠴᠡ᠂ ᠨᠥᠭᠥᠭᠡ ᠨᠢ ᠡᠷᠬᠡ ᠴᠢᠯᠥᠭᠡᠲᠦ ᠡᠮᠡᠭᠲᠡᠢ ᠡᠴᠡ ᠲᠥᠷᠥᠭᠰᠡᠨ ᠭᠡᠵᠦ ᠪᠢᠴᠢᠭᠳᠡᠭᠰᠡᠨ ᠪᠠᠢᠳᠠᠭ᠃ 23 ᠰᠢᠪᠡᠭᠴᠢᠨ ᠤ ᠬᠦᠦ ᠮᠢᠬᠠᠨ ᠪᠡᠶ᠎ᠡ ᠶᠢᠨ ᠶᠣᠰᠣᠭᠠᠷ᠂ ᠡᠷᠬᠡ ᠴᠢᠯᠥᠭᠡᠲᠦ ᠡᠮᠡᠭᠲᠡᠢ ᠶᠢᠨ ᠬᠦᠦ ᠠᠮᠠᠯᠠᠯᠲᠠ ᠶᠢᠨ ᠶᠣᠰᠣᠭᠠᠷ ᠲᠥᠷᠥᠭᠰᠡᠨ᠃ 24 ᠡᠨᠡ ᠨᠢ ᠵᠦᠢᠷᠯᠡᠯ ᠪᠥᠭᠡᠳ ᠬᠣᠶᠠᠷ ᠡᠮᠡᠭᠲᠡᠢ ᠨᠢ ᠬᠣᠶᠠᠷ ᠭᠡᠷ᠎ᠡ ᠶᠢ ᠵᠢᠭᠠᠵᠤ ᠪᠠᠢᠨ᠎ᠠ᠃ ᠨᠢᠭᠡ ᠨᠢ ᠰᠢᠨᠠᠢ ᠠᠭᠤᠯᠠᠨ ᠠᠴᠠ ᠭᠠᠷᠴᠤ ᠪᠣᠭᠣᠯᠴᠢᠯᠠᠯ ᠳᠤ ᠣᠷᠣᠬᠤ ᠬᠡᠦᠬᠡᠳ ᠤᠳ ᠢ ᠲᠥᠷᠥᠭᠰᠡᠨ ᠬᠠᠭᠠᠷ ᠮᠥᠨ᠃ 25 ᠡᠨᠡ ᠬᠦ ᠬᠠᠭᠠᠷ ᠪᠣᠯ ᠠᠷᠠᠪ ᠤᠨ ᠰᠢᠨᠠᠢ ᠠᠭᠤᠯᠠ ᠪᠥᠭᠡᠳ ᠬᠡᠦᠬᠡᠳ ᠲᠡᠢ ᠪᠡᠨ ᠬᠠᠮᠲᠤ ᠪᠣᠭᠣᠯᠴᠢᠯᠠᠭᠳᠠᠵᠤ ᠪᠠᠢᠭ᠎ᠠ ᠶᠧᠷᠦ᠋ᠰᠠᠯᠧᠮ ᠢ ᠬᠡᠯᠡᠨ᠎ᠡ᠂ 26 ᠭᠡᠲᠡᠯ᠎ᠡ ᠳᠡᠭᠡᠷ᠎ᠡ ᠪᠠᠢᠳᠠᠭ ᠶᠧᠷᠦ᠋ᠰᠠᠯᠧᠮ ᠨᠢ ᠡᠷᠬᠡ ᠴᠢᠯᠥᠭᠡ ᠲᠠᠢ ᠪᠥᠭᠡᠳ ᠪᠢᠳᠡᠨ ᠦ ᠡᠵᠢ ᠮᠥᠨ᠃ 27 ᠤᠴᠢᠷ ᠨᠢ᠂ 《ᠪᠠᠶᠠᠷᠯᠠᠭᠲᠤᠨ᠂ ᠬᠡᠦᠬᠡᠳ ᠲᠥᠷᠥᠭᠦᠯᠦᠭᠡ ᠦᠭᠡᠢ ᠬᠡᠭᠦᠰᠡᠷ ᠴᠢ︕ ᠬᠣᠭᠣᠯᠠᠢ ᠮᠡᠳᠡᠨ ᠬᠠᠰᠬᠢᠷᠤᠭᠲᠤᠨ᠂ ᠲᠥᠷᠥᠯᠲᠡ ᠶᠢᠨ ᠵᠣᠪᠠᠯᠠᠩ ᠦᠵᠡᠭᠡ ᠦᠭᠡᠢ ᠴᠢ︕ ᠭᠠᠭᠴᠠ ᠪᠡᠶ᠎ᠡ ᠠᠲᠠᠯ᠎ᠠ ᠪᠠᠨ ᠨᠥᠬᠥᠷ ᠲᠡᠢ ᠠᠴᠠ ᠣᠯᠠᠨ ᠬᠡᠦᠬᠡᠳ ᠲᠡᠢ ᠪᠣᠯᠪᠠ》
ᠭᠡᠵᠦ ᠪᠢᠴᠢᠭᠳᠡᠭᠰᠡᠨ ᠪᠠᠢᠳᠠᠭ᠃ 28 ᠠᠬ᠎ᠠ ᠳᠡᠭᠦᠦ ᠨᠠᠷ ᠡ︕ ᠲᠠ ᠨᠠᠷ ᠪᠣᠯ ᠢᠰᠠᠺ ᠰᠢᠭ᠋ ᠠᠮᠠᠯᠠᠯᠲᠠ ᠶᠢᠨ ᠬᠡᠦᠬᠡᠳ ᠪᠢᠯᠡ᠃ 29 ᠬᠠᠷᠢᠨ ᠲᠤᠬᠠᠢ ᠶᠢᠨ ᠦᠶ᠎ᠡ ᠳᠦ ᠮᠢᠬᠠᠨ ᠪᠡᠶ᠎ᠡ ᠪᠡᠷ ᠲᠥᠷᠥᠭᠰᠡᠨ ᠨᠢ ᠰᠦᠨᠡᠰᠦ ᠪᠡᠷ ᠲᠥᠷᠥᠭᠰᠡᠨ ᠢ ᠬᠠᠪᠴᠢᠭᠰᠠᠨ ᠲᠠᠢ ᠠᠳᠠᠯᠢ ᠥᠨᠥ ᠦᠶ᠎ᠡ ᠳᠦ ᠴᠤ ᠲᠡᠭᠡᠵᠦ ᠪᠠᠢᠨ᠎ᠠ᠃ 30 ᠭᠡᠪᠡᠴᠦ ᠠᠷᠢᠭᠤᠨ ᠨᠣᠮ ᠶᠠᠭᠤ ᠭᠡᠪᠡ︖ 《ᠰᠢᠪᠡᠭᠴᠢᠨ ᠢ ᠬᠦᠦ ᠲᠠᠢ ᠨᠢ ᠬᠠᠮᠲᠤ ᠵᠠᠢᠯᠠᠭᠤᠯ᠂ ᠰᠢᠪᠡᠭᠴᠢᠨ ᠤ ᠬᠦᠦ ᠨᠢ ᠡᠷᠬᠡ ᠴᠢᠯᠥᠭᠡᠲᠦ ᠡᠮᠡᠭᠲᠡᠢ ᠶᠢᠨ ᠬᠦᠦ ᠲᠠᠢ ᠬᠠᠮᠲᠤ ᠥᠪ ᠵᠠᠯᠭᠠᠮᠵᠢᠯᠠᠬᠤ ᠤᠴᠢᠷ ᠦᠭᠡᠢ》 ᠭᠡᠰᠡᠨ᠃ 31 ᠲᠡᠢᠮᠦ ᠡᠴᠡ ᠠᠬ᠎ᠠ ᠳᠡᠭᠦᠦ ᠨᠠᠷ ᠡ︕ ᠪᠢᠳᠡ ᠪᠣᠯ ᠰᠢᠪᠡᠭᠴᠢᠨ ᠤ ᠬᠡᠦᠬᠡᠳ ᠤᠳ ᠪᠢᠰᠢ᠂ ᠡᠷᠬᠡ ᠴᠢᠯᠥᠭᠡᠲᠦ ᠡᠮᠡᠭᠲᠡᠢ ᠶᠢᠨ ᠬᠡᠦᠬᠡᠳ ᠤᠳ ᠮᠥᠨ᠃