ᠨᠧᠾᠧᠮᠢᠶ᠎ᠠ ᠳᠥᠷᠪᠡ
ᠳᠠᠢᠰᠤᠨ ᠤ ᠡᠰᠡᠷᠭᠦᠴᠡᠯ
1 ᠪᠢᠳᠡ ᠬᠡᠷᠡᠮ ᠢ ᠰᠡᠷᠭᠦᠭᠡᠨ ᠪᠠᠷᠢᠵᠤ ᠪᠠᠢᠭ᠎ᠠ ᠶᠢ ᠰᠠᠨᠪᠠᠯᠠᠲ ᠰᠣᠨᠣᠰᠣᠭᠠᠳ ᠶᠡᠬᠡᠳᠡ ᠠᠭᠤᠷᠯᠠᠨ ᠴᠢᠬᠤᠯᠳᠠᠵᠤ᠂ ᠶᠦᠳᠠᠢᠴᠤᠳ ᠢ ᠳᠣᠷᠣᠮᠵᠢᠯᠠᠨ 2 ᠬᠠᠮᠲᠤᠷᠠᠭᠴᠢᠳ ᠪᠣᠯᠣᠨ ᠰᠠᠮᠠᠷᠢᠶ᠎ᠠ ᠶᠢᠨ ᠴᠡᠷᠢᠭ ᠤᠳ ᠤᠨ ᠡᠮᠦᠨ᠎ᠡ᠄ 《ᠡᠳᠡᠭᠡᠷ ᠳᠣᠷᠣᠢ ᠶᠦᠳᠠᠢᠴᠤᠳ ᠤᠨ ᠶᠠᠭᠤ ᠬᠢᠵᠦ ᠪᠠᠢᠭ᠎ᠠ ᠶᠢ ᠬᠠᠷᠠᠭᠠᠴᠢ︕ ᠲᠡᠳᠡ ᠥᠪᠡᠷᠰᠡᠳ ᠢᠶᠡᠨ ᠪᠣᠰᠬᠠᠵᠤ ᠴᠢᠳᠠᠨ᠎ᠠ ᠭᠡᠵᠢ ᠤᠤ︖ ᠲᠡᠳᠡ ᠲᠠᠬᠢᠯ ᠡᠷᠭᠦᠨ᠎ᠡ ᠭᠡᠨ᠎ᠡ ᠤᠤ︖ ᠨᠢᠭᠡ ᠡᠳᠦᠷ ᠦᠨ ᠳᠣᠲᠣᠷ᠎ᠠ ᠳᠠᠭᠤᠰᠬᠠᠨ᠎ᠠ ᠭᠡᠨ᠎ᠡ ᠤᠤ︖ ᠰᠢᠲᠠᠭᠰᠠᠨ ᠴᠢᠯᠠᠭᠤ ᠨᠤᠭᠤᠳ ᠢᠶᠠᠨ ᠰᠢᠷᠣᠢ ᠶᠢᠨ ᠣᠪᠣᠭᠠᠨ ᠠᠴᠠ ᠭᠠᠷᠭᠠᠭᠠᠳ ᠠᠮᠢ ᠲᠠᠢ ᠪᠣᠯᠭᠠᠨ᠎ᠠ ᠭᠡᠵᠢ ᠤᠤ︖》 ᠭᠡᠪᠡ᠃ 3 ᠬᠠᠵᠠᠭᠤ ᠳᠤᠨᠢ ᠪᠠᠢᠭᠰᠠᠨ ᠠᠮᠣᠨ ᠬᠥᠮᠦᠨ ᠲᠣᠪᠢᠶ᠎ᠠ᠄ 《ᠲᠡᠳᠡ ᠴᠢᠯᠠᠭᠤᠨ ᠬᠡᠷᠡᠮ ᠪᠣᠰᠬᠠᠵᠤ ᠪᠠᠢᠭ᠎ᠠ ᠴᠤ ᠲᠡᠭᠦᠨ ᠦ ᠬᠢᠨᠢ ᠳᠡᠭᠡᠭᠦᠷ ᠦᠨᠡᠭᠡ ᠬᠠᠷᠠᠢᠪᠠᠯ ᠨᠤᠷᠠᠬᠤ ᠪᠣᠯᠣᠨ᠎ᠠ》 ᠭᠡᠯᠡ᠃ 4 ᠪᠢᠳᠡᠨ ᠦ ᠪᠤᠷᠬᠠᠨ ᠰᠣᠨᠣᠰᠣᠭᠠᠴᠢ᠂ ᠪᠢᠳᠡ ᠳᠣᠷᠣᠮᠵᠢᠯᠠᠭᠳᠠᠵᠤ ᠪᠠᠢᠨ᠎ᠠ︕ ᠲᠡᠳᠡᠨ ᠦ ᠳᠣᠷᠣᠮᠵᠢᠯᠠᠯ ᠥᠪᠡᠷᠰᠡᠳ ᠦᠨ ᠬᠢᠨᠢ ᠲᠣᠯᠣᠭᠠᠢ ᠳᠡᠭᠡᠷ᠎ᠡ ᠪᠤᠴᠠᠵᠤ᠂ ᠲᠡᠳᠡ ᠴᠥᠯᠡᠭᠳᠡᠭᠰᠡᠨ ᠭᠠᠵᠠᠷ ᠲᠠᠭᠠᠨ ᠣᠯᠵᠠ ᠪᠣᠯᠣᠭ᠃ 5 ᠲᠡᠳᠡᠨ ᠦ ᠭᠡᠮ ᠢ ᠪᠦᠦ ᠬᠠᠯᠬᠠᠯᠠᠭᠠᠴᠢ᠂ ᠲᠡᠳᠡᠨ ᠦ ᠨᠢᠭᠦᠯ ᠢ ᠪᠦᠦ ᠪᠠᠯᠠᠯᠤᠭᠠᠴᠢ᠃ ᠲᠡᠳᠡ ᠲᠠᠨ ᠢ ᠪᠠᠷᠢᠯᠭᠠᠴᠢᠳ ᠤᠨ ᠡᠮᠦᠨ᠎ᠡ ᠠᠭᠤᠷᠰᠠᠭᠤᠯᠤᠭᠰᠠᠨ ᠶᠤᠮ᠃
6 ᠪᠢᠳᠡ ᠬᠡᠷᠡᠮ ᠢ ᠪᠠᠷᠢᠭᠰᠠᠭᠠᠷ ᠪᠠᠢᠯ᠎ᠠ᠃ ᠠᠷᠠᠳ ᠲᠦᠮᠡᠨ ᠴᠢᠩ ᠰᠡᠳᠬᠢᠯ ᠡᠴᠡ ᠪᠡᠨ ᠬᠥᠳᠡᠯᠮᠦᠷᠢᠯᠡᠵᠦ᠂ ᠪᠦᠬᠦ ᠬᠡᠷᠡᠮ ᠢ ᠥᠨᠳᠥᠷ ᠦᠨ ᠬᠢᠨᠢ ᠬᠠᠭᠠᠰ ᠲᠤ ᠬᠦᠷᠭᠡᠵᠡᠢ᠃
7 ᠶᠧᠷᠦ᠋ᠰᠠᠯᠧᠮ ᠤᠨ ᠬᠡᠷᠡᠮ ᠦᠨ ᠵᠠᠰᠠᠪᠤᠷᠢ ᠤᠷᠤᠭᠰᠢᠲᠠᠢ ᠶᠠᠪᠤᠭᠳᠠᠵᠤ᠂ ᠰᠡᠲᠡᠷᠬᠡᠢ ᠨᠢ ᠪᠥᠭᠯᠡᠭᠳᠡᠵᠦ ᠪᠠᠢᠭ᠎ᠠ ᠶᠢ ᠰᠠᠨᠪᠠᠯᠠᠲ᠂ ᠲᠣᠪᠢᠶ᠎ᠠ᠂ ᠠᠷᠠᠪ ᠤᠳ᠂ ᠠᠮᠣᠨᠴᠤᠳ ᠪᠣᠯᠣᠨ ᠠᠱᠠᠳᠣᠳ᠋ᠴᠤᠳ ᠰᠣᠨᠣᠰᠣᠭᠠᠳ ᠶᠡᠬᠡᠳᠡ ᠠᠭᠤᠷᠯᠠᠪᠠ᠃ 8 ᠲᠡᠳᠡ ᠪᠦᠭᠦᠳᠡᠭᠡᠷ ᠢᠶᠡᠨ ᠨᠡᠢᠯᠡᠨ ᠬᠤᠤᠪᠢᠯᠳᠤᠵᠤ᠄ 《ᠶᠧᠷᠦ᠋ᠰᠠᠯᠧᠮ ᠳᠤ ᠣᠴᠢᠵᠤ ᠪᠠᠢᠯᠳᠤᠭᠠᠨ ᠬᠢᠵᠦ ᠦᠢᠮᠡᠭᠦᠯᠵᠡᠭᠡᠶᠡ》 ᠭᠡᠯᠴᠡᠪᠡ᠃ 9 ᠪᠢᠳᠡ ᠪᠤᠷᠬᠠᠨ ᠳᠠᠭᠠᠨ ᠳᠠᠭᠠᠳᠬᠠᠭᠰᠠᠨ ᠪᠠ ᠲᠡᠳᠡᠨ ᠦ ᠤᠯᠠᠮ ᠢᠶᠠᠷ ᠬᠠᠷᠠᠭᠤᠯ ᠲᠠᠯᠪᠢᠵᠤ᠂ ᠡᠳᠦᠷ ᠰᠥᠨᠢ ᠦᠭᠡᠢ ᠬᠠᠷᠠᠭᠤᠯᠳᠠᠭᠤᠯᠪᠠ᠃
10 ᠶᠦᠳᠠᠢᠴᠤᠳ᠄ 《ᠬᠣᠭ ᠠᠰᠤᠷᠤ ᠶᠡᠬᠡ ᠪᠠᠢᠨ᠎ᠠ᠂ ᠬᠥᠳᠡᠯᠮᠦᠷᠢᠯᠡᠭᠴᠢ ᠶᠢᠨ ᠬᠦᠴᠦ ᠰᠤᠯᠠᠳᠠᠵᠤ ᠪᠠᠢᠨ᠎ᠠ᠂ ᠬᠡᠷᠡᠮ ᠢ ᠪᠣᠰᠬᠠᠵᠤ ᠴᠢᠳᠠᠬᠤ ᠦᠭᠡᠢ ᠨᠢ》 ᠭᠡᠵᠦ ᠪᠠᠢᠭᠰᠠᠨ ᠪᠣᠯ᠂ 11 ᠪᠢᠳᠡᠨ ᠦ ᠳᠠᠢᠰᠤᠨ ᠨᠤᠭᠤᠳ᠄ 《ᠲᠡᠳᠡ ᠮᠡᠳᠡᠭᠡ ᠦᠭᠡᠢ᠂ ᠬᠠᠷᠠᠭ᠎ᠠ ᠦᠭᠡᠢ ᠪᠠᠢᠬᠤ ᠳᠤ᠂ ᠪᠢᠳᠡ ᠳᠤᠮᠳᠠ ᠨᠢ ᠣᠷᠣᠭᠠᠳ ᠲᠡᠳᠡᠨ ᠢ ᠠᠯᠠᠵᠤ᠂ ᠠᠵᠢᠯ ᠢ ᠨᠢ ᠵᠣᠭᠰᠣᠭᠠᠶ᠎ᠠ》 ᠭᠡᠵᠦ ᠪᠠᠢᠪᠠ᠃ 12 ᠬᠠᠷᠢᠨ ᠲᠡᠳᠡᠨ ᠦ ᠣᠢᠷᠠᠯᠴᠠᠭ᠎ᠠ ᠰᠠᠭᠤᠳᠠᠭ ᠶᠦᠳᠠᠢᠴᠤᠳ ᠢᠷᠡᠵᠡᠭᠡᠵᠦ᠂ ᠪᠢᠳᠡᠨ ᠢ ᠳᠣᠪᠲᠣᠯᠬᠤ ᠪᠠᠷ ᠬᠤᠤᠪᠢᠯᠳᠤᠵᠤ ᠪᠠᠢᠭ᠎ᠠ ᠲᠡᠳᠡᠨ ᠦ ᠠᠷᠭ᠎ᠠ ᠵᠠᠯᠢ ᠶᠢ ᠪᠢᠳᠡᠨ ᠳᠦ ᠠᠷᠪᠠᠭᠠᠳ ᠤᠳᠠᠭ᠎ᠠ ᠬᠡᠯᠡᠭᠰᠡᠨ ᠲᠤᠯᠠ 13 ᠪᠢ ᠠᠷᠠᠳ ᠣᠯᠠᠨ ᠢ ᠰᠡᠯᠡᠮ᠎ᠡ᠂ ᠵᠢᠳᠠ᠂ ᠨᠤᠮᠤ ᠰᠤᠮᠤ ᠪᠠᠷ ᠵᠡᠪᠰᠡᠭᠯᠡᠭᠦᠯᠦᠭᠡᠳ ᠠᠢᠮᠠᠭ ᠠᠢᠮᠠᠭ ᠢᠶᠠᠷ ᠨᠢ ᠬᠡᠷᠡᠮ ᠦᠨ ᠠᠷᠤ ᠲᠠᠯ᠎ᠠ ᠶᠢᠨ ᠨᠠᠮ ᠵᠠᠳᠠᠭᠠᠢ ᠭᠠᠵᠠᠷ ᠢᠶᠠᠷ ᠪᠠᠢᠷᠢᠯᠠᠭᠤᠯᠪᠠ᠃ 14 ᠪᠢ ᠡᠨᠡ ᠪᠦᠬᠦᠨ ᠢ ᠠᠵᠢᠭᠯᠠᠭᠠᠳ ᠨᠣᠶᠠᠳ ᠲᠦᠰᠢᠮᠡᠳ ᠪᠣᠯᠣᠨ ᠪᠤᠰᠤᠳ ᠠᠷᠠᠳ ᠣᠯᠠᠨ ᠳᠤ᠄ 《ᠲᠡᠳᠡᠨ ᠡᠴᠡ ᠪᠦᠦ ᠠᠶᠤ᠃ ᠠᠤᠭ᠎ᠠ᠂ ᠠᠶᠤᠮᠰᠢᠭᠲᠤ ᠡᠵᠡᠨ ᠢ ᠪᠣᠳᠣᠵᠤ᠂ ᠠᠬ᠎ᠠ ᠳᠡᠭᠦᠦᠰ᠂ ᠬᠥᠪᠡᠭᠦᠳ ᠥᠬᠢᠳ᠂ ᠡᠬᠡᠨᠡᠷ ᠬᠢᠭᠡᠳ ᠠᠷᠤ ᠭᠡᠷ ᠦᠨ ᠢᠶᠠᠨ ᠲᠥᠯᠥᠭᠡ ᠲᠤᠯᠤᠯᠳᠤᠭᠲᠤᠨ》 ᠭᠡᠵᠦ ᠬᠡᠯᠡᠪᠡ᠃
15 ᠥᠪᠡᠷᠰᠡᠳ ᠦᠨ ᠬᠢᠨᠢ ᠲᠥᠯᠥᠪᠯᠡᠭᠡ ᠵᠠᠳᠠᠷᠠᠵᠤ᠂ ᠪᠤᠷᠬᠠᠨ ᠲᠡᠭᠦᠨ ᠢ ᠨᠢ ᠨᠤᠷᠠᠭᠠᠭᠰᠠᠨ ᠢ ᠪᠢᠳᠡᠨ ᠦ ᠳᠠᠢᠰᠤᠨ ᠮᠡᠳᠡᠵᠡᠢ᠃ ᠪᠢᠳᠡ ᠪᠦᠭᠦᠳᠡᠭᠡᠷ ᠢᠶᠡᠨ ᠬᠡᠷᠡᠮ ᠤᠷᠤᠭᠤ᠂ ᠬᠥᠮᠦᠨ ᠪᠦᠷᠢ ᠠᠵᠢᠯ ᠤᠷᠤᠭᠤ ᠪᠠᠨ ᠪᠤᠴᠠᠪᠠ᠃ 16 ᠬᠠᠷᠢᠨ ᠲᠡᠷᠡ ᠡᠳᠦᠷ ᠡᠴᠡ ᠬᠣᠢᠰᠢ ᠮᠠᠨ ᠤ ᠬᠢᠨ ᠤ ᠬᠠᠭᠠᠰ ᠨᠢ ᠠᠵᠢᠯ ᠬᠢᠵᠦ᠂ ᠬᠠᠭᠠᠰ ᠨᠢ ᠵᠢᠳᠠ᠂ ᠪᠠᠮᠪᠠᠢ᠂ ᠨᠤᠮᠤ ᠪᠠᠷᠢᠨ ᠬᠤᠶᠠᠭᠯᠠᠵᠤ᠂ ᠬᠡᠷᠡᠮ ᠪᠠᠷᠢᠵᠤ ᠪᠠᠢᠭ᠎ᠠ ᠶᠦᠳᠠ ᠶᠢᠨ ᠪᠦᠬᠦ ᠭᠡᠷ ᠦᠨ ᠬᠢᠨ ᠤ ᠠᠷᠤ ᠳᠤ ᠳᠠᠭᠠᠭᠠᠮᠠᠯ ᠨᠠᠷ ᠵᠣᠭᠰᠣᠵᠤ ᠪᠠᠢᠯ᠎ᠠ᠃ 17 ᠠᠴᠢᠶ᠎ᠠ ᠵᠥᠭᠡᠭᠡᠭᠴᠢᠳ ᠨᠢᠭᠡ ᠭᠠᠷ ᠢᠶᠠᠷ ᠢᠶᠠᠨ ᠠᠵᠢᠯ ᠢᠶᠠᠨ ᠬᠢᠵᠦ᠂ ᠨᠥᠭᠥᠭᠡ ᠭᠠᠷ ᠢᠶᠠᠷ ᠢᠶᠠᠨ ᠵᠡᠪᠰᠡᠭ ᠢᠶᠡᠨ ᠪᠠᠷᠢᠵᠤ᠂ 18 ᠪᠠᠷᠢᠯᠭᠠᠴᠢᠨ ᠪᠦᠷᠢ ᠠᠵᠢᠯ ᠬᠢᠬᠦ ᠳᠡᠭᠡᠨ ᠰᠡᠯᠡᠮ᠎ᠡ ᠪᠡᠨ ᠲᠠᠰᠢᠶᠠᠨ ᠳᠠᠭᠠᠨ ᠵᠡᠭᠦᠵᠦ ᠶᠠᠪᠤᠳᠠᠭ ᠪᠠᠢᠯ᠎ᠠ᠃ ᠪᠦᠷᠢᠶᠡᠴᠢᠨ ᠮᠢᠨᠦ ᠬᠠᠵᠠᠭᠤ ᠳᠤ ᠪᠠᠢᠪᠠ᠃ 19 ᠪᠢ ᠨᠣᠶᠠᠳ ᠲᠦᠰᠢᠮᠡᠳ ᠪᠣᠯᠣᠨ ᠪᠤᠰᠤᠳ ᠠᠷᠠᠳ ᠣᠯᠠᠨ ᠳᠤ᠄ 《ᠠᠵᠢᠯ ᠶᠡᠬᠡ᠂ ᠬᠦᠷᠢᠶ᠎ᠡ ᠬᠡᠪᠴᠢᠶ᠎ᠡ ᠥᠷᠭᠡᠨ ᠡᠴᠡ ᠪᠣᠯᠣᠭᠠᠳ ᠪᠢᠳᠡ ᠬᠡᠷᠡᠮ ᠳᠡᠭᠡᠷ᠎ᠡ ᠪᠡᠶ᠎ᠡ ᠪᠡᠶ᠎ᠡ ᠡᠴᠡ ᠪᠡᠨ ᠬᠣᠯᠠᠳᠠᠭᠰᠠᠨ ᠪᠠᠢᠨ᠎ᠠ᠃ 20 ᠲᠠ ᠨᠠᠷ ᠬᠠᠮᠢᠭ᠎ᠠ ᠪᠠᠢᠭᠰᠠᠨ ᠭᠠᠵᠠᠷ ᠲᠠᠭᠠᠨ ᠪᠦᠷᠢᠶᠡᠨ ᠳᠠᠭᠤ ᠰᠣᠨᠣᠰᠪᠠᠯ ᠲᠡᠰᠢ ᠪᠠᠨ ᠪᠢᠳᠡᠨ ᠤᠷᠤᠭᠤ ᠴᠤᠭᠯᠠᠷᠠᠵᠠᠭᠠ᠃ ᠪᠢᠳᠡᠨ ᠦ ᠪᠤᠷᠬᠠᠨ ᠪᠢᠳᠡᠨ ᠦ ᠲᠥᠯᠥᠭᠡ ᠲᠤᠯᠤᠯᠳᠤᠨ᠎ᠠ》 ᠭᠡᠪᠡ᠃
21 ᠢᠩᠭᠢᠭᠡᠳ ᠠᠵᠢᠯ ᠬᠢᠵᠦ ᠪᠠᠢᠬᠤ ᠳᠤ᠂ ᠪᠢᠳᠡᠨ ᠦ ᠬᠠᠭᠠᠰ ᠨᠢ ᠦᠷ ᠴᠠᠢᠬᠤ ᠠᠴᠠ ᠣᠳᠣ ᠭᠠᠷᠬᠤ ᠬᠦᠷᠲᠡᠯ᠎ᠡ ᠵᠢᠳᠠ ᠪᠠᠷᠢᠳᠠᠭ ᠪᠠᠢᠪᠠ᠃ 22 ᠮᠥᠨ ᠲᠡᠷᠡ ᠦᠶ᠎ᠡ ᠳᠦ ᠪᠢ ᠠᠷᠠᠳ ᠣᠯᠠᠨ ᠳᠤ᠄ 《ᠬᠥᠮᠦᠨ ᠪᠦᠷᠢ ᠲᠤᠰᠠᠯᠠᠭᠴᠢ ᠲᠠᠢ ᠪᠠᠨ ᠬᠠᠮᠲᠤ ᠶᠧᠷᠦ᠋ᠰᠠᠯᠧᠮ ᠤᠨ ᠳᠣᠲᠣᠷ᠎ᠠ ᠬᠣᠨᠣᠭᠠᠷᠠᠢ᠃ ᠲᠡᠢᠨ ᠬᠦ ᠲᠡᠳᠡ ᠪᠢᠳᠡᠨ ᠳᠦ ᠰᠥᠨᠢ ᠳᠡᠭᠡᠨ ᠬᠠᠷᠠᠭᠤᠯ᠂ ᠡᠳᠦᠷ ᠲᠡᠭᠡᠨ ᠠᠵᠢᠯᠴᠢᠨ ᠪᠣᠯᠬᠤ ᠪᠣᠯᠣᠨ᠎ᠠ》 ᠭᠡᠵᠦ ᠬᠡᠯᠡᠪᠡ᠃ 23 ᠲᠡᠢᠮᠦ ᠡᠴᠡ ᠪᠢ ᠪᠣᠯᠣᠨ ᠮᠢᠨᠦ ᠠᠬ᠎ᠠ ᠳᠡᠭᠦᠦ ᠨᠠᠷ᠂ ᠵᠠᠷᠤᠴᠠ ᠨᠠᠷ᠂ ᠨᠠᠮᠠᠶᠢ ᠳᠠᠭᠠᠵᠤ ᠪᠠᠢᠭ᠎ᠠ ᠬᠠᠷᠠᠭᠤᠯ ᠤᠨ ᠬᠡᠨ ᠨᠢ ᠴᠤ ᠬᠤᠪᠴᠠᠰᠤ ᠪᠠᠨ ᠲᠠᠢᠯᠳᠠᠭ ᠦᠭᠡᠢ᠂ ᠤᠰᠤᠨ ᠳᠤ ᠶᠠᠪᠤᠬᠤ ᠳᠠᠭᠠᠨ ᠴᠤ ᠵᠡᠪᠰᠡᠭ ᠢᠶᠡᠨ ᠠᠪᠴᠤ ᠶᠠᠪᠤᠳᠠᠭ ᠪᠠᠢᠪᠠ᠃