1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠᠨ ᠲᠠᠪᠤ
 ᠶᠦᠳᠠ ᠶᠢᠨ ᠬᠣᠶᠠᠷ ᠬᠠᠭᠠᠨ

1 ᠨᠧᠪᠠᠲ ᠤᠨ ᠬᠦᠦ ᠶᠧᠷᠣᠪᠣᠶᠠᠮ ᠬᠠᠭᠠᠨ ᠤ ᠠᠷᠪᠠᠨ ᠨᠠᠢ᠌ᠮᠠᠳᠤᠭᠠᠷ ᠣᠨ ᠳᠤ᠂ ᠠᠪᠢᠶᠠ ᠶᠦᠳᠠ ᠶᠢᠨ ᠬᠠᠭᠠᠨ ᠪᠣᠯᠵᠤ᠂ 2 ᠶᠧᠷᠦ᠋ᠰᠠᠯᠧᠮ ᠳᠤ ᠭᠤᠷᠪᠠᠨ ᠵᠢᠯ ᠬᠠᠭᠠᠨᠴᠢᠯᠠᠪᠠ᠃ ᠡᠬᠡ ᠨᠢ ᠠᠪᠰᠠᠯᠣᠮ ᠤᠨ ᠥᠬᠢᠨ ᠮᠠᠺᠠ ᠪᠠᠢᠪᠠ᠃ 3 ᠠᠪᠢᠶᠠ ᠡᠴᠢᠭᠡ ᠶᠢᠨ ᠢᠶᠠᠨ ᠦᠢᠯᠡᠳᠦᠭᠰᠡᠨ ᠨᠢᠭᠦᠯ ᠪᠣᠯᠭᠠᠨ ᠢ ᠦᠢᠯᠡᠳᠪᠡ᠃ ᠲᠡᠭᠦᠨ ᠦ ᠰᠡᠳᠬᠢᠯ ᠡᠴᠢᠭᠡ ᠡᠪᠦᠭᠡ ᠳ᠋ᠠᠸᠢᠳ᠋ ᠤᠨ ᠢᠶᠠᠨ ᠶᠣᠬᠣᠸᠠ ᠳᠤ ᠦᠨᠡᠨᠴᠢ ᠪᠠᠢᠭᠰᠠᠨ ᠰᠢᠭ᠋ ᠪᠠᠢᠭ᠎ᠠ ᠦᠭᠡᠢ᠃ 4 ᠬᠠᠷᠢᠨ ᠳ᠋ᠠᠸᠢᠳ᠋ ᠤᠨ ᠤᠯᠠᠮ ᠢᠶᠠᠷ ᠲᠡᠭᠦᠨ ᠦ ᠪᠤᠷᠬᠠᠨ ᠶᠣᠬᠣᠸᠠ ᠶᠧᠷᠦ᠋ᠰᠠᠯᠧᠮ ᠳᠠᠬᠢ ᠳ᠋ᠠᠸᠢᠳ᠋ ᠤᠨ ᠳ᠋ᠧᠩ ᠢ ᠠᠰᠠᠭᠠᠯᠲᠠᠲᠠᠢ ᠪᠠᠢᠯᠭᠠᠨ ᠠᠪᠢᠶᠠ ᠶᠢ ᠵᠠᠯᠭᠠᠮᠵᠢᠯᠠᠬᠤ ᠬᠦᠦ ᠶᠢ ᠡᠷᠭᠦᠮᠵᠢᠯᠡᠵᠦ᠂ ᠶᠧᠷᠦ᠋ᠰᠠᠯᠧᠮ ᠢ ᠪᠡᠬᠢᠵᠢᠭᠦᠯᠵᠡᠢ᠃ 5 ᠡᠨᠡ ᠨᠢ ᠳ᠋ᠠᠸᠢᠳ᠋ ᠶᠣᠬᠣᠸᠠ ᠶᠢᠨ ᠮᠡᠯᠮᠡᠢ ᠶᠢᠨ ᠡᠮᠦᠨ᠎ᠡ ᠵᠥᠪ ᠢ ᠦᠢᠯᠡᠳᠦᠭᠰᠡᠨ ᠦ ᠤᠴᠢᠷ ᠠᠴᠠ ᠶᠤᠮ᠃ ᠾᠢᠲ ᠬᠥᠮᠦᠨ ᠦᠦᠷᠢᠶ᠎ᠠ ᠶᠢᠨ ᠬᠡᠷᠡᠭ ᠢ ᠡᠰᠡ ᠲᠣᠭᠠᠴᠠᠪᠠᠯ᠂ ᠳ᠋ᠠᠸᠢᠳ᠋ ᠠᠮᠢᠳᠤᠷᠠᠯ ᠤᠨ ᠢᠶᠠᠨ ᠪᠦᠬᠦ ᠡᠳᠦᠷ ᠤᠳ ᠢᠶᠠᠷ ᠶᠣᠬᠣᠸᠠ ᠶᠢᠨ ᠲᠡᠭᠦᠨ ᠳᠦ ᠲᠤᠰᠢᠶᠠᠭᠰᠠᠨ ᠪᠦᠬᠦᠨ ᠡᠴᠡ ᠭᠠᠵᠢᠭᠰᠠᠨ ᠦᠭᠡᠢ᠃ 6 ᠶᠧᠷᠣᠪᠣᠶᠠᠮ᠂ ᠷᠧᠬᠣᠪᠣᠶᠠᠮ ᠨᠠᠷ ᠤᠨ ᠠᠮᠢᠳᠤᠷᠠᠯ ᠤᠨ ᠪᠦᠬᠦᠢᠯᠡ ᠡᠳᠦᠷ ᠤᠳ ᠲᠤ ᠲᠡᠳᠡ ᠨᠠᠷ ᠤᠨ ᠬᠣᠭᠣᠷᠣᠨᠳᠣ ᠳᠠᠢᠨ ᠦᠷᠭᠦᠯᠵᠢᠯᠡᠭᠰᠡᠭᠡᠷ ᠪᠠᠢᠭᠰᠠᠨ ᠰᠢᠭ᠋ 7 ᠠᠪᠢᠶᠠ᠂ ᠶᠧᠷᠣᠪᠣᠶᠠᠮ ᠨᠠᠷ ᠤᠨ ᠬᠣᠭᠣᠷᠣᠨᠳᠣ ᠴᠤ ᠳᠠᠢᠨ ᠦᠷᠭᠦᠯᠵᠢᠯᠡᠭᠰᠡᠭᠡᠷ ᠪᠠᠢᠯ᠎ᠠ᠃ ᠠᠪᠢᠶᠠ ᠶᠢᠨ ᠪᠤᠰᠤᠳ ᠶᠠᠪᠤᠳᠠᠯ ᠪᠣᠯᠣᠨ ᠬᠢᠭᠰᠡᠨ ᠪᠦᠬᠦᠨ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 8 ᠠᠪᠢᠶᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠪᠥᠭᠡᠳ ᠳ᠋ᠠᠸᠢᠳ᠋ ᠤᠨ ᠬᠣᠲᠠ ᠳᠤ ᠪᠤᠯᠠᠰᠢᠯᠠᠭᠳᠠᠵᠠᠢ᠃ ᠬᠦᠦ ᠠᠰᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃

9 ᠢᠰᠷᠧᠯ ᠤᠨ ᠬᠠᠭᠠᠨ ᠶᠧᠷᠣᠪᠣᠶᠠᠮ ᠤᠨ ᠬᠣᠷᠢᠳᠤᠭᠠᠷ ᠣᠨ ᠳᠤ᠂ ᠠᠰᠠ ᠶᠦᠳᠠ ᠶᠢᠨ ᠬᠠᠭᠠᠨ ᠪᠣᠯᠵᠤ᠂ 10 ᠶᠧᠷᠦ᠋ᠰᠠᠯᠧᠮ ᠳᠤ ᠳᠥᠴᠢᠨ ᠨᠢᠭᠡᠨ ᠵᠢᠯ ᠬᠠᠭᠠᠨᠴᠢᠯᠠᠪᠠ᠃ ᠲᠡᠭᠦᠨ ᠦ ᠡᠮᠡᠭᠡ ᠪᠣᠯ ᠠᠪᠰᠠᠯᠣᠮ ᠤᠨ ᠥᠬᠢᠨ ᠮᠠᠺᠠ ᠶᠤᠮ᠃ 11 ᠠᠰᠠ ᠡᠴᠢᠭᠡ ᠡᠪᠦᠭᠡ ᠳ᠋ᠠᠸᠢᠳ᠋ ᠰᠢᠭ᠋ ᠢᠶᠠᠨ ᠶᠣᠬᠣᠸᠠ ᠶᠢᠨ ᠮᠡᠯᠮᠡᠢ ᠳᠦ ᠵᠥᠪ ᠢ ᠦᠢᠯᠡᠳᠴᠦ᠂ 12 ᠳᠤᠭᠠᠩ ᠤᠨ ᠶᠠᠩ᠋ᠬᠠᠨ ᠡᠷᠡᠴᠦᠳ ᠢ ᠭᠠᠵᠠᠷ ᠨᠤᠲᠤᠭ ᠠᠴᠠ ᠪᠠᠨ ᠬᠥᠭᠡᠭᠡᠨ ᠭᠠᠷᠭᠠᠵᠤ᠂ ᠡᠴᠢᠭᠡ ᠡᠪᠦᠭᠡᠳ ᠦᠨ ᠢᠶᠠᠨ ᠪᠦᠲᠦᠭᠡᠭᠰᠡᠨ ᠰᠢᠲᠦᠭᠡᠨ ᠨᠦᠭᠦᠳ ᠢ ᠪᠦᠭᠦᠳᠡ ᠶᠢ ᠬᠠᠶᠠᠪᠠ᠃ 13 ᠲᠡᠷᠡ ᠪᠠᠰᠠ ᠡᠮᠡᠭᠡ ᠡᠬᠡ ᠮᠠᠺᠠ ᠪᠠᠨ ᠠᠱᠧᠷᠠ ᠶᠢᠨ ᠵᠢᠭᠰᠢᠭᠦᠷᠢᠲᠦ ᠬᠥᠷᠥᠭ ᠢ ᠪᠦᠲᠦᠭᠡᠭᠰᠡᠨ ᠦ ᠬᠢᠨᠢ ᠤᠴᠢᠷ ᠢᠶᠠᠷ ᠡᠬᠡ ᠬᠠᠲᠤᠨ ᠤ ᠪᠠᠢᠷᠢ ᠡᠴᠡ ᠨᠢ ᠬᠠᠯᠠᠵᠠᠢ᠃ ᠠᠰᠠ ᠲᠡᠷᠡ ᠵᠢᠭᠰᠢᠭᠦᠷᠢᠲᠦ ᠬᠥᠷᠥᠭ ᠢ ᠴᠠᠪᠴᠢᠵᠤ᠂ ᠺᠢᠳ᠋ᠷᠣᠨ ᠭᠣᠷᠣᠬᠠᠨ ᠤ ᠳᠡᠷᠭᠡᠳᠡ ᠰᠢᠲᠠᠭᠠᠪᠠ᠃ 14 ᠮᠥᠷᠭᠥᠯ ᠦᠨ ᠮᠠᠨᠳᠠᠯ ᠤᠳ ᠨᠢ ᠤᠰᠠᠳᠬᠠᠭᠳᠠᠭ᠎ᠠ ᠦᠭᠡᠢ ᠪᠣᠯᠪᠠᠴᠤ ᠠᠰᠠ ᠶᠢᠨ ᠰᠡᠳᠬᠢᠯ ᠨᠠᠰᠤᠨ ᠲᠤᠷᠰᠢᠳᠠ ᠪᠠᠨ ᠶᠣᠬᠣᠸᠠ ᠳᠤ ᠦᠨᠡᠨᠴᠢ ᠪᠠᠢᠪᠠ᠃ 15 ᠲᠡᠷᠡ ᠡᠴᠢᠭᠡ ᠶᠢᠨ ᠢᠶᠠᠨ ᠪᠣᠯᠣᠨ ᠥᠪᠡᠷ ᠦᠨ ᠢᠶᠠᠨ ᠠᠷᠢᠭᠤᠰᠬᠠᠵᠤ ᠵᠣᠷᠢᠭᠤᠯᠤᠭᠰᠠᠨ ᠠᠯᠲᠠ᠂ ᠮᠥᠩᠭᠥ ᠪᠠ ᠬᠡᠷᠡᠭᠰᠡᠯ ᠤᠳ ᠢ ᠶᠣᠬᠣᠸᠠ ᠶᠢᠨ ᠥᠷᠭᠥᠭᠡᠨ ᠳᠦ ᠣᠷᠣᠭᠤᠯᠵᠤ ᠲᠠᠯᠪᠢᠭᠰᠠᠨ ᠪᠠᠢᠨ᠎ᠠ᠃

16 ᠠᠰᠠ ᠪᠣᠯᠣᠨ ᠢᠰᠷᠧᠯ ᠤᠨ ᠬᠠᠭᠠᠨ ᠪᠠᠱᠠ ᠶᠢᠨ ᠠᠮᠢᠳᠤᠷᠠᠯ ᠤᠨ ᠪᠦᠬᠦᠢᠯᠡ ᠡᠳᠦᠷ ᠤᠳ ᠢᠶᠠᠷ ᠲᠡᠳᠡ ᠨᠠᠷ ᠤᠨ ᠬᠣᠭᠣᠷᠣᠨᠳᠣ ᠳᠠᠢᠨ ᠦᠷᠭᠦᠯᠵᠢᠯᠡᠭᠰᠡᠭᠡᠷ ᠪᠠᠢᠪᠠ᠃ 17 ᠢᠰᠷᠧᠯ ᠤᠨ ᠬᠠᠭᠠᠨ ᠪᠠᠱᠠ ᠶᠦᠳᠠ ᠳᠤ ᠬᠠᠯᠳᠠᠵᠤ᠂ ᠶᠦᠳᠠ ᠶᠢᠨ ᠬᠠᠭᠠᠨ ᠠᠰᠠ ᠤᠷᠤᠭᠤ ᠢᠷᠡᠵᠦ ᠶᠠᠪᠤᠬᠤ ᠵᠠᠮ ᠢ ᠬᠠᠭᠠᠬᠤ ᠶᠢᠨ ᠲᠤᠯᠠᠳᠠ ᠷᠠᠮᠠ ᠳᠤ ᠪᠡᠬᠢᠯᠡᠯᠲᠡ ᠪᠣᠰᠬᠠᠵᠠᠢ᠃ 18 ᠠᠰᠠ ᠶᠣᠬᠣᠸᠠ ᠶᠢᠨ ᠥᠷᠭᠥᠭᠡ ᠪᠣᠯᠣᠨ ᠥᠪᠡᠷ ᠦᠨ ᠢᠶᠠᠨ ᠣᠷᠳᠣᠨ ᠤ ᠬᠥᠮᠥᠷᠭᠡ ᠳᠦ ᠦᠯᠡᠳᠡᠭᠰᠡᠨ ᠪᠦᠬᠦ ᠠᠯᠲᠠ ᠮᠥᠩᠭᠥ ᠶᠢ ᠬᠠᠮᠤᠨ᠂ ᠲᠦᠰᠢᠮᠡᠳ ᠦᠨ ᠢᠶᠠᠨ ᠭᠠᠷ ᠲᠤ ᠥᠭᠭᠥᠭᠡᠳ ᠳ᠋ᠠᠮᠠᠰᠺᠦ᠋ᠰ ᠲᠤ ᠰᠠᠭᠤᠵᠤ ᠪᠠᠢᠭ᠎ᠠ ᠠᠷᠠᠮ ᠤᠨ ᠬᠠᠭᠠᠨ ᠾᠧᠽᠢᠶᠣᠨ ᠤ ᠠᠴᠢ ᠲᠠᠪᠷᠢᠮᠣᠨ ᠤ ᠬᠦᠦ ᠪᠧᠨ ᠬᠠᠳᠠᠳ᠋ ᠲᠤ ᠢᠯᠡᠭᠡᠨ᠄ 19 《ᠮᠢᠨᠦ ᠡᠴᠢᠭᠡ ᠪᠣᠯᠣᠨ ᠲᠠᠨ ᠤ ᠡᠴᠢᠭᠡ ᠬᠣᠭᠣᠷᠣᠨᠳᠣ ᠪᠠᠨ ᠭᠡᠷ᠎ᠡ ᠪᠠᠢᠭᠤᠯᠤᠭᠰᠠᠨ ᠰᠢᠭ᠋ ᠲᠠ ᠪᠢᠳᠡ ᠬᠣᠶᠠᠷ ᠴᠤ ᠪᠠᠢᠭᠤᠯᠤᠶ᠎ᠠ᠃ ᠬᠠᠷᠠ᠂ ᠪᠢ ᠲᠠᠨ ᠳᠤ ᠠᠯᠲᠠ ᠮᠥᠩᠭᠥ ᠶᠢ ᠪᠡᠯᠡᠭ ᠪᠣᠯᠭᠠᠨ ᠢᠯᠡᠭᠡᠶ᠎ᠡ᠃ ᠲᠠ ᠢᠰᠷᠧᠯ ᠤᠨ ᠬᠠᠭᠠᠨ ᠪᠠᠱᠠ ᠲᠠᠢ ᠲᠣᠭᠲᠠᠭᠠᠭᠰᠠᠨ ᠭᠡᠷ᠎ᠡ ᠪᠡᠨ ᠴᠤᠴᠠᠯᠠᠭᠠᠴᠢ᠂ ᠲᠡᠭᠡᠪᠡᠯ ᠲᠡᠷᠡ ᠨᠠᠳᠠ ᠠᠴᠠ ᠬᠣᠯᠠᠳᠠᠨ᠎ᠠ》 ᠭᠡᠵᠡᠢ᠃ 20 ᠪᠧᠨ ᠬᠠᠳᠠᠳ᠋ ᠠᠰᠠ ᠬᠠᠭᠠᠨ ᠤ ᠬᠢ ᠶᠢ ᠰᠣᠨᠣᠰᠴᠤ᠂ ᠢᠰᠷᠧᠯ ᠤᠨ ᠬᠣᠲᠠ ᠨᠤᠭᠤᠳ ᠢ ᠳᠣᠪᠲᠣᠯᠬᠤ ᠪᠠᠷ ᠴᠡᠷᠢᠭ ᠤᠨ ᠵᠠᠩᠵᠤᠨ ᠨᠠᠷ ᠢᠶᠠᠨ ᠢᠯᠡᠭᠡᠨ ᠢᠶᠣᠨ᠂ ᠳ᠋ᠠᠨ᠂ ᠠᠪᠧᠯ ᠪᠧᠲ ᠮᠠᠺᠠ᠂ ᠺᠢᠨᠧᠷᠧᠲ ᠤᠨ ᠪᠦᠬᠦ ᠨᠤᠲᠤᠭ ᠪᠣᠯᠣᠨ ᠨᠠᠹᠲ᠋ᠠᠯᠢ ᠶᠢᠨ ᠪᠦᠬᠦ ᠨᠤᠲᠤᠭ ᠢ ᠳᠣᠪᠲᠣᠯᠵᠠᠢ᠃ 21 ᠪᠠᠱᠠ ᠡᠭᠦᠨ ᠢ ᠳᠤᠭᠤᠯᠤᠭᠠᠳ ᠷᠠᠮᠠ ᠶᠢ ᠪᠡᠬᠢᠯᠡᠨ ᠪᠠᠷᠢᠬᠤ ᠪᠠᠨ ᠪᠣᠯᠢᠵᠤ᠂ ᠲᠢᠷᠽᠠ ᠳᠤ ᠰᠠᠭᠤᠭᠰᠠᠭᠠᠷ ᠪᠠᠢᠪᠠ᠃ 22 ᠠᠰᠠ ᠬᠠᠭᠠᠨ ᠶᠦᠳᠠ ᠳᠠᠶᠠᠭᠠᠷ ᠵᠠᠷᠯᠢᠭ ᠪᠠᠭᠤᠯᠭᠠᠵᠤ ᠬᠡᠨ ᠢ ᠴᠤ ᠬᠣᠴᠣᠷᠣᠭᠤᠯᠤᠯ ᠦᠭᠡᠢ ᠪᠠᠷ ᠳᠠᠢᠴᠢᠯᠠᠨ ᠪᠠᠱᠠ ᠶᠢᠨ ᠷᠠᠮᠠ ᠶᠢ ᠪᠠᠷᠢᠬᠤ ᠳᠤ ᠬᠡᠷᠡᠭᠯᠡᠵᠦ ᠪᠠᠢᠭᠰᠠᠨ ᠮᠣᠳᠣ ᠴᠢᠯᠠᠭᠤ ᠶᠢ ᠠᠪᠴᠢᠷᠠᠭᠤᠯᠵᠤ᠂ ᠲᠡᠳᠡᠭᠡᠷ ᠢᠶᠡᠷ ᠪᠢᠨᠶᠠᠮᠢᠨ ᠳᠠᠬᠢ ᠭᠧᠪᠠ ᠪᠣᠯᠣᠨ ᠮᠢᠽᠫᠠ ᠶᠢ ᠪᠣᠰᠬᠠᠭᠰᠠᠨ ᠪᠠᠢᠨ᠎ᠠ᠃ 23 ᠠᠰᠠ ᠶᠢᠨ ᠪᠤᠰᠤᠳ ᠪᠦᠬᠦ ᠶᠠᠪᠤᠳᠠᠯ᠂ ᠲᠡᠭᠦᠨ ᠦ ᠡᠷᠬᠡ ᠮᠡᠳᠡᠯ᠂ ᠬᠢᠭᠰᠡᠨ ᠪᠦᠬᠦ ᠠᠵᠢᠯ ᠪᠠ ᠪᠣᠰᠬᠠᠭᠰᠠᠨ ᠪᠦᠬᠦ ᠬᠣᠲᠠ ᠨᠤᠭᠤᠳ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ ᠬᠠᠷᠢᠨ ᠲᠡᠷᠡ ᠥᠲᠡᠯᠦᠭᠡ ᠨᠠᠰᠤᠨ ᠳᠠᠭᠠᠨ ᠬᠥᠯ ᠦᠨ ᠡᠪᠡᠳᠴᠢᠲᠡᠢ ᠪᠣᠯᠪᠠ᠃ 24 ᠠᠰᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠨ᠂ ᠡᠴᠢᠭᠡ ᠳ᠋ᠠᠸᠢᠳ᠋ ᠤᠨ ᠢᠶᠠᠨ ᠬᠣᠲᠠ ᠳᠤ ᠲᠡᠳᠡᠨ ᠦ ᠪᠠᠨ ᠳᠡᠷᠭᠡᠳᠡ ᠣᠷᠣᠰᠢᠭᠤᠯᠤᠭᠳᠠᠵᠠᠢ᠃ ᠬᠦᠦ ᠶᠧᠬᠣᠱᠠᠹᠠᠲ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃
 ᠢᠰᠷᠧᠯ ᠤᠨ ᠲᠠᠪᠤᠨ ᠬᠠᠭᠠᠨ

25 ᠶᠦᠳᠠ ᠶᠢᠨ ᠬᠠᠭᠠᠨ ᠠᠰᠠ ᠶᠢᠨ ᠬᠣᠶᠠᠳᠤᠭᠠᠷ ᠣᠨ ᠳᠤ᠂ ᠶᠧᠷᠣᠪᠣᠶᠠᠮ ᠤᠨ ᠬᠦᠦ ᠨᠠᠳᠠᠪ ᠢᠰᠷᠧᠯ ᠤᠨ ᠬᠠᠭᠠᠨ ᠪᠣᠯᠵᠤ᠂ ᠢᠰᠷᠧᠯ ᠢ ᠬᠣᠶᠠᠷ ᠵᠢᠯ ᠵᠠᠬᠢᠷᠪᠠ᠃ 26 ᠲᠡᠷᠡ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠦᠭᠰᠡᠨ ᠪᠥᠭᠡᠳ ᠡᠴᠢᠭᠡ ᠶᠢᠨ ᠢᠶᠠᠨ ᠵᠠᠮ ᠢᠶᠠᠷ ᠶᠠᠪᠤᠵᠤ᠂ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠡᠴᠢᠭᠡ ᠶᠢᠨ ᠢᠶᠠᠨ ᠨᠢᠭᠦᠯ ᠢ ᠳᠠᠪᠲᠠᠵᠠᠢ᠃

27 ᠨᠠᠳᠠᠪ ᠪᠣᠯᠣᠨ ᠪᠦᠬᠦ ᠢᠰᠷᠧᠯ ᠹᠢᠯᠢᠰᠲ ᠤᠨ ᠭᠠᠵᠠᠷ ᠳᠠᠬᠢ ᠭᠢᠪᠧᠲ᠋ᠣᠨ ᠢ ᠪᠦᠰᠡᠯᠡᠵᠦ ᠪᠠᠢᠬᠤ ᠳᠤ᠂ ᠢᠰᠠᠺᠠᠷ ᠤᠨ ᠭᠡᠷ ᠦᠨ ᠠᠾᠢᠶᠠ ᠶᠢᠨ ᠬᠦᠦ ᠪᠠᠱᠠ ᠬᠤᠤᠪᠢᠯᠳᠤᠭᠠᠨ ᠭᠠᠷᠭᠠᠵᠤ᠂ ᠨᠠᠳᠠᠪ ᠢ ᠲᠡᠨᠳᠡ ᠴᠣᠬᠢᠵᠤ ᠠᠯᠠᠭᠰᠠᠨ ᠪᠠᠢᠨ᠎ᠠ᠃ 28 ᠲᠡᠢᠨ ᠬᠦ ᠶᠦᠳᠠ ᠶᠢᠨ ᠬᠠᠭᠠᠨ ᠠᠰᠠ ᠶᠢᠨ ᠭᠤᠷᠪᠠᠳᠤᠭᠠᠷ ᠣᠨ ᠳᠤ ᠪᠠᠱᠠ ᠨᠠᠳᠠᠪ ᠢ ᠠᠯᠠᠵᠤ᠂ ᠲᠡᠭᠦᠨ ᠦ ᠣᠷᠣᠨ ᠳᠤ ᠬᠠᠭᠠᠨ ᠪᠣᠯᠪᠠ᠃ 29 ᠪᠠᠱᠠ ᠬᠠᠭᠠᠨ ᠪᠣᠯᠣᠩ᠋ᠭᠤᠲᠠ ᠪᠠᠨ ᠶᠧᠷᠣᠪᠣᠶᠠᠮ ᠤᠨ ᠪᠦᠬᠦ ᠭᠡᠷ ᠦᠨ ᠬᠢᠨ ᠢ ᠴᠣᠬᠢᠵᠤ᠂ ᠲᠡᠳᠡᠨ ᠡᠴᠡ ᠠᠮᠢ ᠠᠮᠢᠰᠬᠤᠯ ᠲᠠᠢ ᠨᠢᠭᠡ ᠶᠢ ᠴᠤ ᠦᠯᠡᠳᠡᠭᠡᠯ ᠦᠭᠡᠢ ᠠᠯᠠᠭᠰᠠᠨ ᠨᠢ ᠶᠣᠬᠣᠸᠠ ᠥᠪᠡᠷ ᠦᠨ ᠢᠶᠠᠨ ᠵᠠᠷᠤᠴᠠ ᠱᠢᠯᠣ᠋ ᠬᠥᠮᠦᠨ ᠠᠾᠢᠶᠠ ᠪᠠᠷ ᠳᠠᠮᠵᠢᠭᠤᠯᠤᠨ ᠬᠡᠯᠡᠭᠰᠡᠨ ᠶᠣᠰᠣᠭᠠᠷ ᠪᠣᠯᠵᠠᠢ᠃ 30 ᠡᠨᠡ ᠨᠢ ᠶᠧᠷᠣᠪᠣᠶᠠᠮ ᠥᠪᠡᠷ ᠢᠶᠡᠨ ᠨᠢᠭᠦᠯ ᠦᠢᠯᠡᠳᠴᠦ᠂ ᠮᠥᠨ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠢᠶᠡᠷ ᠢᠶᠠᠨ ᠢᠰᠷᠧᠯ ᠤᠨ ᠪᠤᠷᠬᠠᠨ ᠶᠣᠬᠣᠸᠠ ᠶᠢ ᠬᠢᠯᠢᠩᠨᠡᠭᠦᠯᠦᠭᠰᠡᠨ ᠦ ᠤᠴᠢᠷ ᠶᠤᠮ᠃

31 ᠨᠠᠳᠠᠪ ᠤᠨ ᠪᠤᠰᠤᠳ ᠶᠠᠪᠤᠳᠠᠯ ᠪᠣᠯᠣᠨ ᠬᠢᠭᠰᠡᠨ ᠪᠦᠬᠦᠨ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 32 ᠠᠰᠠ ᠪᠣᠯᠣᠨ ᠢᠰᠷᠧᠯ ᠤᠨ ᠬᠠᠭᠠᠨ ᠪᠠᠱᠠ ᠶᠢᠨ ᠠᠮᠢᠳᠤᠷᠠᠯ ᠤᠨ ᠪᠦᠬᠦᠢᠯᠡ ᠡᠳᠦᠷ ᠤᠳ ᠢᠶᠠᠷ ᠲᠡᠳᠡᠨ ᠦ ᠬᠣᠭᠣᠷᠣᠨᠳᠣ ᠳᠠᠢᠨ ᠦᠷᠭᠦᠯᠵᠢᠯᠡᠭᠰᠡᠭᠡᠷ ᠪᠠᠢᠯ᠎ᠠ᠃

33 ᠶᠦᠳᠠ ᠶᠢᠨ ᠬᠠᠭᠠᠨ ᠠᠰᠠ ᠶᠢᠨ ᠭᠤᠷᠪᠠᠳᠤᠭᠠᠷ ᠣᠨ ᠳᠤ ᠠᠾᠢᠶᠠ ᠶᠢᠨ ᠬᠦᠦ ᠪᠠᠱᠠ ᠲᠢᠷᠽᠠ ᠳᠤ ᠪᠦᠬᠦ ᠢᠰᠷᠧᠯ ᠤᠨ ᠬᠠᠭᠠᠨ ᠪᠣᠯᠵᠤ᠂ ᠬᠣᠷᠢᠨ ᠳᠥᠷᠪᠡᠨ ᠵᠢᠯ ᠬᠠᠭᠠᠨᠴᠢᠯᠠᠪᠠ᠃ 34 ᠲᠡᠷᠡ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠦᠨ ᠶᠧᠷᠣᠪᠣᠶᠠᠮ ᠤᠨ ᠵᠠᠮ ᠢᠶᠠᠷ ᠶᠠᠪᠤᠵᠤ᠂ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠲᠡᠭᠦᠨ ᠦ ᠨᠢᠭᠦᠯ ᠢ ᠳᠠᠪᠲᠠᠭᠰᠠᠨ ᠪᠠᠢᠨ᠎ᠠ᠃