1 2 3 4 5 6 7 8 9 10 11 12 13 14 15 16 17 18 19 20 21 22


ᠬᠠᠭᠠᠳ ᠤᠨ ᠳᠡᠭᠡᠳᠦ ᠨᠠᠢ᠌ᠮᠠ
 ᠠᠪᠳᠠᠷ᠎ᠠ ᠶᠢ ᠥᠷᠭᠥᠭᠡᠨ ᠳᠦ ᠣᠷᠣᠭᠤᠯᠪᠠ

1 ᠲᠡᠷᠡ ᠦᠶ᠎ᠡ ᠳᠦ ᠰᠣᠯᠣᠮᠣᠨ ᠬᠠᠭᠠᠨ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠳ᠋ᠠᠸᠢᠳ᠋ ᠤᠨ ᠬᠣᠲᠠ ᠽᠢᠶᠣᠨ ᠠᠴᠠ ᠠᠪᠴᠢᠷᠠᠭᠤᠯᠬᠤ ᠪᠠᠷ ᠢᠰᠷᠧᠯ ᠤᠨ ᠪᠦᠬᠦ ᠠᠬᠠᠮᠠᠳ᠂ ᠪᠦᠬᠦ ᠣᠪᠣᠭ ᠤᠨ ᠤᠳᠤᠷᠢᠳᠤᠭᠴᠢᠳ ᠪᠣᠯᠣᠨ ᠢᠰᠷᠧᠯᠴᠦᠳ ᠦᠨ ᠡᠴᠢᠭᠡ ᠶᠢᠨ ᠪᠦᠯᠢ ᠶᠢᠨ ᠲᠡᠷᠢᠭᠦᠨ ᠨᠦᠭᠦᠳ ᠢ ᠶᠧᠷᠦ᠋ᠰᠠᠯᠧᠮ ᠳᠤ ᠥᠪᠡᠷ ᠤᠷᠤᠭᠤ ᠪᠠᠨ ᠴᠤᠭᠯᠠᠭᠤᠯᠤᠭᠰᠠᠨ ᠳᠤ᠂ 2 ᠳᠣᠯᠣᠳᠤᠭᠠᠷ ᠰᠠᠷ᠎ᠠ᠂ ᠲᠤᠬᠠᠢᠯᠠᠪᠠᠯ ᠡᠲ᠋ᠠᠨᠢᠮ ᠰᠠᠷ᠎ᠠ ᠶᠢᠨ ᠪᠠᠶᠠᠷ ᠤᠨ ᠦᠶ᠎ᠡ ᠪᠡᠷ ᠡᠳᠡᠭᠡᠷ ᠢᠰᠷᠧᠯ ᠡᠷᠡᠴᠦᠳ ᠪᠦᠭᠦᠳᠡᠭᠡᠷ ᠰᠣᠯᠣᠮᠣᠨ ᠬᠠᠭᠠᠨ ᠤᠷᠤᠭᠤ ᠴᠤᠭᠯᠠᠷᠠᠪᠠ᠃ 3 ᠢᠰᠷᠧᠯ ᠤᠨ ᠪᠦᠬᠦ ᠠᠬᠠᠮᠠᠳ ᠢᠷᠡᠭᠰᠡᠨ ᠦ ᠳᠠᠷᠠᠭ᠎ᠠ᠂ ᠲᠠᠬᠢᠯᠴᠢᠳ ᠠᠪᠳᠠᠷ᠎ᠠ ᠶᠢ ᠳᠠᠮᠨᠠᠵᠤ᠂ 4 ᠶᠣᠬᠣᠸᠠ ᠶᠢᠨ ᠠᠪᠳᠠᠷ᠎ᠠ ᠠᠴᠠ ᠭᠠᠳᠠᠨ᠎ᠠ ᠠᠭᠤᠯᠵᠠᠯᠲᠠ ᠶᠢᠨ ᠴᠠᠴᠠᠷ ᠪᠣᠯᠣᠨ ᠲᠡᠭᠦᠨ ᠦ ᠳᠣᠲᠣᠷᠠᠬᠢ ᠪᠦᠬᠦ ᠠᠷᠢᠭᠤᠨ ᠡᠳ᠋ ᠵᠦᠢᠯᠡᠰ ᠢ ᠳᠡᠭᠡᠭᠰᠢ ᠠᠪᠴᠢᠷᠠᠪᠠ᠃ ᠲᠠᠬᠢᠯᠴᠢ ᠯᠧᠸᠢᠴᠦᠳ ᠲᠡᠢ ᠬᠠᠮᠲᠤ ᠡᠳᠡᠭᠡᠷ ᠢ ᠳᠡᠭᠡᠭᠰᠢ ᠠᠪᠴᠢᠷᠠᠭᠰᠠᠨ ᠳᠤ᠂ 5 ᠰᠣᠯᠣᠮᠣᠨ ᠬᠠᠭᠠᠨ ᠥᠪᠡᠷ ᠤᠷᠤᠭᠤ ᠨᠢ ᠴᠤᠭᠯᠠᠷᠠᠭᠰᠠᠨ ᠢᠰᠷᠧᠯ ᠤᠨ ᠨᠡᠢᠲᠡ ᠴᠢᠭᠤᠯᠭᠠᠨ ᠲᠠᠢ ᠬᠠᠮᠲᠤ ᠳᠠᠭᠠᠨ ᠠᠪᠳᠠᠷ᠎ᠠ ᠶᠢᠨ ᠡᠮᠦᠨ᠎ᠡ ᠵᠣᠭᠰᠣᠵᠤ ᠲᠣᠭᠠᠯᠠᠵᠤ ᠪᠦᠷᠢᠳᠬᠡᠵᠦ ᠪᠠᠷᠠᠰᠢ ᠦᠭᠡᠢ ᠣᠯᠠᠨ ᠬᠣᠨᠢ ᠦᠬᠡᠷ ᠢᠶᠡᠷ ᠲᠠᠬᠢᠯ ᠡᠷᠭᠦᠭᠰᠡᠭᠡᠷ ᠪᠠᠢᠯ᠎ᠠ᠃ 6 ᠲᠠᠬᠢᠯᠴᠢᠳ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠥᠷᠭᠥᠭᠡᠨ ᠦ ᠳᠣᠲᠣᠭᠠᠳᠤ ᠠᠷᠢᠭᠤᠨ ᠲᠠᠩᠬᠢᠮ᠂ ᠲᠤᠬᠠᠢᠯᠠᠪᠠᠯ ᠠᠷᠢᠭᠤᠨ ᠠᠴᠠ ᠠᠷᠢᠭᠤᠨ ᠭᠠᠵᠠᠷ ᠲᠤ ᠣᠷᠣᠭᠤᠯᠤᠨ᠂ ᠺᠧᠷᠣᠪ ᠤᠳ ᠤᠨ ᠳᠠᠯᠠᠪᠴᠢᠨ ᠳᠣᠣᠷ᠎ᠠ ᠪᠠᠢᠷᠢᠨ ᠳᠤᠨᠢ ᠲᠠᠯᠪᠢᠯ᠎ᠠ᠃ 7 ᠺᠧᠷᠣᠪ ᠤᠳ ᠤᠨ ᠳᠠᠯᠠᠪᠴᠢ ᠨᠢ ᠠᠪᠳᠠᠷ᠎ᠠ ᠶᠢᠨ ᠳᠡᠭᠡᠭᠦᠷ ᠳᠡᠯᠭᠡᠭᠡᠰᠦᠲᠡᠢ ᠪᠠᠢᠵᠤ᠂ ᠠᠪᠳᠠᠷ᠎ᠠ ᠪᠣᠯᠣᠨ ᠳᠠᠮᠨᠠᠭᠤᠷᠭ᠎ᠠ ᠨᠤᠭᠤᠳ ᠢ ᠳᠡᠭᠡᠷ᠎ᠡ ᠡᠴᠡ ᠨᠢ ᠬᠠᠯᠬᠠᠯᠠᠭᠰᠠᠨ ᠪᠠᠢᠪᠠ᠃ 8 ᠳᠠᠮᠨᠠᠭᠤᠷᠭ᠎ᠠ ᠨᠤᠭᠤᠳ ᠤᠷᠲᠤ ᠪᠠᠢᠭᠰᠠᠨ ᠤᠴᠢᠷ ᠦᠵᠦᠭᠦᠷ ᠨᠢ ᠳᠣᠲᠣᠭᠠᠳᠤ ᠠᠷᠢᠭᠤᠨ ᠲᠠᠩᠬᠢᠮ ᠤᠨ ᠨᠠᠭᠠᠨᠠᠬᠢ ᠭᠣᠣᠯ ᠲᠠᠩᠬᠢᠮ ᠳᠤ ᠬᠠᠷᠠᠭᠳᠠᠳᠠᠭ ᠪᠣᠯᠪᠠᠴᠤ ᠭᠠᠳᠠᠨ᠎ᠠ ᠠᠴᠠ ᠬᠠᠷᠠᠭᠳᠠᠬᠤ ᠦᠭᠡᠢ ᠪᠠᠢᠪᠠ᠃ ᠲᠡᠳᠡᠭᠡᠷ ᠳᠠᠮᠨᠠᠭᠤᠷᠭ᠎ᠠ ᠨᠤᠭᠤᠳ ᠥᠨᠥᠳᠥᠷ ᠬᠦᠷᠲᠡᠯ᠎ᠡ ᠲᠡᠨᠳᠡ ᠪᠡᠨ ᠪᠤᠢ᠃ 9 ᠠᠪᠳᠠᠷ᠎ᠠ ᠳᠣᠲᠣᠷ᠎ᠠ ᠬᠣᠶᠠᠷ ᠴᠢᠯᠠᠭᠤᠨ ᠬᠠᠪᠲᠠᠰᠤᠨ ᠠᠴᠠ ᠥᠭᠡᠷ᠎ᠡ ᠶᠠᠭᠤᠮ᠎ᠠ ᠪᠠᠢᠬᠤ ᠦᠭᠡᠢ ᠪᠠᠢᠪᠠ᠃ ᠢᠰᠷᠧᠯᠴᠦᠳ ᠶᠧᠵᠢᠫᠲ ᠡᠴᠡ ᠭᠠᠷᠤᠭᠰᠠᠨ ᠤ ᠳᠠᠷᠠᠭ᠎ᠠ᠂ ᠶᠣᠬᠣᠸᠠ ᠬᠣᠷᠧᠪ ᠲᠤ ᠲᠡᠳᠡᠨ ᠲᠡᠢ ᠭᠡᠷ᠎ᠡ ᠪᠠᠢᠭᠤᠯᠬᠤ ᠳᠤ᠂ ᠮᠣᠰᠧ ᠲᠡᠳᠡᠭᠡᠷ ᠬᠠᠪᠲᠠᠰᠤ ᠶᠢ ᠲᠡᠭᠦᠨ ᠳᠣᠲᠣᠷ᠎ᠠ ᠬᠢᠭᠰᠡᠨ ᠶᠤᠮ᠃ 10 ᠲᠠᠬᠢᠯᠴᠢᠳ ᠠᠷᠢᠭᠤᠨ ᠭᠠᠵᠠᠷ ᠠᠴᠠ ᠭᠠᠷᠲᠠᠯ᠎ᠠ ᠡᠭᠦᠯᠡ ᠶᠣᠬᠣᠸᠠ ᠶᠢᠨ ᠥᠷᠭᠥᠭᠡ ᠶᠢ ᠳᠦᠭᠦᠷᠭᠡᠪᠡ᠃ 11 ᠡᠭᠦᠯᠡᠨ ᠦ ᠤᠯᠠᠮ ᠢᠶᠠᠷ ᠲᠠᠬᠢᠯᠴᠢᠳ ᠦᠢᠯᠡᠴᠢᠯᠡᠯ ᠢᠶᠡᠨ ᠬᠢᠵᠦ ᠴᠢᠳᠠᠭᠰᠠᠨ ᠦᠭᠡᠢ᠃ ᠶᠣᠬᠣᠸᠠ ᠶᠢᠨ ᠴᠣᠭ ᠵᠢᠪᠬᠤᠯᠠᠩ ᠶᠣᠬᠣᠸᠠ ᠶᠢᠨ ᠥᠷᠭᠥᠭᠡ ᠶᠢ ᠳᠦᠭᠦᠷᠭᠡᠯ᠎ᠡ᠃

12 ᠲᠡᠭᠡᠬᠦ ᠳᠦ ᠰᠣᠯᠣᠮᠣᠨ᠄ 《ᠶᠣᠬᠣᠸᠠ ᠥᠳᠬᠡᠨ ᠡᠭᠦᠯᠡᠨ ᠳᠣᠲᠣᠷ᠎ᠠ ᠣᠷᠣᠰᠢᠬᠤ ᠪᠠᠨ ᠠᠢᠯᠠᠳᠤᠭᠰᠠᠨ ᠪᠢᠯᠡ᠂ 13 ᠬᠠᠷᠢᠨ ᠪᠢ ᠲᠠᠨ ᠤ ᠵᠠᠯᠠᠷᠠᠬᠤ ᠥᠷᠭᠥᠭᠡ᠂ ᠮᠥᠩᠬᠡᠳᠡ ᠣᠷᠣᠰᠢᠬᠤ ᠪᠠᠢᠷᠢ ᠶᠢ ᠪᠠᠢᠭᠤᠯᠤᠭᠰᠠᠨ ᠪᠠᠢᠨ᠎ᠠ》 ᠭᠡᠵᠦ ᠬᠡᠯᠡᠪᠡ᠃

14 ᠬᠠᠭᠠᠨ ᠡᠷᠭᠢᠨ ᠬᠠᠷᠠᠵᠤ᠂ ᠲᠡᠨᠳᠡ ᠵᠣᠭᠰᠣᠵᠤ ᠪᠤᠢ ᠢᠰᠷᠧᠯ ᠤᠨ ᠨᠡᠢᠲᠡ ᠴᠢᠭᠤᠯᠭᠠᠨ ᠢ ᠢᠷᠥᠭᠡᠭᠰᠡᠨ ᠨᠢ᠄ 15 《ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠲᠡᠷᠡ ᠪᠡᠷ ᠮᠢᠨᠦ ᠡᠴᠢᠭᠡ ᠳ᠋ᠠᠸᠢᠳ᠋ ᠲᠤ ᠠᠮᠠ ᠪᠠᠷ ᠢᠶᠠᠨ ᠠᠢᠯᠠᠳᠤᠭᠰᠠᠨ ᠦᠭᠡ ᠪᠡᠨ ᠮᠤᠲᠤᠷ ᠢᠶᠠᠷ ᠢᠶᠠᠨ ᠪᠡᠶᠡᠯᠡᠭᠦᠯᠵᠦ ᠥᠭᠭᠥᠯ᠎ᠡ᠃ ᠲᠡᠷᠡ ᠠᠢᠯᠠᠳᠬᠤ ᠳᠠᠭᠠᠨ᠄ 16 〈ᠪᠢ ᠠᠷᠠᠳ ᠲᠦᠮᠡᠨ ᠢᠰᠷᠧᠯ ᠢᠶᠠᠨ ᠶᠧᠵᠢᠫᠲ ᠡᠴᠡ ᠭᠠᠷᠭᠠᠭᠰᠠᠨ ᠡᠳᠦᠷ ᠡᠴᠡ ᠬᠣᠢᠰᠢ᠂ ᠥᠪᠡᠷ ᠦᠨ ᠢᠶᠠᠨ ᠨᠡᠷ᠎ᠡ ᠶᠢ ᠪᠠᠢᠯᠭᠠᠬᠤ ᠪᠠᠷ ᠥᠷᠭᠥᠭᠡ ᠪᠠᠷᠢᠭᠤᠯᠬᠤ ᠶᠢᠨ ᠲᠤᠯᠠᠳᠠ ᠢᠰᠷᠧᠯ ᠤᠨ ᠣᠪᠣᠭ ᠤᠳ ᠠᠴᠠ ᠠᠯᠢ ᠴᠤ ᠬᠣᠲᠠ ᠶᠢ ᠰᠣᠩ᠋ᠭᠣᠭ᠎ᠠ ᠦᠭᠡᠢ᠂ ᠬᠠᠷᠢᠨ ᠳ᠋ᠠᠸᠢᠳ᠋ ᠢ ᠰᠣᠩ᠋ᠭᠣᠵᠤ ᠠᠷᠠᠳ ᠲᠦᠮᠡᠨ ᠢᠰᠷᠧᠯ ᠢᠶᠠᠨ ᠵᠠᠬᠢᠷᠤᠭᠤᠯᠤᠭᠰᠠᠨ ᠶᠤᠮ〉 ᠭᠡᠪᠡ᠃ 17 ᠮᠢᠨᠦ ᠡᠴᠢᠭᠡ ᠳ᠋ᠠᠸᠢᠳ᠋ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠶᠢᠨ ᠲᠥᠯᠥᠭᠡ ᠥᠷᠭᠥᠭᠡ ᠪᠠᠷᠢᠬᠤ ᠰᠠᠨᠠᠭ᠎ᠠ ᠲᠠᠢ ᠪᠠᠢᠭᠰᠠᠨ ᠪᠣᠯᠪᠠᠴᠤ 18 ᠶᠣᠬᠣᠸᠠ ᠮᠢᠨᠦ ᠡᠴᠢᠭᠡ ᠳ᠋ᠠᠸᠢᠳ᠋ ᠲᠤ ᠠᠢᠯᠠᠳᠤᠨ᠄ 〈ᠴᠢ ᠮᠢᠨᠦ ᠨᠡᠷ᠎ᠡ ᠶᠢᠨ ᠲᠥᠯᠥᠭᠡ ᠥᠷᠭᠥᠭᠡ ᠪᠠᠷᠢᠬᠤ ᠰᠠᠨᠠᠭ᠎ᠠ ᠲᠠᠢ ᠪᠠᠢᠨ᠎ᠠ᠂ ᠲᠡᠷᠡ ᠰᠠᠨᠠᠭ᠎ᠠ ᠴᠢᠨᠢ ᠰᠠᠢᠨ ᠪᠣᠯᠪᠠᠴᠤ 19 ᠲᠡᠷᠡ ᠥᠷᠭᠥᠭᠡ ᠶᠢ ᠪᠣᠰᠬᠠᠬᠤ ᠬᠥᠮᠦᠨ ᠨᠢ ᠴᠢ ᠪᠢᠰᠢ᠂ ᠬᠠᠷᠢᠨ ᠴᠢᠨᠦ ᠪᠡᠶ᠎ᠡ ᠡᠴᠡ ᠭᠠᠷᠬᠤ ᠬᠦᠦ ᠴᠢᠨᠢ ᠪᠢᠯᠡ᠂ ᠲᠡᠷᠡ ᠮᠢᠨᠦ ᠨᠡᠷ᠎ᠡ ᠶᠢᠨ ᠲᠥᠯᠥᠭᠡ ᠥᠷᠭᠥᠭᠡ ᠪᠠᠷᠢᠬᠤ ᠪᠣᠯᠣᠨ᠎ᠠ〉 ᠭᠡᠰᠡᠨ ᠶᠤᠮ᠃ 20 ᠣᠳᠣ ᠶᠣᠬᠣᠸᠠ ᠠᠢᠯᠠᠳᠤᠭᠰᠠᠨ ᠦᠭᠡ ᠪᠡᠨ ᠪᠡᠶᠡᠯᠡᠭᠦᠯᠦᠭᠰᠡᠨ ᠪᠠᠢᠨ᠎ᠠ᠃ ᠪᠢ ᠡᠴᠢᠭᠡ ᠳ᠋ᠠᠸᠢᠳ᠋ ᠢᠶᠠᠨ ᠵᠠᠯᠭᠠᠮᠵᠢᠯᠠᠨ ᠢᠰᠷᠧᠯ ᠤᠨ ᠰᠡᠨᠲᠢ ᠳᠤ ᠰᠠᠭᠤᠵᠤ᠂ ᠢᠰᠷᠧᠯ ᠤᠨ ᠪᠤᠷᠬᠠᠨ ᠶᠣᠬᠣᠸᠠ ᠶᠢᠨ ᠨᠡᠷ᠎ᠡ ᠶᠢᠨ ᠲᠥᠯᠥᠭᠡ ᠥᠷᠭᠥᠭᠡ ᠪᠠᠷᠢᠭᠰᠠᠨ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠣᠯ᠎ᠠ᠃ 21 ᠡᠢᠨ ᠬᠦ ᠪᠢ ᠶᠣᠬᠣᠸᠠ ᠶᠢᠨ ᠪᠢᠳᠡᠨ ᠦ ᠡᠴᠢᠭᠡ ᠡᠪᠦᠭᠡᠳ ᠢ ᠶᠧᠵᠢᠫᠲ ᠡᠴᠡ ᠭᠠᠷᠭᠠᠬᠤ ᠳᠠᠭᠠᠨ ᠲᠡᠳᠡᠨ ᠲᠡᠢ ᠪᠠᠢᠭᠤᠯᠤᠭᠰᠠᠨ ᠭᠡᠷ᠎ᠡ ᠶᠢ ᠠᠭᠤᠯᠤᠭᠰᠠᠨ ᠠᠪᠳᠠᠷ᠎ᠠ ᠶᠢ ᠵᠠᠯᠠᠬᠤ ᠪᠠᠢᠷᠢ ᠶᠢ ᠪᠡᠯᠡᠳᠬᠡᠭᠰᠡᠨ ᠶᠤᠮ》 ᠭᠡᠯ᠎ᠡ᠃
 ᠰᠣᠯᠣᠮᠣᠨ ᠤ ᠳᠠᠭᠠᠳᠬᠠᠯ

22 ᠰᠣᠯᠣᠮᠣᠨ ᠶᠣᠬᠣᠸᠠ ᠶᠢᠨ ᠲᠠᠬᠢᠯ ᠤᠨ ᠰᠢᠷᠡᠭᠡᠨ ᠦ ᠡᠮᠦᠨ᠎ᠡ ᠢᠰᠷᠧᠯ ᠤᠨ ᠨᠡᠢᠲᠡ ᠴᠢᠭᠤᠯᠭᠠᠨ ᠤᠷᠤᠭᠤ ᠬᠠᠷᠠᠵᠤ ᠵᠣᠭᠰᠣᠭᠠᠳ᠂ ᠲᠩᠷᠢ ᠥᠭᠡᠳᠡ ᠭᠠᠷ ᠢᠶᠠᠨ ᠡᠷᠭᠦᠵᠦ᠄ 23 《ᠢᠰᠷᠧᠯ ᠤᠨ ᠪᠤᠷᠬᠠᠨ ᠶᠣᠬᠣᠸᠠ︕ ᠳᠡᠭᠡᠷ᠎ᠡ ᠲᠩᠷᠢ ᠳᠤ ᠴᠤ᠂ ᠳᠣᠣᠷ᠎ᠠ ᠭᠠᠵᠠᠷ ᠲᠤ ᠴᠤ ᠲᠠᠨ ᠰᠢᠭ᠋ ᠪᠤᠷᠬᠠᠨ ᠭᠡᠵᠦ ᠥᠭᠡᠷ᠎ᠡ ᠦᠭᠡᠢ᠃ ᠲᠠ ᠪᠦᠬᠦ ᠵᠢᠷᠦᠬᠡ ᠪᠡᠷ ᠢᠶᠠᠨ ᠲᠠᠨ ᠤ ᠡᠮᠦᠨ᠎ᠡ ᠶᠠᠪᠤᠳᠠᠭ ᠵᠠᠷᠤᠴᠠ ᠨᠠᠷ ᠲᠠᠭᠠᠨ ᠬᠠᠢᠷ᠎ᠠ ᠶᠢᠨ ᠭᠡᠷ᠎ᠡ ᠪᠡᠨ ᠰᠠᠬᠢᠳᠠᠭ᠃ 24 ᠲᠠ ᠥᠪᠡᠷ ᠦᠨ ᠢᠶᠠᠨ ᠵᠠᠷᠤᠴᠠ᠂ ᠮᠢᠨᠦ ᠡᠴᠢᠭᠡ ᠳ᠋ᠠᠸᠢᠳ᠋ ᠲᠤ ᠠᠢᠯᠠᠳᠤᠭᠰᠠᠨ ᠢᠶᠠᠨ ᠰᠠᠬᠢᠭᠰᠠᠨ᠃ ᠠᠮᠠ ᠪᠠᠷ ᠢᠶᠠᠨ ᠠᠢᠯᠠᠳᠤᠭᠰᠠᠨ ᠢᠶᠠᠨ ᠥᠨᠥᠳᠥᠷ ᠥᠪᠡᠷ ᠦᠨ ᠢᠶᠠᠨ ᠮᠤᠲᠤᠷ ᠢᠶᠠᠷ ᠪᠡᠶᠡᠯᠡᠭᠦᠯᠦᠭᠰᠡᠨ᠃ 25 ᠲᠡᠢᠮᠦ ᠡᠴᠡ ᠢᠰᠷᠧᠯ ᠤᠨ ᠪᠤᠷᠬᠠᠨ ᠶᠣᠬᠣᠸᠠ ᠮᠢᠨᠢ᠂ ᠲᠠ ᠥᠪᠡᠷ ᠦᠨ ᠢᠶᠠᠨ ᠵᠠᠷᠤᠴᠠ᠂ ᠮᠢᠨᠦ ᠡᠴᠢᠭᠡ ᠳ᠋ᠠᠸᠢᠳ᠋ ᠲᠤ᠄ 〈ᠬᠡᠷᠪᠡ ᠴᠢᠨᠦ ᠦᠷ᠎ᠡ ᠤᠳᠤᠮ ᠴᠤ ᠮᠢᠨᠦ ᠡᠮᠦᠨ᠎ᠡ ᠶᠠᠪᠤᠭᠰᠠᠨ ᠴᠢᠮ᠎ᠠ ᠲᠠᠢ ᠠᠳᠠᠯᠢ ᠮᠢᠨᠦ ᠡᠮᠦᠨ᠎ᠡ ᠶᠠᠪᠤᠬᠤ ᠵᠠᠮ ᠢᠶᠠᠨ ᠠᠩ᠋ᠬᠠᠷᠪᠠᠯ᠂ ᠮᠢᠨᠦ ᠡᠮᠦᠨ᠎ᠡ ᠢᠰᠷᠧᠯ ᠤᠨ ᠰᠡᠨᠲᠢ ᠳᠤ ᠰᠠᠭᠤᠬᠤ ᠬᠥᠮᠦᠨ ᠴᠢᠮ᠎ᠠ ᠠᠴᠠ ᠲᠠᠰᠤᠷᠠᠬᠤ ᠦᠭᠡᠢ〉 ᠭᠡᠵᠦ ᠠᠢᠯᠠᠳᠤᠭᠰᠠᠨ ᠦᠭᠡ ᠪᠡᠨ ᠪᠡᠶᠡᠯᠡᠭᠦᠯᠦᠭᠡᠴᠢ᠂ 26 ᠢᠰᠷᠧᠯ ᠤᠨ ᠪᠤᠷᠬᠠᠨ ᠮᠢᠨᠢ ᠡ᠂ ᠥᠪᠡᠷ ᠦᠨ ᠢᠶᠠᠨ ᠵᠠᠷᠤᠴᠠ᠂ ᠮᠢᠨᠦ ᠡᠴᠢᠭᠡ ᠳ᠋ᠠᠸᠢᠳ᠋ ᠲᠤ ᠠᠢᠯᠠᠳᠤᠭᠰᠠᠨ ᠦᠭᠡ ᠪᠡᠨ ᠣᠳᠣ ᠪᠠᠲᠤᠳᠬᠠᠵᠤ ᠬᠠᠢᠷᠠᠯᠠᠨ᠎ᠠ ᠤᠤ︖

27 ᠭᠡᠬᠦ ᠳᠡᠭᠡᠨ ᠪᠤᠷᠬᠠᠨ ᠦᠨᠡᠬᠡᠷ ᠭᠠᠵᠠᠷ ᠳᠡᠭᠡᠷ᠎ᠡ ᠣᠷᠣᠰᠢᠨ᠎ᠠ ᠭᠡᠵᠢ ᠤᠤ︖ ᠬᠠᠷᠠᠭᠠᠴᠢ᠂ ᠲᠩᠷᠢ ᠴᠤ᠂ ᠲᠩᠷᠢ ᠨᠦᠭᠦᠳ ᠦᠨ ᠲᠩᠷᠢ ᠴᠤ ᠲᠠᠨ ᠢ ᠪᠠᠭᠲᠠᠭᠠᠵᠤ ᠴᠢᠳᠠᠬᠤ ᠦᠭᠡᠢ ᠠᠲᠠᠯ᠎ᠠ ᠮᠢᠨᠦ ᠪᠠᠢᠭᠤᠯᠤᠭᠰᠠᠨ ᠡᠨᠡ ᠥᠷᠭᠥᠭᠡ ᠬᠡᠷᠬᠢᠨ ᠴᠢᠳᠠᠬᠤ ᠪᠢᠯᠡ︖ 28 ᠭᠡᠪᠡᠴᠦ ᠮᠢᠨᠦ ᠪᠤᠷᠬᠠᠨ ᠶᠣᠬᠣᠸᠠ ᠡ᠂ ᠵᠠᠷᠤᠴᠠ ᠶᠢᠨ ᠢᠶᠠᠨ ᠳᠠᠭᠠᠳᠬᠠᠯ ᠪᠠ ᠭᠤᠶᠤᠯᠲᠠ ᠶᠢ ᠪᠣᠯᠭᠣᠭᠠᠨ᠎ᠠ ᠤᠤ︖ ᠥᠨᠥᠳᠥᠷ ᠲᠠᠨ ᠤ ᠡᠮᠦᠨ᠎ᠡ ᠬᠠᠰᠬᠢᠷᠴᠤ ᠪᠤᠢ ᠵᠠᠷᠤᠴᠠ ᠶᠢᠨ ᠢᠶᠠᠨ ᠳᠠᠭᠠᠳᠬᠠᠯ ᠢ ᠰᠣᠨᠣᠰᠣᠭᠠᠴᠢ᠃ 29 ᠲᠠᠨ ᠤ ᠮᠡᠯᠮᠡᠢ ᠡᠨᠡ ᠥᠷᠭᠥᠭᠡ ᠤᠷᠤᠭᠤ᠂ 〈ᠮᠢᠨᠦ ᠨᠡᠷ᠎ᠡ ᠲᠡᠨᠳᠡ ᠪᠠᠢᠬᠤ ᠪᠣᠯᠣᠨ᠎ᠠ〉 ᠭᠡᠵᠦ ᠲᠠᠨ ᠤ ᠠᠢᠯᠠᠳᠤᠭᠰᠠᠨ ᠡᠨᠡ ᠭᠠᠵᠠᠷ ᠤᠷᠤᠭᠤ ᠬᠠᠨᠳᠤᠨ ᠲᠤᠰᠴᠤ᠂ ᠵᠠᠷᠤᠴᠠ ᠶᠢᠨ ᠢᠶᠠᠨ ᠡᠨᠡ ᠭᠠᠵᠠᠷ ᠤᠷᠤᠭᠤ ᠬᠠᠨᠳᠤᠨ ᠡᠷᠭᠦᠬᠦ ᠳᠠᠭᠠᠳᠬᠠᠯ ᠢ ᠲᠠ ᠰᠣᠨᠣᠰᠬᠤ ᠴᠤ ᠪᠣᠯᠣᠭᠠᠰᠠᠢ᠃ 30 ᠲᠠᠨ ᠤ ᠵᠠᠷᠤᠴᠠ ᠪᠣᠯᠣᠨ ᠲᠠᠨ ᠤ ᠠᠷᠠᠳ ᠲᠦᠮᠡᠨ ᠢᠰᠷᠧᠯ ᠡᠨᠡ ᠭᠠᠵᠠᠷ ᠤᠷᠤᠭᠤ ᠬᠠᠨᠳᠤᠨ ᠳᠠᠭᠠᠳᠬᠠᠬᠤ ᠳᠤ᠂ ᠲᠠ ᠲᠡᠷᠡ ᠭᠤᠶᠤᠯᠲᠠ ᠶᠢ ᠰᠣᠨᠣᠰᠬᠤ ᠪᠣᠯᠣᠨ᠎ᠠ᠃ ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠣᠭᠠᠳ᠂ ᠰᠣᠨᠣᠰᠣᠭᠰᠠᠨ ᠶᠣᠰᠣᠭᠠᠷ ᠢᠶᠠᠨ ᠥᠷᠥᠰᠢᠶᠡᠨ ᠰᠣᠶᠣᠷᠬᠠᠭᠠᠴᠢ᠃

31 ᠬᠡᠷᠪᠡ ᠬᠥᠮᠦᠨ ᠬᠥᠷᠰᠢ ᠳᠡᠭᠡᠨ ᠨᠢᠭᠦᠯ ᠦᠢᠯᠡᠳᠦᠭᠰᠡᠨ ᠬᠡᠷᠡᠭ ᠢᠶᠡᠷ ᠲᠠᠩ᠋ᠭᠠᠷᠢᠭ ᠬᠢᠬᠦ ᠶᠣᠰᠣᠲᠠᠢ ᠪᠣᠯᠵᠤ ᠡᠨᠡ ᠥᠷᠭᠥᠭᠡᠨ ᠳᠦ ᠢᠷᠡᠭᠡᠳ ᠲᠠᠨ ᠤ ᠰᠢᠷᠡᠭᠡᠨ ᠦ ᠡᠮᠦᠨ᠎ᠡ ᠲᠠᠩ᠋ᠭᠠᠷᠢᠭᠯᠠᠪᠠᠯ᠂ 32 ᠲᠠ ᠲᠩᠷᠢ ᠡᠴᠡ ᠰᠣᠨᠣᠰᠣᠭᠠᠳ ᠬᠥᠳᠡᠯᠦᠭᠡᠴᠢ᠂ ᠲᠠ ᠵᠠᠷᠤᠴᠠ ᠨᠠᠷ ᠢᠶᠠᠨ ᠰᠢᠭᠦᠭᠡᠴᠢ᠂ ᠪᠤᠷᠤᠭᠤᠲᠠᠨ ᠢ ᠪᠤᠷᠤᠭᠤᠳᠬᠠᠵᠤ᠂ ᠲᠡᠭᠦᠨ ᠦ ᠦᠢᠯᠡᠳᠦᠭᠰᠡᠨ ᠶᠣᠰᠣᠭᠠᠷ ᠲᠣᠯᠣᠭᠠᠢ ᠳᠡᠭᠡᠷ᠎ᠡ ᠨᠢ ᠪᠤᠴᠠᠭᠠᠵᠤ᠂ ᠵᠥᠪᠲᠦ ᠬᠥᠮᠦᠨ ᠢ ᠵᠥᠪᠲᠥᠭᠡᠨ ᠵᠥᠪ ᠦᠨ ᠬᠢᠨᠢ ᠶᠣᠰᠣᠭᠠᠷ ᠬᠠᠷᠢᠭᠤᠯᠤᠭᠠᠴᠢ᠃

33 ᠬᠡᠷᠪᠡ ᠲᠠᠨ ᠤ ᠠᠷᠠᠳ ᠲᠦᠮᠡᠨ ᠢᠰᠷᠧᠯ ᠲᠠᠨ ᠳᠤ ᠨᠢᠭᠦᠯ ᠦᠢᠯᠡᠳᠦᠭᠰᠡᠨ ᠡᠴᠡ ᠪᠡᠨ ᠪᠣᠯᠵᠤ ᠳᠠᠢᠰᠤᠨ ᠳᠠᠭᠠᠨ ᠴᠣᠬᠢᠭᠳᠠᠭᠰᠠᠨ ᠦᠶ᠎ᠡ ᠳᠡᠭᠡᠨ᠂ ᠲᠠᠨ ᠤᠷᠤᠭᠤ ᠡᠷᠭᠢᠵᠦ ᠡᠨᠡ ᠥᠷᠭᠥᠭᠡᠨ ᠳᠦ ᠲᠠᠨ ᠤ ᠨᠡᠷ᠎ᠡ ᠶᠢ ᠮᠠᠭᠲᠠᠵᠤ᠂ ᠲᠠᠨ ᠳᠤ ᠳᠠᠭᠠᠳᠬᠠᠨ ᠭᠤᠶᠤᠪᠠᠯ᠂ 34 ᠲᠠ ᠲᠩᠷᠢ ᠡᠴᠡ ᠰᠣᠨᠣᠰᠴᠤ ᠠᠷᠠᠳ ᠲᠦᠮᠡᠨ ᠢᠰᠷᠧᠯ ᠤᠨ ᠢᠶᠠᠨ ᠨᠢᠭᠦᠯ ᠢ ᠠᠭᠤᠴᠢᠯᠠᠵᠤ᠂ ᠡᠴᠢᠭᠡ ᠡᠪᠦᠭᠡᠳ ᠲᠤᠨᠢ ᠰᠣᠶᠣᠷᠬᠠᠭᠰᠠᠨ ᠨᠤᠲᠤᠭ ᠤᠷᠤᠭᠤ ᠨᠢ ᠲᠡᠳᠡᠨ ᠢ ᠪᠤᠴᠠᠭᠠᠭᠠᠴᠢ᠃

35 ᠬᠡᠷᠪᠡ ᠲᠡᠳᠡ ᠲᠠᠨ ᠳᠤ ᠨᠢᠭᠦᠯ ᠦᠢᠯᠡᠳᠦᠭᠰᠡᠨ ᠡᠴᠡ ᠪᠣᠯᠵᠤ ᠲᠩᠷᠢ ᠬᠠᠭᠠᠭᠳᠠᠵᠤ᠂ ᠬᠤᠷ᠎ᠠ ᠪᠣᠷᠣᠭ᠎ᠠ ᠦᠭᠡᠢ ᠪᠣᠯᠬᠤ ᠳᠤ᠂ ᠲᠡᠳᠡ ᠡᠨᠡ ᠭᠠᠵᠠᠷ ᠤᠷᠤᠭᠤ ᠬᠠᠨᠳᠤᠨ ᠳᠠᠭᠠᠳᠬᠠᠵᠤ ᠲᠠᠨ ᠤ ᠨᠡᠷ᠎ᠡ ᠶᠢ ᠮᠠᠭᠲᠠᠪᠠᠯ᠂ ᠲᠠ ᠲᠡᠳᠡᠨ ᠢ ᠰᠢᠳᠬᠡᠬᠦ ᠳᠦ ᠲᠡᠳᠡ ᠨᠢᠭᠦᠯ ᠡᠴᠡ ᠪᠡᠠ ᠡᠷᠭᠢᠪᠡᠯ᠂ 36 ᠲᠠ ᠲᠩᠷᠢ ᠡᠴᠡ ᠰᠣᠨᠣᠰᠣᠭᠠᠳ ᠥᠪᠡᠷ ᠦᠨ ᠵᠠᠷᠤᠴᠠ ᠨᠠᠷ ᠪᠣᠯᠣᠨ ᠥᠪᠡᠷ ᠦᠨ ᠠᠷᠠᠳ ᠲᠦᠮᠡᠨ ᠢᠰᠷᠧᠯ ᠤᠨ ᠨᠢᠭᠦᠯ ᠢ ᠠᠭᠤᠴᠢᠯᠠᠭᠠᠴᠢ᠃ ᠲᠠ ᠲᠡᠳᠡᠨ ᠳᠦ ᠠᠮᠢᠳᠤᠷᠠᠯ ᠤᠨ ᠵᠥᠪ ᠵᠠᠮ ᠢ ᠵᠢᠭᠠᠵᠤ᠂ ᠠᠷᠠᠳ ᠲᠦᠮᠡᠨ ᠳᠡᠭᠡᠨ ᠥᠪ ᠪᠣᠯᠭᠠᠨ ᠰᠣᠶᠣᠷᠬᠠᠭᠰᠠᠨ ᠭᠠᠵᠠᠷ ᠲᠠᠭᠠᠨ ᠬᠤᠷ᠎ᠠ ᠪᠣᠷᠣᠭ᠎ᠠ ᠣᠷᠣᠭᠤᠯᠤᠨ᠎ᠠ ᠤᠤ︖

37 ᠬᠡᠷᠪᠡ ᠡᠨᠡ ᠭᠠᠵᠠᠷ ᠳᠡᠭᠡᠷ᠎ᠡ ᠥᠯᠥᠰᠬᠥᠯᠡᠩ ᠪᠤᠶᠤ ᠲᠠᠬᠤᠯ᠂ ᠲᠠᠷᠢᠶᠠᠨ ᠤ ᠬᠣᠷᠣᠬᠠᠢ ᠪᠤᠶᠤ ᠬᠥᠭᠡᠴᠦ᠂ ᠴᠠᠷᠴᠠᠬᠠᠢ ᠪᠤᠶᠤ ᠲᠥᠭᠡᠯᠡᠭᠦᠷ ᠦᠨ ᠭᠠᠮᠰᠢᠭ ᠲᠣᠬᠢᠶᠠᠯᠳᠤᠬᠤ ᠦᠶ᠎ᠡ ᠳᠦ᠂ ᠡᠰᠡᠪᠡᠯ ᠳᠠᠢᠰᠤᠨ ᠨᠢ ᠡᠨᠡ ᠨᠤᠲᠤᠭ ᠲᠤ ᠣᠷᠣᠵᠤ ᠬᠣᠲᠠ ᠶᠢ ᠨᠢ ᠪᠦᠰᠡᠯᠡᠬᠦ ᠪᠤᠶᠤ ᠶᠠᠮᠠᠷ ᠨᠢᠭᠡ ᠡᠪᠡᠳᠴᠢᠨ᠂ ᠭᠠᠮᠰᠢᠭ ᠲᠣᠬᠢᠶᠠᠯᠳᠤᠬᠤ ᠦᠶ᠎ᠡ ᠳᠦ᠂ 38 ᠲᠠᠨ ᠤ ᠠᠷᠠᠳ ᠲᠦᠮᠡᠨ ᠢᠰᠷᠧᠯ ᠤᠨ ᠬᠥᠮᠦᠨ ᠪᠦᠷᠢ ᠰᠡᠳᠬᠢᠯ ᠳᠡᠭᠡᠨ ᠭᠠᠮᠰᠢᠭ ᠢ ᠤᠬᠠᠭᠠᠷᠠᠵᠤ᠂ ᠪᠦᠬᠦ ᠬᠥᠮᠦᠨ ᠪᠤᠶᠤ ᠠᠯᠢ ᠨᠢᠭᠡ ᠬᠥᠮᠦᠨ ᠶᠠᠮᠠᠷ ᠨᠢᠭᠡ ᠳᠠᠭᠠᠳᠬᠠᠯ ᠪᠤᠶᠤ ᠭᠤᠶᠤᠯᠲᠠ ᠡᠷᠭᠦᠪᠡᠯ᠂ 39 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠣᠭᠠᠳ ᠠᠭᠤᠴᠢᠯᠠᠭᠠᠴᠢ᠂ ᠲᠠ ᠬᠥᠳᠡᠯᠦᠭᠡᠴᠢ᠂ ᠲᠠ ᠬᠥᠮᠦᠨ ᠪᠦᠷᠢ ᠶᠢᠨ ᠰᠡᠳᠬᠢᠯ ᠢ ᠮᠡᠳᠡᠳᠡᠭ ᠲᠤᠯᠠ ᠬᠥᠮᠦᠨ ᠪᠦᠷᠢ ᠳᠤ ᠦᠢᠯᠡᠳᠦᠭᠰᠡᠨ ᠶᠣᠰᠣᠭᠠᠷ ᠨᠢ ᠬᠠᠷᠢᠭᠤᠯᠤᠭᠠᠴᠢ (ᠭᠠᠭᠴᠠ ᠲᠠ ᠯᠠ ᠪᠦᠬᠦ ᠬᠥᠮᠦᠨ ᠦ ᠰᠡᠳᠬᠢᠯ ᠢ ᠮᠡᠳᠡᠳᠡᠭ ᠶᠤᠮ)᠃ 40 ᠲᠡᠭᠡᠪᠡᠯ ᠲᠡᠳᠡ ᠲᠠᠨ ᠤ ᠡᠴᠢᠭᠡ ᠡᠪᠦᠭᠡᠳ ᠲᠦ ᠮᠠᠨᠢ ᠰᠣᠶᠣᠷᠬᠠᠭᠰᠠᠨ ᠡᠨᠡ ᠭᠠᠵᠠᠷ ᠲᠤ ᠠᠮᠢᠳᠤᠷᠠᠬᠤ ᠪᠦᠬᠦ ᠬᠤᠭᠤᠴᠠᠭᠠᠨ ᠳᠠᠭᠠᠨ ᠲᠠᠨ ᠠᠴᠠ ᠡᠮᠢᠶᠡᠬᠦ ᠪᠣᠯᠣᠨ᠎ᠠ᠃

41 ᠬᠡᠷᠪᠡ ᠲᠠᠨ ᠤ ᠢᠰᠷᠧᠯ ᠠᠷᠠᠳ ᠲᠦᠮᠡᠨ ᠪᠤᠰᠤ ᠬᠠᠷᠢ ᠬᠥᠮᠦᠨ ᠴᠤ ᠲᠠᠨ ᠤ ᠨᠡᠷ᠎ᠡ ᠡᠴᠡ ᠪᠣᠯᠵᠤ ᠬᠣᠯᠠ ᠭᠠᠵᠠᠷ ᠠᠴᠠ ᠢᠷᠡᠪᠡᠯ᠂ 42 ᠲᠡᠳᠡ ᠴᠤ ᠲᠠᠨ ᠤ ᠠᠭᠤᠤ ᠨᠡᠷ᠎ᠡ᠂ ᠲᠠᠨ ᠤ ᠬᠦᠴᠦᠲᠦ ᠭᠠᠷ᠂ ᠲᠠᠨ ᠤ ᠰᠤᠩ᠋ᠭᠠᠭᠰᠠᠨ ᠮᠤᠲᠤᠷ ᠤᠨ ᠲᠠᠯ᠎ᠠ ᠪᠠᠷ ᠰᠣᠨᠣᠰᠣᠭᠠᠳ ᠢᠷᠡᠵᠦ᠂ ᠡᠨᠡ ᠥᠷᠭᠥᠭᠡ ᠤᠷᠤᠭᠤ ᠬᠠᠨᠳᠤᠨ ᠳᠠᠭᠠᠳᠬᠠᠪᠠᠯ᠂ 43 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠰᠣᠨᠣᠰᠣᠭᠠᠳ ᠲᠡᠷᠡ ᠬᠠᠷᠢ ᠬᠥᠮᠦᠨ ᠦ ᠲᠠᠨ ᠠᠴᠠ ᠭᠤᠶᠤᠬᠤ ᠪᠦᠬᠦᠨ ᠢ ᠪᠡᠶᠡᠯᠡᠭᠦᠯᠵᠦ ᠥᠭᠭᠥᠨ᠎ᠡ ᠤᠤ︖ ᠲᠡᠢᠨ ᠬᠦ ᠭᠠᠵᠠᠷ ᠳᠡᠭᠡᠷᠡᠬᠢ ᠬᠠᠮᠤᠭ ᠦᠨᠳᠦᠰᠦᠲᠡᠨ ᠲᠠᠨ ᠤ ᠨᠡᠷ᠎ᠡ ᠶᠢ ᠮᠡᠳᠡᠵᠦ᠂ ᠲᠠᠨ ᠤ ᠠᠷᠠᠳ ᠲᠦᠮᠡᠨ ᠢᠰᠷᠧᠯ ᠲᠠᠢ ᠠᠳᠠᠯᠢ ᠲᠠᠨ ᠠᠴᠠ ᠡᠮᠢᠶᠡᠵᠦ᠂ ᠮᠢᠨᠦ ᠪᠠᠷᠢᠭᠰᠠᠨ ᠡᠨᠡ ᠥᠷᠭᠥᠭᠡ ᠪᠣᠯ ᠲᠠᠨ ᠤ ᠨᠡᠷ᠎ᠡ ᠪᠡᠷ ᠳᠠᠭᠤᠳᠠᠭᠳᠠᠳᠠᠭ ᠭᠡᠳᠡᠭ ᠢ ᠮᠡᠳᠡᠬᠦ ᠪᠣᠯᠲᠤᠭᠠᠢ᠃

44 ᠬᠡᠷᠪᠡ ᠲᠠᠨ ᠤ ᠠᠷᠠᠳ ᠲᠦᠮᠡᠨ ᠳᠠᠢᠰᠤᠨ ᠲᠠᠢ ᠪᠠᠨ ᠲᠤᠯᠤᠯᠳᠤᠬᠤ ᠪᠠᠷ ᠭᠠᠷᠴᠤ᠂ ᠲᠠᠨ ᠤ ᠶᠠᠪᠤᠭᠤᠯᠤᠭᠰᠠᠨ ᠶᠠᠮᠠᠷ ᠨᠢᠭᠡ ᠭᠠᠵᠠᠷ ᠲᠤ᠂ ᠲᠠᠨ ᠤ ᠰᠢᠯᠢᠵᠦ ᠠᠪᠤᠭᠰᠠᠨ ᠡᠨᠡ ᠬᠣᠲᠠ ᠬᠢᠭᠡᠳ ᠲᠠᠨ ᠤ ᠨᠡᠷ᠎ᠡ ᠶᠢᠨ ᠲᠥᠯᠥᠭᠡ ᠮᠢᠨᠦ ᠪᠠᠷᠢᠭᠰᠠᠨ ᠡᠨᠡ ᠥᠷᠭᠥᠭᠡ ᠤᠷᠤᠭᠤ ᠬᠠᠨᠳᠤᠨ ᠲᠡᠨᠳᠡ ᠡᠴᠡ ᠶᠣᠬᠣᠸᠠ ᠳᠤ ᠳᠠᠭᠠᠳᠬᠠᠪᠠᠯ᠂ 45 ᠲᠠ ᠲᠩᠷᠢ ᠡᠴᠡ ᠲᠡᠳᠡᠨ ᠦ ᠳᠠᠭᠠᠳᠬᠠᠯ ᠪᠣᠯᠣᠨ ᠭᠤᠶᠤᠯᠲᠠ ᠶᠢ ᠰᠣᠨᠣᠰᠣᠭᠠᠳ ᠲᠡᠳᠡᠨ ᠳᠦ ᠭᠣᠣᠯᠴᠢ ᠬᠠᠷᠢᠭᠤ ᠥᠭᠭᠥᠭᠡᠴᠢ᠃

46 ᠨᠢᠭᠦᠯ ᠦᠢᠯᠡᠳᠬᠦ ᠦᠭᠡᠢ ᠬᠥᠮᠦᠨ ᠭᠡᠵᠦ ᠦᠭᠡᠢ᠃ ᠲᠡᠳᠡ ᠲᠠᠨ ᠳᠤ ᠨᠢᠭᠦᠯ ᠦᠢᠯᠡᠳᠦᠭᠰᠡᠨ ᠢᠶᠡᠷ ᠲᠠ ᠬᠢᠯᠢᠩᠨᠡᠨ ᠲᠡᠳᠡᠨ ᠢ ᠳᠠᠢᠰᠤᠨ ᠳᠤᠨᠢ ᠲᠤᠰᠢᠶᠠᠵᠤ᠂ ᠳᠠᠢᠰᠤᠨ ᠲᠡᠳᠡᠨ ᠢ ᠣᠯᠵᠠᠯᠠᠨ ᠬᠣᠯᠠ ᠪᠤᠶᠤ ᠣᠢᠷ᠎ᠠ ᠥᠪᠡᠷ ᠦᠨ ᠢᠶᠠᠨ ᠨᠤᠲᠤᠭ ᠲᠤ ᠠᠪᠠᠴᠢᠬᠤ ᠦᠶ᠎ᠡ ᠳᠦ᠂ 47 ᠬᠡᠷᠪᠡ ᠲᠡᠳᠡ ᠤᠤᠯᠭᠠᠯᠠᠭᠳᠠᠨ ᠠᠪᠠᠴᠢᠭᠳᠠᠭᠰᠠᠨ ᠨᠤᠲᠤᠭ ᠲᠠᠭᠠᠨ ᠰᠠᠨᠠᠭ᠎ᠠ ᠪᠠᠨ ᠡᠷᠭᠢᠭᠦᠯᠵᠦ ᠭᠡᠮᠰᠢᠨ᠂ ᠥᠪᠡᠷᠰᠡᠳ ᠢ ᠨᠢ ᠤᠤᠯᠭᠠᠯᠠᠭᠰᠠᠨ ᠬᠥᠮᠦᠰ ᠦᠨ ᠨᠤᠲᠤᠭ ᠲᠤ ᠲᠠᠨ ᠤ ᠲᠠᠭᠠᠯᠠᠯ ᠢ ᠭᠤᠶᠤᠵᠤ 〈ᠪᠢᠳᠡ ᠨᠢᠭᠦᠯ ᠦᠢᠯᠡᠳᠴᠡᠢ᠂ ᠪᠢᠳᠡ ᠪᠤᠷᠤᠭᠤ ᠲᠠᠢ᠂ ᠭᠡᠮ ᠲᠡᠢ〉 ᠭᠡᠳ᠂ 48 ᠮᠥᠨ ᠥᠪᠡᠷᠰᠡᠳ ᠢ ᠨᠢ ᠤᠤᠯᠭᠠᠯᠠᠭᠰᠠᠨ ᠳᠠᠢᠰᠤᠨ ᠨᠤᠭᠤᠳ ᠤᠨ ᠨᠤᠲᠤᠭ ᠲᠤ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠲᠠᠨ ᠤᠷᠤᠭᠤ ᠡᠷᠭᠢᠵᠦ᠂ ᠲᠠᠨ ᠤ ᠡᠴᠢᠭᠡ ᠡᠪᠦᠭᠡᠳ ᠲᠤᠨᠢ ᠰᠣᠶᠣᠷᠬᠠᠭᠰᠠᠨ ᠨᠤᠲᠤᠭ᠂ ᠲᠠᠨ ᠤ ᠰᠣᠩ᠋ᠭᠣᠭᠰᠠᠨ ᠬᠣᠲᠠ᠂ ᠮᠢᠨᠦ ᠲᠠᠨ ᠤ ᠨᠡᠷ᠎ᠡ ᠳᠦ ᠵᠣᠷᠢᠭᠤᠯᠵᠤ ᠪᠠᠢᠭᠤᠯᠤᠭᠰᠠᠨ ᠡᠨᠡ ᠥᠷᠭᠥᠭᠡ ᠤᠷᠤᠭᠤ ᠬᠠᠨᠳᠤᠨ ᠲᠠᠨ ᠳᠤ ᠳᠠᠭᠠᠳᠬᠠᠪᠠᠯ᠂ 49 ᠲᠠ ᠲᠩᠷᠢ ᠳᠠᠬᠢ ᠥᠪᠡᠷ ᠦᠨ ᠢᠶᠠᠨ ᠵᠠᠯᠠᠷᠠᠬᠤ ᠭᠠᠵᠠᠷ ᠠᠴᠠ ᠲᠡᠳᠡᠨ ᠦ ᠳᠠᠭᠠᠳᠬᠠᠯ ᠪᠠ ᠭᠤᠶᠤᠯᠲᠠ ᠶᠢ ᠰᠣᠨᠣᠰᠣᠭᠠᠳ ᠭᠣᠣᠯᠴᠢ ᠬᠠᠷᠢᠭᠤ ᠥᠭᠭᠥᠭᠡᠴᠢ᠃ 50 ᠲᠠᠨ ᠳᠤ ᠨᠢᠭᠦᠯ ᠦᠢᠯᠡᠳᠦᠭᠰᠡᠨ ᠠᠷᠠᠳ ᠲᠦᠮᠡᠨ ᠢᠶᠡᠨ ᠥᠷᠥᠰᠢᠶᠡᠨ ᠲᠡᠳᠡᠨ ᠦ ᠲᠠᠨ ᠠᠴᠠ ᠲᠡᠷᠰᠯᠡᠭᠰᠡᠨ ᠪᠦᠬᠦ ᠲᠡᠷᠰᠯᠡᠯ ᠢ ᠠᠭᠤᠴᠢᠯᠠᠵᠤ᠂ ᠲᠡᠳᠡᠨ ᠢ ᠤᠤᠯᠭᠠᠯᠠᠨ ᠠᠪᠤᠭᠰᠠᠨ ᠬᠥᠮᠦᠰ ᠲᠦ ᠥᠷᠥᠪᠳᠥᠬᠦ ᠰᠡᠳᠬᠢᠯ ᠢ ᠥᠭᠴᠦ ᠲᠡᠳᠡᠨ ᠢ ᠥᠷᠥᠪᠳᠥᠭᠦᠯᠦᠭᠡᠴᠢ᠃ 51 ᠶᠡᠷᠦ ᠨᠢ ᠲᠡᠳᠡ ᠪᠣᠯ ᠲᠠᠨ ᠤ ᠠᠷᠠᠳ ᠲᠦᠮᠡᠨ᠂ ᠲᠠᠨ ᠤ ᠥᠪ ᠪᠢᠯᠡ᠃ ᠲᠠ ᠲᠡᠳᠡᠨ ᠢ ᠲᠡᠮᠦᠷ ᠬᠠᠢᠯᠤᠭᠤᠯᠳᠠᠭ ᠵᠤᠤᠬ᠎ᠠ ᠮᠡᠲᠦ ᠶᠧᠵᠢᠫᠲ ᠡᠴᠡ ᠭᠠᠷᠭᠠᠵᠤ ᠠᠪᠤᠭᠰᠠᠨ ᠶᠤᠮ᠃ 52 ᠲᠠ ᠵᠠᠷᠤᠴᠠ ᠶᠢᠨ ᠢᠶᠠᠨ ᠭᠤᠶᠤᠯᠲᠠ ᠪᠣᠯᠣᠨ ᠠᠷᠠᠳ ᠲᠦᠮᠡᠨ ᠢᠰᠷᠧᠯ ᠤᠨ ᠢᠶᠠᠨ ᠭᠤᠶᠤᠯᠲᠠ ᠳᠤ ᠠᠩ᠋ᠬᠠᠷᠤᠯ ᠲᠠᠯᠪᠢᠵᠤ ᠲᠡᠳᠡᠨ ᠦ ᠲᠠᠨ ᠤᠷᠤᠭᠤ ᠬᠠᠰᠬᠢᠷᠬᠤ ᠪᠣᠯᠭᠠᠨ ᠢ ᠰᠣᠨᠣᠰᠴᠤ ᠬᠠᠢᠷᠠᠯᠠᠨ᠎ᠠ ᠤᠤ︖ 53 ᠲᠠ ᠲᠡᠳᠡᠨ ᠢ ᠳᠡᠯᠡᠬᠡᠢ ᠶᠢᠨ ᠠᠯᠢᠪᠠ ᠦᠨᠳᠦᠰᠦᠲᠡᠨ ᠡᠴᠡ ᠰᠢᠯᠢᠵᠦ ᠠᠪᠤᠭᠠᠳ ᠥᠪᠡᠷ ᠦᠨ ᠢᠶᠠᠨ ᠥᠪ ᠪᠣᠯᠭᠠᠭᠰᠠᠨ ᠪᠢᠯᠡ᠃ ᠡᠵᠡᠨ ᠶᠣᠬᠣᠸᠠ ᠲᠠ ᠪᠢᠳᠡᠨ ᠦ ᠡᠴᠢᠭᠡ ᠡᠪᠦᠭᠡᠳ ᠢ ᠶᠧᠵᠢᠫᠲ ᠡᠴᠡ ᠭᠠᠷᠭᠠᠬᠤ ᠳᠠᠭᠠᠨ ᠵᠠᠷᠤᠴᠠ ᠮᠣᠰᠧ ᠪᠠᠷ ᠢᠶᠠᠨ ᠳᠠᠮᠵᠢᠭᠤᠯᠤᠨ ᠲᠡᠢᠨ ᠬᠦ ᠠᠢᠯᠠᠳᠤᠭᠰᠠᠨ ᠶᠤᠮ》 ᠭᠡᠵᠦ ᠳᠠᠭᠠᠳᠬᠠᠪᠠ᠃

54 ᠰᠣᠯᠣᠮᠣᠨ ᠶᠣᠬᠣᠸᠠ ᠶᠢᠨ ᠲᠠᠬᠢᠯ ᠤᠨ ᠰᠢᠷᠡᠭᠡᠨ ᠦ ᠡᠮᠦᠨ᠎ᠡ ᠡᠪᠦᠳᠦᠭ ᠰᠥᠭᠥᠳᠥᠭᠡᠳ ᠲᠩᠷᠢ ᠥᠭᠡᠳᠡ ᠭᠠᠷ ᠢᠶᠠᠨ ᠰᠤᠩ᠋ᠭᠠᠨ᠂ ᠡᠨᠡ ᠬᠦ ᠳᠠᠭᠠᠳᠬᠠᠯ ᠪᠣᠯᠣᠨ ᠭᠤᠶᠤᠯᠲᠠ ᠶᠢ ᠶᠣᠬᠣᠸᠠ ᠳᠤ ᠡᠷᠭᠦᠵᠦ ᠳᠠᠭᠤᠰᠤᠭᠠᠳ ᠪᠣᠰᠴᠤ 55 ᠵᠣᠭᠰᠣᠭᠠᠳ ᠢᠰᠷᠧᠯ ᠤᠨ ᠨᠡᠢᠲᠡ ᠴᠢᠭᠤᠯᠭᠠᠨ ᠢ ᠥᠨᠳᠥᠷ ᠳᠠᠭᠤ ᠪᠠᠷ ᠢᠷᠥᠭᠡᠨ᠄

56 《ᠶᠣᠬᠣᠸᠠ ᠮᠠᠭᠲᠠᠭᠳᠠᠬᠤ ᠪᠣᠯᠲᠤᠭᠠᠢ᠃ ᠲᠡᠷᠡ ᠠᠮᠠᠯᠠᠭᠰᠠᠨ ᠶᠣᠰᠣᠭᠠᠷ ᠢᠶᠠᠨ ᠠᠷᠠᠳ ᠲᠦᠮᠡᠨ ᠢᠰᠷᠧᠯ ᠳᠡᠭᠡᠨ ᠠᠮᠤᠷ ᠲᠠᠢᠪᠤᠩ ᠢ ᠰᠣᠶᠣᠷᠬᠠᠭᠰᠠᠨ ᠶᠤᠮ᠃ ᠥᠪᠡᠷ ᠦᠨ ᠢᠶᠠᠨ ᠵᠠᠷᠤᠴᠠ ᠮᠣᠰᠧ ᠪᠠᠷ ᠳᠠᠮᠵᠢᠭᠤᠯᠤᠨ ᠠᠢᠯᠠᠳᠤᠭᠰᠠᠨ ᠠᠯᠢᠪᠠ ᠰᠠᠢᠨ ᠰᠠᠢᠬᠠᠨ ᠵᠦᠢᠯ ᠡᠴᠡ ᠭᠠᠭᠴᠠ ᠨᠢ ᠴᠤ ᠪᠡᠶᠡᠯᠡᠭᠳᠡᠯ ᠦᠭᠡᠢ ᠥᠩᠭᠡᠷᠡᠭᠡ ᠦᠭᠡᠢ᠃ 57 ᠪᠢᠳᠡᠨ ᠦ ᠪᠤᠷᠬᠠᠨ ᠶᠣᠬᠣᠸᠠ᠂ ᠮᠠᠨ ᠤ ᠡᠴᠢᠭᠡ ᠡᠪᠦᠭᠡᠳ ᠲᠡᠢ ᠬᠠᠮᠲᠤ ᠪᠠᠢᠭᠰᠠᠨ ᠤ ᠠᠳᠠᠯᠢ ᠪᠢᠳᠡᠨ ᠲᠡᠢ ᠴᠤ ᠬᠠᠮᠲᠤ ᠪᠠᠢᠬᠤ ᠪᠣᠯᠲᠤᠭᠠᠢ᠃ ᠪᠢᠳᠡᠨ ᠢ ᠣᠷᠬᠢᠬᠤ ᠦᠭᠡᠢ᠂ ᠣᠭᠣᠷᠬᠤ ᠦᠭᠡᠢ ᠪᠠᠢᠬᠤ ᠪᠣᠯᠲᠤᠭᠠᠢ᠃ 58 ᠡᠢᠨ ᠬᠦ ᠲᠡᠷᠡ ᠪᠢᠳᠡᠨ ᠦ ᠵᠢᠷᠦᠬᠡ ᠶᠢ ᠥᠪᠡᠷ ᠲᠡᠭᠡᠨ ᠬᠠᠨᠳᠤᠭᠤᠯᠤᠭᠰᠠᠨ ᠢᠶᠠᠷ ᠪᠢᠳᠡ ᠲᠡᠭᠦᠨ ᠦ ᠪᠦᠬᠦ ᠵᠠᠮ ᠢᠶᠠᠷ ᠠᠯᠬᠤᠵᠤ ᠪᠢᠳᠡᠨ ᠦ ᠡᠴᠢᠭᠡ ᠡᠪᠦᠭᠡᠳ ᠲᠦ ᠵᠠᠬᠢᠭᠰᠠᠨ ᠪᠦᠬᠦ ᠲᠤᠰᠢᠶᠠᠯ᠂ ᠲᠣᠭᠲᠠᠭᠠᠯ᠂ ᠵᠢᠷᠤᠮ ᠢ ᠰᠠᠬᠢᠬᠤ ᠪᠣᠯᠣᠭᠠᠰᠠᠢ᠃ 59 ᠶᠣᠬᠣᠸᠠ ᠶᠢᠨ ᠡᠮᠦᠨ᠎ᠡ ᠭᠤᠶᠤᠭᠰᠠᠨ ᠡᠳᠡᠭᠡᠷ ᠦᠭᠡᠰ ᠮᠢᠨᠢ ᠡᠳᠦᠷ ᠰᠥᠨᠢ ᠦᠭᠡᠢ ᠪᠢᠳᠡᠨ ᠦ ᠪᠤᠷᠬᠠᠨ ᠶᠣᠬᠣᠸᠠ ᠳᠤ ᠣᠢᠷ᠎ᠠ ᠪᠠᠢᠵᠤ᠂ ᠶᠣᠬᠣᠸᠠ ᠥᠪᠡᠷ ᠦᠨ ᠢᠶᠠᠨ ᠵᠠᠷᠤᠴᠠ ᠪᠠ ᠥᠪᠡᠷ ᠦᠨ ᠠᠷᠠᠳ ᠲᠦᠮᠡᠨ ᠢᠰᠷᠧᠯ ᠤᠨ ᠢᠶᠠᠨ ᠡᠳᠦᠷ ᠡᠳᠦᠷ ᠦᠨ ᠬᠢᠨᠢ ᠬᠦᠰᠡᠯᠲᠡ ᠳᠦ ᠭᠣᠣᠯᠴᠢ ᠪᠠᠷ ᠬᠠᠷᠢᠭᠤᠯᠬᠤ ᠪᠣᠯᠲᠤᠭᠠᠢ᠃ 60 ᠭᠠᠭᠴᠠ ᠬᠦ ᠶᠣᠬᠣᠸᠠ ᠪᠣᠯ ᠪᠤᠷᠬᠠᠨ᠂ ᠲᠡᠭᠦᠨ ᠡᠴᠡ ᠥᠭᠡᠷ᠎ᠡ ᠪᠤᠷᠬᠠᠨ ᠭᠡᠵᠦ ᠦᠭᠡᠢ ᠭᠡᠳᠡᠭ ᠢ ᠭᠠᠵᠠᠷ ᠤᠨ ᠬᠠᠮᠤᠭ ᠦᠨᠳᠦᠰᠦᠲᠡᠨ ᠮᠡᠳᠡᠬᠦ ᠪᠣᠯᠲᠤᠭᠠᠢ᠃ 61 ᠲᠡᠢᠮᠦ ᠶᠢᠨ ᠲᠤᠯᠠᠳᠠ ᠲᠠ ᠨᠠᠷ ᠤᠨ ᠰᠡᠳᠬᠢᠯ ᠦᠨᠡᠨᠴᠢ ᠪᠠᠢᠭᠰᠠᠭᠠᠷ᠂ ᠥᠨᠥᠳᠥᠷ ᠦᠨ ᠮᠡᠲᠦ ᠶᠣᠬᠣᠸᠠ ᠪᠤᠷᠬᠠᠨ ᠤ ᠪᠠᠨ ᠲᠣᠭᠲᠠᠭᠠᠯ ᠢ ᠮᠥᠷᠳᠡᠨ ᠲᠡᠭᠦᠨ ᠦ ᠲᠤᠰᠢᠶᠠᠯ ᠤᠳ ᠢ ᠰᠠᠬᠢᠬᠤ ᠪᠣᠯᠲᠤᠭᠠᠢ》 ᠭᠡᠵᠦ ᠬᠡᠯᠡᠪᠡ᠃
 ᠶᠣᠬᠣᠸᠠ ᠶᠢᠨ ᠥᠷᠭᠥᠭᠡ ᠶᠢ ᠡᠷᠭᠦᠪᠡ

62 ᠬᠠᠭᠠᠨ ᠪᠣᠯᠣᠨ ᠲᠡᠭᠦᠨ ᠲᠡᠢ ᠬᠠᠮᠲᠤ ᠪᠠᠢᠭ᠎ᠠ ᠪᠦᠬᠦ ᠢᠰᠷᠧᠯ ᠶᠣᠬᠣᠸᠠ ᠶᠢᠨ ᠡᠮᠦᠨ᠎ᠡ ᠲᠠᠬᠢᠯ ᠡᠷᠭᠦᠪᠡ᠃ 63 ᠰᠣᠯᠣᠮᠣᠨ ᠶᠣᠬᠣᠸᠠ ᠳᠤ ᠵᠣᠷᠢᠭᠤᠯᠤᠨ ᠡᠪ ᠦᠨ ᠲᠠᠬᠢᠯ ᠪᠣᠯᠭᠠᠨ ᠬᠣᠶᠠᠷ ᠲᠦᠮᠡ ᠬᠣᠶᠠᠷ ᠮᠢᠩ᠋ᠭᠠᠨ ᠦᠬᠡᠷ᠂ ᠠᠷᠪᠠᠨ ᠬᠣᠶᠠᠷ ᠲᠦᠮᠡᠨ ᠬᠣᠨᠢ ᠡᠷᠭᠦᠵᠡᠢ᠃ ᠲᠡᠢᠨ ᠬᠦ ᠬᠠᠭᠠᠨ ᠪᠦᠬᠦ ᠢᠰᠷᠧᠯ ᠬᠥᠮᠦᠨ ᠲᠡᠢ ᠬᠠᠮᠲᠤ ᠶᠣᠬᠣᠸᠠ ᠶᠢᠨ ᠥᠷᠭᠥᠭᠡᠨ ᠦ ᠵᠣᠷᠢᠭᠤᠯᠤᠯᠲᠠ ᠶᠢᠨ ᠶᠣᠰᠣᠯᠠᠯ ᠢ ᠬᠢᠪᠡ᠃ 64 ᠲᠡᠷᠡ ᠡᠳᠦᠷ ᠬᠠᠭᠠᠨ ᠶᠣᠬᠣᠸᠠ ᠶᠢᠨ ᠥᠷᠭᠥᠭᠡᠨ ᠦ ᠡᠮᠦᠨ᠎ᠡ ᠬᠠᠰᠢᠶᠠᠨ ᠤ ᠲᠥᠪ ᠬᠡᠰᠡᠭ ᠢ ᠠᠷᠢᠭᠤᠰᠬᠠᠨ ᠲᠤᠰᠠᠭᠠᠷᠯᠠᠵᠤ᠂ ᠲᠡᠨᠳᠡ ᠰᠢᠲᠠᠭᠠᠯᠭᠠᠲᠤ ᠲᠠᠬᠢᠯ᠂ ᠢᠳᠡᠭᠡᠨ ᠲᠠᠬᠢᠯ ᠪᠠ ᠡᠪ ᠦᠨ ᠲᠠᠬᠢᠯ ᠤᠳ ᠤᠨ ᠥᠭᠡᠬᠦ ᠶᠢ ᠡᠷᠭᠦᠯ᠎ᠡ᠃ ᠤᠴᠢᠷ ᠨᠢ ᠶᠣᠬᠣᠸᠠ ᠶᠢᠨ ᠡᠮᠦᠨ᠎ᠡ ᠪᠠᠢᠭ᠎ᠠ ᠬᠦᠷᠡᠯ ᠲᠠᠬᠢᠯ ᠤᠨ ᠰᠢᠷᠡᠭᠡ ᠨᠢ ᠰᠢᠲᠠᠭᠠᠯᠭᠠᠲᠤ ᠲᠠᠬᠢᠯ᠂ ᠢᠳᠡᠭᠡᠨ ᠲᠠᠬᠢᠯ᠂ ᠡᠪ ᠦᠨ ᠲᠠᠬᠢᠯ ᠤᠨ ᠥᠭᠡᠬᠦ ᠶᠢ ᠪᠠᠭᠲᠠᠭᠠᠵᠤ ᠴᠢᠳᠠᠬᠤ ᠪᠠᠷ ᠦᠭᠡᠢ ᠵᠢᠵᠢᠭ ᠪᠠᠢᠵᠠᠢ᠃

65 ᠲᠡᠷᠡ ᠦᠶ᠎ᠡ ᠳᠦ ᠰᠣᠯᠣᠮᠣᠨ ᠨᠠᠢᠷ ᠬᠢᠭᠰᠡᠨ ᠳᠦ᠂ ᠯᠧᠪᠣᠬᠠᠮᠠᠲ ᠠᠴᠠ ᠶᠧᠵᠢᠫᠲ ᠤᠨ ᠭᠣᠷᠣᠬ᠎ᠠ ᠬᠦᠷᠲᠡᠯᠡᠬᠢ ᠳᠠᠶᠠᠭᠠᠷ ᠢᠰᠷᠧᠯ ᠤᠨ ᠦᠢ ᠣᠯᠠᠨ ᠴᠤᠭᠯᠠᠷᠠᠵᠤ᠂ ᠪᠢᠳᠡᠨ ᠦ ᠪᠤᠷᠬᠠᠨ ᠶᠣᠬᠣᠸᠠ ᠶᠢᠨ ᠡᠮᠦᠨ᠎ᠡ ᠳᠣᠯᠣᠭᠠᠨ ᠬᠣᠨᠣᠭ᠂ ᠳᠠᠬᠢᠨ ᠳᠣᠯᠣᠭ᠎ᠠ ᠬᠣᠨᠣᠭ᠂ ᠨᠡᠢᠲᠡ ᠠᠷᠪᠠᠨ ᠳᠥᠷᠪᠡᠨ ᠬᠣᠨᠣᠭ ᠪᠡᠯᠭᠡᠯᠡᠪᠡ᠃ 66 ᠳᠠᠷᠠᠭᠠᠬᠢ ᠡᠳᠦᠷ ᠨᠢ ᠰᠣᠯᠣᠮᠣᠨ ᠠᠷᠠᠳ ᠲᠦᠮᠡᠨ ᠢ ᠪᠤᠴᠠᠭᠠᠨ ᠶᠠᠪᠤᠭᠤᠯᠪᠠ᠃ ᠲᠡᠳᠡ ᠬᠠᠭᠠᠨ ᠢ ᠢᠷᠥᠭᠡᠵᠦ᠂ ᠶᠣᠬᠣᠸᠠ ᠶᠢᠨ ᠥᠪᠡᠷ ᠦᠨ ᠢᠶᠠᠨ ᠵᠠᠷᠤᠴᠠ ᠳ᠋ᠠᠸᠢᠳ᠋ ᠪᠣᠯᠣᠨ ᠥᠪᠡᠷ ᠦᠨ ᠢᠶᠠᠨ ᠠᠷᠠᠳ ᠲᠦᠮᠡᠨ ᠢᠰᠷᠧᠯ ᠤᠨ ᠲᠥᠯᠥᠭᠡ ᠬᠢᠭᠰᠡᠨ ᠠᠯᠢᠪᠠ ᠰᠠᠢᠨ ᠰᠠᠢᠬᠠᠨ ᠳᠤ ᠪᠠᠶᠠᠷᠯᠠᠵᠤ᠂ ᠰᠡᠳᠬᠢᠯ ᠬᠠᠩ᠋ᠭᠠᠯᠤᠭᠤᠨ ᠢᠶᠠᠷ ᠭᠡᠷ ᠭᠡᠷ ᠤᠷᠤᠭᠤ ᠪᠠᠨ ᠬᠠᠷᠢᠵᠠᠭᠠᠭᠰᠠᠨ ᠪᠠᠢᠨ᠎ᠠ᠃