ᠬᠠᠭᠠᠳ ᠤᠨ ᠳᠡᠭᠡᠳᠦ ᠬᠣᠷᠢ
ᠪᠧᠨ ᠬᠠᠳᠠᠳ᠋ ᠰᠠᠮᠠᠷᠢᠶ᠎ᠠ ᠶᠢ ᠳᠣᠪᠲᠣᠯᠪᠠ
1 ᠠᠷᠠᠮ ᠤᠨ ᠬᠠᠭᠠᠨ ᠪᠧᠨ ᠬᠠᠳᠠᠳ᠋ ᠪᠦᠬᠦ ᠴᠡᠷᠢᠭ ᠢᠶᠠᠨ ᠴᠤᠭᠯᠠᠭᠤᠯᠵᠤ᠂ ᠭᠤᠴᠢᠨ ᠬᠣᠶᠠᠷ ᠬᠠᠭᠠᠨ ᠬᠢᠭᠡᠳ ᠲᠡᠷᠭᠡ ᠮᠣᠷᠢᠳ ᠲᠠᠢ ᠨᠢ ᠬᠠᠮᠲᠤ ᠶᠠᠪᠤᠵᠤ᠂ ᠰᠠᠮᠠᠷᠢᠶ᠎ᠠ ᠬᠣᠲᠠ ᠶᠢ ᠪᠦᠰᠡᠯᠡᠨ ᠳᠣᠪᠲᠣᠯᠪᠠ᠃ 2 ᠲᠡᠷᠡ ᠪᠡᠷ ᠬᠣᠲᠠ ᠳᠤ ᠪᠠᠢᠭ᠎ᠠ ᠢᠰᠷᠧᠯ ᠤᠨ ᠬᠠᠭᠠᠨ ᠠᠬᠠᠪ ᠲᠤ ᠡᠯᠴᠢᠳ ᠶᠠᠪᠤᠭᠤᠯᠵᠤ᠄ 《ᠪᠧᠨ ᠬᠠᠳᠠᠳ᠋ ᠡᠢᠨ ᠬᠦ ᠠᠢᠯᠠᠳᠴᠤ ᠪᠠᠢᠨ᠎ᠠ᠄ 3 〈ᠴᠢᠨᠦ ᠠᠯᠲᠠ᠂ ᠮᠥᠩᠭᠥ ᠮᠢᠨᠦᠬᠢ᠃ ᠴᠢᠨᠦ ᠬᠠᠮᠤᠭ ᠤᠨ ᠦᠵᠡᠰᠬᠦᠯᠡᠩ ᠲᠡᠢ ᠡᠬᠡᠨᠡᠷ ᠪᠣᠯᠣᠨ ᠬᠡᠦᠬᠡᠳ ᠤᠳ ᠴᠤ ᠮᠢᠨᠦᠬᠢ〉 ᠭᠡᠰᠡᠨ》 ᠭᠡᠵᠦ ᠬᠡᠯᠡᠭᠦᠯᠦᠭᠰᠡᠨ ᠳᠦ᠂ 4 ᠢᠰᠷᠧᠯ ᠤᠨ ᠬᠠᠭᠠᠨ ᠬᠠᠷᠢᠭᠤ ᠦᠭᠡ ᠢᠯᠡᠭᠡᠨ᠄ 《ᠬᠠᠭᠠᠨ ᠡᠵᠡᠨ ᠮᠢᠨᠢ ᠡ᠂ ᠲᠠᠨ ᠤ ᠬᠡᠯᠡᠭᠰᠡᠨ ᠲᠡᠢ ᠠᠳᠠᠯᠢ ᠪᠢ ᠪᠣᠯᠣᠨ ᠨᠠᠳᠠ ᠳᠤ ᠪᠠᠢᠭ᠎ᠠ ᠪᠦᠭᠦᠳᠡ ᠲᠠᠨ ᠤ ᠬᠢ ᠪᠢᠯᠡ》 ᠭᠡᠪᠡ᠃ 5 ᠨᠥᠭᠥᠭᠡ ᠡᠯᠴᠢᠳ ᠠᠬᠠᠪ ᠤᠷᠤᠭᠤ ᠳᠠᠬᠢᠨ ᠢᠷᠡᠵᠦ᠄ 《ᠪᠧᠨ ᠬᠠᠳᠠᠳ᠋ ᠡᠢᠨ ᠬᠦ ᠠᠢᠯᠠᠳᠴᠤ ᠪᠠᠢᠨ᠎ᠠ᠄ ᠤᠷᠢᠳᠤ ᠨᠢ ᠪᠢ ᠴᠢᠮ᠎ᠠ ᠳᠤ ᠦᠭᠡ ᠢᠯᠡᠭᠡᠵᠦ᠄ 〈ᠨᠠᠳᠠ ᠳᠤ ᠠᠯᠲᠠ᠂ ᠮᠥᠩᠭᠥ᠂ ᠡᠬᠡᠨᠡᠷ᠂ ᠬᠡᠦᠬᠡᠳ ᠤᠳ ᠢᠶᠠᠨ ᠥᠭ〉 ᠭᠡᠰᠡᠨ ᠪᠢᠯᠡ᠃ 6 ᠮᠠᠷᠭᠠᠰᠢ ᠡᠨᠡ ᠴᠠᠭ ᠢᠶᠠᠷ ᠪᠢ ᠯᠠᠪ ᠲᠦᠰᠢᠮᠡᠳ ᠢᠶᠡᠨ ᠴᠢᠮ᠎ᠠ ᠤᠷᠤᠭᠤ ᠢᠯᠡᠭᠡᠨ᠎ᠡ᠃ ᠲᠡᠳᠡ ᠴᠢᠨᠦ ᠣᠷᠳᠣᠨ ᠪᠣᠯᠣᠨ ᠲᠦᠰᠢᠮᠡᠳ ᠦᠨ ᠴᠢᠨᠢ ᠭᠡᠷ ᠢ ᠨᠡᠩᠵᠢᠵᠦ᠂ ᠨᠢᠳᠦᠨ ᠳᠦ ᠴᠢᠨᠢ ᠲᠠᠭᠠᠯᠠᠭᠳᠠᠬᠤ ᠪᠦᠬᠦᠨ ᠳᠦ ᠭᠠᠷ ᠬᠦᠷᠴᠦ ᠠᠪᠬᠤ ᠪᠣᠯᠣᠨ᠎ᠠ》 ᠭᠡᠪᠡ᠃
7 ᠢᠰᠷᠧᠯ ᠤᠨ ᠬᠠᠭᠠᠨ ᠤᠯᠤᠰ ᠤᠨ ᠢᠶᠠᠨ ᠪᠦᠬᠦ ᠠᠬᠠᠯᠠᠭᠴᠢ ᠶᠢ ᠳᠠᠭᠤᠳᠠᠨ᠄ 《ᠡᠨᠡ ᠬᠥᠮᠦᠨ ᠦ ᠬᠣᠷᠣᠨ ᠮᠠᠭᠤ ᠪᠠᠷ ᠱᠠᠭᠠᠷᠳᠠᠵᠤ ᠪᠤᠢ ᠶᠢ ᠦᠵᠡ︕ ᠲᠡᠷᠡ ᠡᠯᠴᠢ ᠢᠯᠡᠭᠡᠨ ᠡᠬᠡᠨᠡᠷ ᠬᠡᠦᠬᠡᠳ ᠪᠣᠯᠣᠨ ᠠᠯᠲᠠ ᠮᠥᠩᠭᠥ ᠶᠢ ᠮᠢᠨᠢ 〈ᠨᠠᠳᠠ ᠳᠤ ᠥᠭ〉 ᠭᠡᠬᠦ ᠳᠦᠨᠢ ᠪᠢ ᠵᠥᠪᠰᠢᠶᠡᠷᠡᠬᠦ ᠡᠴᠡ ᠥᠭᠡᠷ᠎ᠡ ᠠᠷᠭ᠎ᠠ ᠦᠭᠡᠢ ᠪᠠᠢᠭᠰᠠᠨ》 ᠭᠡᠵᠡᠢ᠃ 8 ᠠᠬᠠᠯᠠᠭᠴᠢᠳ ᠪᠣᠯᠣᠨ ᠠᠷᠠᠳ ᠣᠯᠠᠨ ᠪᠦᠭᠦᠳᠡᠭᠡᠷ ᠠᠬᠠᠪ ᠲᠤ᠄ 《ᠲᠡᠭᠦᠨ ᠦ ᠬᠢ ᠶᠢ ᠪᠦᠦ ᠰᠣᠨᠣᠰ᠂ ᠲᠡᠭᠦᠨ ᠳᠦ ᠪᠦᠦ ᠵᠥᠪᠰᠢᠶᠡᠷᠡ》 ᠭᠡᠯᠴᠡᠪᠡ᠃ 9 ᠠᠬᠠᠪ ᠪᠧᠨ ᠬᠠᠳᠠᠳ᠋ ᠤᠨ ᠡᠯᠴᠢᠳ ᠲᠤ᠄ 《ᠬᠠᠭᠠᠨ ᠡᠵᠡᠨ ᠳᠦ ᠮᠢᠨᠢ ᠡᠢᠨ ᠬᠦ ᠬᠡᠯᠡᠭᠲᠦᠨ᠄ 〈ᠲᠠᠨ ᠤ ᠠᠩ᠋ᠬᠠᠨ ᠤ ᠱᠠᠭᠠᠷᠳᠠᠯᠭ᠎ᠠ ᠶᠢ ᠵᠠᠷᠤᠴᠠ ᠴᠢᠨᠢ ᠪᠢ ᠪᠡᠶᠡᠯᠡᠭᠦᠯᠦᠨ᠎ᠡ᠂ ᠬᠠᠷᠢᠨ ᠡᠨᠡ ᠤᠳᠠᠭ᠎ᠠ ᠶᠢᠨ ᠱᠠᠭᠠᠷᠳᠠᠯᠭ᠎ᠠ ᠶᠢ ᠪᠢ ᠪᠡᠶᠡᠯᠡᠭᠦᠯᠵᠦ ᠴᠢᠳᠠᠬᠤ ᠦᠭᠡᠢ〉》 ᠭᠡᠰᠡᠨ ᠳᠦ᠂ ᠡᠯᠴᠢᠳ ᠶᠠᠪᠤᠵᠤ᠂ ᠪᠧᠨ ᠬᠠᠳᠠᠳ᠋ ᠲᠤ ᠡᠨᠡ ᠦᠭᠡ ᠶᠢ ᠳᠠᠮᠵᠢᠭᠤᠯᠪᠠ᠃ 10 ᠪᠧᠨ ᠬᠠᠳᠠᠳ᠋ ᠠᠬᠠᠪ ᠤᠷᠤᠭᠤ ᠡᠯᠴᠢᠳ ᠶᠠᠪᠤᠭᠤᠯᠤᠨ᠂ 《ᠨᠠᠮᠠᠶᠢ ᠳᠠᠭᠠᠵᠤ ᠪᠤᠢ ᠬᠥᠮᠦᠨ ᠪᠣᠯᠭᠠᠨ ᠳᠤ ᠠᠳᠬᠤ ᠰᠢᠷᠣᠢ ᠴᠤ ᠰᠠᠮᠠᠷᠢᠶ᠎ᠠ ᠳᠤ ᠦᠯᠡᠳᠡᠬᠦ ᠶᠤᠮ ᠪᠣᠯ ᠪᠤᠷᠬᠠᠳ ᠨᠠᠮᠠᠶᠢ ᠬᠠᠲᠠᠭᠤ ᠰᠢᠳᠬᠡᠬᠦ ᠪᠣᠯᠲᠤᠭᠠᠢ》 ᠭᠡᠵᠦ ᠬᠡᠯᠡᠭᠦᠯᠬᠦ ᠳᠦ᠂ 11 ᠢᠰᠷᠧᠯ ᠤᠨ ᠬᠠᠭᠠᠨ ᠬᠠᠷᠢᠭᠤᠯᠬᠤ ᠳᠠᠭᠠᠨ᠄ 《〈ᠬᠤᠶᠠᠭ ᠢᠶᠠᠨ ᠡᠮᠦᠰᠬᠦ ᠬᠥᠮᠦᠨ ᠬᠤᠶᠠᠭ ᠢᠶᠠᠨ ᠲᠠᠢᠯᠬᠤ ᠬᠥᠮᠦᠨ ᠮᠡᠲᠦ ᠪᠦᠦ ᠰᠠᠢᠷᠬᠠᠭ〉 ᠭᠡᠵᠦ ᠬᠡᠯᠡ》 ᠭᠡᠪᠡ᠃ 12 ᠪᠧᠨ ᠬᠠᠳᠠᠳ᠋ ᠪᠤᠰᠤᠳ ᠬᠠᠭᠠᠳ ᠤᠨ ᠬᠠᠮᠲᠤ ᠴᠠᠴᠠᠷ ᠲᠠᠭᠠᠨ ᠠᠷᠢᠬᠢᠳᠠᠵᠤ ᠪᠠᠢᠭᠠᠳ ᠡᠨᠡ ᠦᠭᠡ ᠶᠢ ᠰᠣᠨᠣᠰᠣᠮᠠᠭᠴᠠ ᠪᠠᠨ ᠲᠦᠰᠢᠮᠡᠳ ᠲᠡᠭᠡᠨ᠄ 《ᠲᠤᠯᠤᠯᠳᠤᠭᠠᠨ ᠳᠤ ᠪᠡᠯᠡᠳᠬᠡᠵᠡᠭᠡ》 ᠭᠡᠵᠦ ᠬᠡᠯᠡᠪᠡ᠃ ᠢᠩᠭᠢᠭᠡᠳ ᠲᠡᠳᠡ ᠬᠣᠲᠠ ᠶᠢ ᠳᠣᠪᠲᠣᠯᠬᠤ ᠪᠠᠷ ᠪᠡᠯᠡᠳᠬᠡᠵᠡᠭᠡᠯᠡ᠃
ᠠᠬᠠᠪ ᠪᠧᠨ ᠬᠠᠳᠠᠳ᠋ ᠢ ᠢᠯᠠᠪᠠ
13 ᠲᠡᠭᠡᠲᠡᠯ᠎ᠡ ᠢᠰᠷᠧᠯ ᠤᠨ ᠬᠠᠭᠠᠨ ᠠᠬᠠᠪ ᠲᠤ ᠨᠢᠭᠡᠨ ᠡᠰᠢ ᠦᠵᠡᠭᠦᠯᠦᠭᠴᠢ ᠳᠥᠭᠥᠵᠦ ᠢᠷᠡᠭᠡᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠡᠢᠮᠦ ᠶᠡᠬᠡ ᠴᠡᠷᠢᠭ ᠢ ᠬᠠᠷᠠᠪᠠ ᠤᠤ︖ ᠬᠠᠷ᠎ᠠ᠂ ᠪᠢ ᠲᠡᠳᠡᠨ ᠢ ᠥᠨᠥᠳᠥᠷ ᠴᠢᠨᠦ ᠭᠠᠷ ᠲᠤ ᠲᠤᠰᠢᠶᠠᠬᠤ ᠭᠡᠵᠦ ᠪᠠᠢᠨ᠎ᠠ᠂ ᠴᠢ ᠨᠠᠮᠠᠶᠢ ᠶᠣᠬᠣᠸᠠ ᠮᠥᠨ ᠭᠡᠳᠡᠭ ᠢ ᠮᠡᠳᠡᠬᠦ ᠪᠣᠯᠣᠨ᠎ᠠ〉》 ᠭᠡᠵᠦ ᠬᠡᠯᠡᠪᠡ᠃ 14 ᠠᠬᠠᠪ᠄ 《ᠬᠠᠷᠢᠨ ᠶᠠᠮᠠᠷ ᠬᠥᠮᠦᠨ ᠢᠶᠡᠷ ᠪᠤᠢ︖》 ᠭᠡᠰᠡᠨ ᠳᠦ᠂ ᠡᠰᠢ ᠦᠵᠡᠭᠦᠯᠦᠭᠴᠢ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠣᠷᠣᠨ ᠨᠤᠲᠤᠭ ᠤᠨ ᠵᠠᠯᠠᠭᠤ ᠵᠠᠬᠢᠷᠤᠭᠴᠢᠳ ᠢᠶᠠᠷ〉》 ᠭᠡᠵᠡᠢ᠂ 《ᠬᠡᠨ ᠲᠤᠯᠤᠯᠳᠤᠭᠠᠨ ᠢ ᠡᠬᠢᠯᠡᠭᠦᠯᠬᠦ ᠪᠤᠢ︖》 ᠭᠡᠬᠦ ᠳᠦᠨᠢ᠂ ᠡᠰᠢ ᠦᠵᠡᠭᠦᠯᠦᠭᠴᠢ᠄ 《ᠲᠠ》 ᠭᠡᠵᠦ ᠬᠠᠷᠢᠭᠤᠯᠪᠠ᠃ 15 ᠢᠩᠭᠢᠭᠡᠳ ᠠᠬᠠᠪ ᠣᠷᠣᠨ ᠨᠤᠲᠤᠭ ᠤᠨ ᠵᠠᠯᠠᠭᠤ ᠵᠠᠬᠢᠷᠤᠭᠴᠢᠳ ᠢ ᠴᠤᠭᠯᠠᠭᠤᠯᠬᠤ ᠳᠤ᠂ ᠬᠣᠶᠠᠷ ᠵᠠᠭᠤ ᠭᠤᠴᠢᠨ ᠬᠣᠶᠠᠷ ᠬᠥᠮᠦᠨ ᠪᠠᠢᠪᠠ᠃ ᠳᠠᠷᠠᠭ᠎ᠠ ᠨᠢ ᠪᠤᠰᠤᠳ ᠢᠰᠷᠧᠯᠴᠦᠳ ᠢ ᠴᠤᠭᠯᠠᠭᠤᠯᠬᠤ ᠳᠤ᠂ ᠳᠣᠯᠣᠭᠠᠨ ᠮᠢᠩ᠋ᠭᠠᠨ ᠬᠥᠮᠦᠨ ᠪᠠᠢᠪᠠ᠃
16 ᠲᠡᠳᠡ ᠦᠳᠡ ᠳᠤᠮᠳᠠ ᠶᠢᠨ ᠦᠶ᠎ᠡ ᠳᠦ ᠬᠥᠳᠡᠯᠬᠦ ᠪᠡᠷ ᠪᠣᠯᠵᠠᠢ᠃ ᠲᠡᠷᠡ ᠦᠶ᠎ᠡ ᠳᠦ ᠪᠧᠨ ᠬᠠᠳᠠᠳ᠋ ᠭᠤᠴᠢᠨ ᠬᠣᠶᠠᠷ ᠬᠣᠯᠪᠣᠭᠠᠲᠠᠨ ᠬᠠᠭᠠᠨ ᠲᠠᠢ ᠪᠠᠨ ᠬᠠᠮᠲᠤ ᠴᠠᠴᠠᠷ ᠲᠠᠭᠠᠨ ᠠᠷᠢᠬᠢᠳᠠᠭᠠᠳ ᠰᠣᠭᠲᠣᠭᠰᠠᠨ ᠪᠠᠢᠯ᠎ᠠ᠃ 17 ᠵᠠᠯᠠᠭᠤ ᠵᠠᠬᠢᠷᠤᠭᠴᠢᠳ ᠲᠡᠷᠢᠭᠦᠯᠡᠨ ᠭᠠᠷᠪᠠ᠃ ᠪᠧᠨ ᠬᠠᠳᠠᠳ᠋ ᠤᠨ ᠶᠠᠪᠤᠭᠤᠯᠤᠭᠰᠠᠨ ᠲᠤᠷᠰᠢᠭᠤᠯ ᠤᠳ ᠲᠡᠭᠦᠨ ᠳᠦ᠄ 《ᠰᠠᠮᠠᠷᠢᠶ᠎ᠠ ᠠᠴᠠ ᠬᠥᠮᠦᠰ ᠭᠠᠷᠴᠤ ᠢᠷᠡᠵᠦ ᠪᠠᠢᠨ᠎ᠠ》 ᠭᠡᠵᠦ ᠮᠡᠳᠡᠭᠳᠡᠬᠦ ᠳᠦ᠂ 18 ᠪᠧᠨ ᠬᠠᠳᠠᠳ᠋᠄ 《ᠨᠠᠢᠷᠠᠮᠳᠠᠬᠤ ᠪᠠᠷ ᠢᠷᠡᠭᠰᠡᠨ ᠴᠤ᠂ ᠳᠠᠢᠲᠤᠬᠤ ᠪᠠᠷ ᠢᠷᠡᠭᠰᠡᠨ ᠴᠤ᠂ ᠲᠡᠳᠡᠨ ᠢ ᠠᠮᠢᠳᠤ ᠪᠠᠷ ᠨᠢ ᠪᠠᠷᠢᠵᠤ ᠠᠪ》 ᠭᠡᠵᠦ ᠲᠤᠰᠢᠶᠠᠪᠠ᠃
19 ᠬᠠᠷᠢᠨ ᠨᠥᠭᠥᠭᠡ ᠵᠠᠯᠠᠭᠤ ᠵᠠᠬᠢᠷᠤᠭᠴᠢᠳ ᠴᠡᠷᠢᠭ ᠢᠶᠠᠨ ᠳᠠᠭᠠᠭᠤᠯᠤᠨ ᠬᠣᠲᠠ ᠠᠴᠠ ᠭᠠᠷᠤᠭᠰᠠᠨ ᠪᠠᠢᠯ᠎ᠠ᠃ 20 ᠲᠡᠳᠡᠨ ᠦ ᠬᠥᠮᠦᠨ ᠪᠦᠷᠢ ᠡᠰᠡᠷᠭᠦ ᠡᠲᠡᠭᠡᠳ ᠢᠶᠡᠨ ᠴᠣᠬᠢᠭᠰᠠᠨ ᠳᠤ᠂ ᠠᠷᠠᠮᠴᠤᠳ ᠵᠢᠭᠤᠲᠠᠯ᠎ᠠ᠃ ᠢᠰᠷᠧᠯᠴᠦᠳ ᠲᠡᠳᠡᠨ ᠢ ᠬᠥᠭᠡᠭᠡᠭᠰᠡᠨ ᠳᠦ᠂ ᠠᠷᠠᠮ ᠤᠨ ᠬᠠᠭᠠᠨ ᠪᠧᠨ ᠬᠠᠳᠠᠳ᠋ ᠮᠣᠷᠢᠲᠤ ᠴᠡᠷᠢᠭ ᠤᠳ ᠲᠠᠢ ᠪᠠᠨ ᠬᠠᠮᠲᠤ ᠵᠢᠭᠤᠲᠠᠵᠠᠢ᠃ 21 ᠲᠡᠢᠨ ᠬᠦ ᠢᠰᠷᠧᠯ ᠤᠨ ᠬᠠᠭᠠᠨ ᠭᠠᠷᠤᠭᠠᠳ ᠮᠣᠷᠢᠳ ᠪᠣᠯᠣᠨ ᠲᠡᠷᠭᠡ ᠨᠦᠭᠦᠳ ᠢ ᠨᠢ ᠴᠣᠬᠢᠭᠠᠳ ᠠᠷᠠᠮᠴᠤᠳ ᠢ ᠶᠡᠬᠡᠪᠡᠷ ᠬᠥᠨᠥᠭᠡᠪᠡ᠃
22 ᠨᠥᠭᠥᠭᠡ ᠡᠰᠢ ᠦᠵᠡᠭᠦᠯᠦᠭᠴᠢ ᠢᠰᠷᠧᠯ ᠤᠨ ᠬᠠᠭᠠᠨ ᠳᠤ ᠳᠥᠭᠥᠨ ᠢᠷᠡᠵᠦ᠄ 《ᠢᠷᠡᠬᠦ ᠵᠢᠯ ᠤᠨ ᠡᠬᠢᠨ ᠳᠤ᠂ ᠠᠷᠠᠮ ᠤᠨ ᠬᠠᠭᠠᠨ ᠲᠠᠨ ᠢ ᠳᠠᠬᠢᠨ ᠳᠣᠪᠲᠣᠯᠬᠤ ᠪᠣᠯᠣᠨ᠎ᠠ᠃ ᠲᠠ ᠬᠦᠴᠦ ᠪᠡᠨ ᠰᠡᠯᠪᠢᠭᠡᠳ᠂ ᠶᠠᠭᠤ ᠬᠢᠬᠦ ᠶᠣᠰᠣᠲᠠᠢ ᠪᠠᠨ ᠪᠣᠳᠣᠵᠤ ᠪᠠᠢᠭᠠᠷᠠᠢ》 ᠭᠡᠪᠡ᠃
23 ᠲᠡᠭᠡᠬᠦ ᠳᠦ ᠲᠦᠰᠢᠮᠡᠳ ᠨᠢ ᠠᠷᠠᠮ ᠤᠨ ᠬᠠᠭᠠᠨ ᠳᠤ᠄ 《ᠲᠡᠳᠡᠨ ᠦ ᠪᠤᠷᠬᠠᠨ ᠠᠭᠤᠯᠠ ᠶᠢᠨ ᠪᠤᠷᠬᠠᠨ ᠤᠴᠢᠷ ᠠᠴᠠ ᠲᠡᠳᠡ ᠪᠢᠳᠡᠨ ᠢ ᠳᠡᠢᠯᠦᠭᠰᠡᠨ ᠶᠤᠮ᠃ ᠬᠡᠷᠪᠡ ᠲᠠᠯ᠎ᠠ ᠭᠠᠵᠠᠷ ᠲᠤ ᠲᠤᠯᠤᠯᠳᠤᠪᠠᠯ ᠪᠢᠳᠡ ᠭᠠᠷᠴᠠᠭ᠎ᠠ ᠦᠭᠡᠢ ᠲᠡᠳᠡᠨ ᠢ ᠳᠡᠢᠯᠬᠦ ᠪᠣᠯᠣᠨ᠎ᠠ᠃ 24 ᠣᠳᠣ ᠲᠠ ᠢᠩᠭᠢᠵᠦ ᠬᠢᠭᠡᠷᠡᠢ᠃ ᠪᠦᠬᠦ ᠬᠠᠭᠠᠳ ᠢ ᠪᠠᠢᠯᠳᠤᠭᠠᠨ ᠠᠴᠠ ᠰᠢᠯᠵᠢᠭᠦᠯᠵᠦ᠂ ᠣᠷᠣᠨ ᠳᠤᠨᠢ ᠵᠠᠩᠵᠤᠨ ᠨᠤᠭᠤᠳ ᠢ ᠳᠡᠪᠰᠢᠭᠦᠯ᠂ 25 ᠪᠠᠰᠠ ᠠᠯᠳᠠᠭᠰᠠᠨ ᠬᠦᠴᠦ ᠪᠡᠨ ᠦᠨᠳᠦᠰᠦᠯᠡᠵᠦ᠂ ᠮᠣᠷᠢ ᠶᠢ ᠨᠢ ᠮᠣᠷᠢ ᠪᠠᠷ᠂ ᠲᠡᠷᠭᠡ ᠶᠢ ᠨᠢ ᠲᠡᠷᠭᠡ ᠪᠡᠷ ᠨᠥᠬᠥᠵᠦ ᠴᠤᠭᠯᠠᠭᠤᠯ᠃ ᠲᠡᠭᠡᠭᠡᠳ ᠢᠰᠷᠧᠯᠴᠦᠳ ᠲᠡᠢ ᠲᠠᠯ᠎ᠠ ᠭᠠᠵᠠᠷ ᠲᠤ ᠲᠤᠯᠤᠯᠳᠤᠪᠠᠯ ᠪᠢᠳᠡ ᠭᠠᠷᠴᠠᠭ᠎ᠠ ᠦᠭᠡᠢ ᠲᠡᠳᠡᠨ ᠢ ᠳᠡᠢᠯᠬᠦ ᠪᠣᠯᠣᠨ᠎ᠠ》 ᠭᠡᠬᠦ ᠳᠦ᠂ ᠬᠠᠭᠠᠨ ᠲᠡᠳᠡᠨ ᠦ ᠬᠢ ᠶᠢ ᠰᠣᠨᠣᠰᠴᠤ᠂ ᠲᠡᠢᠨ ᠬᠦ ᠦᠢᠯᠡᠳᠪᠡ᠃
26 ᠳᠠᠷᠠᠭ᠎ᠠ ᠵᠢᠯ ᠤᠨ ᠬᠢᠨᠢ ᠡᠬᠢᠨ ᠳᠤ ᠪᠧᠨ ᠬᠠᠳᠠᠳ᠋ ᠠᠷᠠᠮᠴᠤᠳ ᠢ ᠴᠤᠭᠯᠠᠭᠤᠯᠵᠤ᠂ ᠢᠰᠷᠧᠯ ᠲᠠᠢ ᠳᠠᠢᠲᠤᠬᠤ ᠪᠠᠷ ᠠᠹᠧᠺ ᠥᠭᠡᠳᠡ ᠶᠠᠪᠤᠯ᠎ᠠ᠃ 27 ᠢᠰᠷᠧᠯᠴᠦᠳ ᠴᠤ ᠴᠤᠭᠯᠠᠷᠠᠵᠤ᠂ ᠬᠡᠷᠡᠭ ᠲᠡᠢ ᠵᠦᠢᠯ ᠢᠶᠠᠨ ᠠᠪᠤᠭᠠᠳ ᠶᠠᠪᠤᠵᠤ᠂ ᠲᠡᠳᠡᠨ ᠲᠡᠢ ᠲᠤᠯᠭᠠᠷᠠᠪᠠ᠃ ᠲᠡᠷᠡ ᠭᠠᠵᠠᠷ ᠢ ᠪᠦᠷᠬᠦᠭᠰᠡᠨ ᠠᠷᠠᠮᠴᠤᠳ ᠤᠨ ᠡᠮᠦᠨ᠎ᠡ ᠬᠤᠸᠠᠷᠠᠩᠨᠠᠨ ᠪᠠᠭᠤᠳᠠᠯᠯᠠᠭᠰᠠᠨ ᠢᠰᠷᠧᠯᠴᠦᠳ ᠬᠣᠶᠠᠷ ᠪᠠᠭᠠᠬᠠᠨ ᠢᠮᠠᠭᠠᠨ ᠰᠦᠷᠦᠭ ᠰᠢᠭ ᠪᠠᠢᠪᠠ᠃ 28 ᠪᠤᠷᠬᠠᠨ ᠤ ᠬᠥᠮᠦᠨ ᠢᠰᠷᠧᠯ ᠤᠨ ᠬᠠᠭᠠᠨ ᠳᠤ ᠳᠥᠭᠥᠨ ᠢᠷᠡᠵᠦ᠄ 《ᠶᠣᠬᠣᠸᠠ ᠡᠢᠨ ᠬᠦ ᠠᠢᠯᠠᠳᠴᠤ ᠪᠠᠢᠨ᠎ᠠ᠄ ᠠᠷᠠᠮᠴᠤᠳ ᠶᠣᠬᠣᠸᠠ ᠶᠢ 〈ᠠᠭᠤᠯᠠ ᠶᠢᠨ ᠪᠤᠷᠬᠠᠨ ᠪᠣᠯᠬᠤ ᠠᠴᠠ ᠪᠢᠰᠢ᠂ ᠲᠠᠯ᠎ᠠ ᠭᠠᠵᠠᠷ ᠤᠨ ᠪᠤᠷᠬᠠᠨ ᠪᠢᠰᠢ〉 ᠭᠡᠳᠡᠭ᠂ ᠡᠢᠮᠦ ᠡᠴᠡ ᠪᠢ ᠡᠨᠡ ᠶᠡᠬᠡ ᠴᠡᠷᠢᠭ ᠢ ᠴᠢᠨᠦ ᠭᠠᠷ ᠲᠤ ᠲᠤᠰᠢᠶᠠᠬᠤ ᠪᠣᠯᠣᠨ᠎ᠠ᠂ ᠲᠡᠭᠡᠭᠡᠳ ᠴᠢ ᠨᠠᠮᠠᠶᠢ ᠶᠣᠬᠣᠸᠠ ᠮᠥᠨ ᠭᠡᠳᠡᠭ ᠢ ᠮᠡᠳᠡᠬᠦ ᠪᠣᠯᠣᠨ᠎ᠠ》 ᠭᠡᠵᠦ ᠬᠡᠯᠡᠯ᠎ᠡ᠃ 29 ᠲᠡᠳᠡ ᠳᠣᠯᠣᠭᠠᠨ ᠬᠣᠨᠣᠭ ᠤᠨ ᠲᠤᠷᠰᠢ ᠪᠡᠶ᠎ᠡ ᠪᠡᠶ᠎ᠡ ᠶᠢᠨ ᠢᠶᠠᠨ ᠡᠰᠡᠷᠭᠦ ᠬᠤᠸᠠᠷᠠᠩᠨᠠᠨ ᠪᠠᠢᠪᠠ᠃ ᠳᠣᠯᠣᠳᠠᠬᠢ ᠡᠳᠦᠷ ᠨᠢ ᠲᠤᠯᠤᠯᠳᠤᠭᠠᠨ ᠡᠬᠢᠯᠡᠵᠦ᠂ ᠢᠰᠷᠧᠯᠴᠦᠳ ᠨᠢᠭᠡ ᠡᠳᠦᠷ ᠦᠨ ᠳᠣᠲᠣᠷ᠎ᠠ ᠠᠷᠠᠮᠴᠤᠳ ᠠᠴᠠ ᠠᠷᠪᠠᠨ ᠲᠦᠮᠡᠨ ᠶᠠᠪᠠᠭᠠᠨ ᠴᠡᠷᠢᠭ ᠢ ᠴᠣᠬᠢᠪᠠ᠃ 30 ᠦᠯᠡᠳᠡᠭᠰᠡᠳ ᠨᠢ ᠠᠹᠧᠺ ᠬᠣᠲᠠ ᠤᠷᠤᠭᠤ ᠵᠢᠭᠤᠲᠠᠵᠠᠢ᠃ ᠲᠡᠭᠡᠲᠡᠯ᠎ᠡ ᠬᠣᠲᠠ ᠶᠢᠨ ᠬᠡᠷᠡᠮ ᠨᠤᠷᠠᠵᠤ ᠬᠣᠶᠠᠷ ᠲᠦᠮᠡ ᠳᠣᠯᠣᠭᠠᠨ ᠮᠢᠩ᠋ᠭᠠᠨ ᠴᠡᠷᠢᠭ ᠤᠨ ᠳᠡᠭᠡᠷ᠎ᠡ ᠤᠨᠠᠯ᠎ᠠ᠃ ᠬᠠᠷᠢᠨ ᠪᠧᠨ ᠬᠠᠳᠠᠳ᠋ ᠵᠢᠭᠤᠲᠠᠭᠠᠳ ᠲᠡᠷᠡ ᠬᠣᠲᠠ ᠤᠷᠤᠭᠤ ᠣᠷᠣᠵᠤ ᠰᠢᠯᠲᠦᠭᠡᠨ ᠳᠦ ᠨᠢᠭᠤᠭᠳᠠᠭᠰᠠᠨ ᠪᠠᠢᠨ᠎ᠠ᠃
31 ᠲᠦᠰᠢᠮᠡᠳ ᠨᠢ ᠲᠡᠭᠦᠨ ᠳᠦ᠄ 《ᠬᠠᠷ᠎ᠠ᠂ ᠪᠢᠳᠡ ᠢᠰᠷᠧᠯ ᠤᠨ ᠭᠡᠷ ᠦᠨ ᠬᠠᠭᠠᠳ ᠢ ᠡᠨᠡᠷᠢᠩᠭᠦᠢ ᠬᠠᠭᠠᠳ ᠭᠡᠵᠦ ᠰᠣᠨᠣᠰᠣᠭᠰᠠᠨ ᠶᠤᠮ᠃ ᠪᠢᠳᠡ ᠪᠡᠯᠬᠡᠭᠦᠰᠦᠨ ᠳᠡᠭᠡᠨ ᠲᠠᠭᠠᠷ ᠤᠭᠯᠠᠵᠤ᠂ ᠲᠣᠯᠣᠭᠠᠢ ᠪᠠᠷ ᠢᠶᠠᠨ ᠣᠯᠣᠰᠣ ᠤᠶᠠᠭᠠᠳ ᠢᠰᠷᠧᠯ ᠤᠨ ᠬᠠᠭᠠᠨ ᠤᠷᠤᠭᠤ ᠣᠴᠢᠶ᠎ᠠ᠃ ᠲᠡᠷᠡ ᠲᠠᠨ ᠤ ᠠᠮᠢ ᠶᠢ ᠬᠡᠯᠲᠦᠷᠢᠭᠦᠯᠵᠦ ᠮᠠᠭᠠᠳ ᠦᠭᠡᠢ》 ᠭᠡᠪᠡ᠃ 32 ᠢᠩᠭᠢᠭᠡᠳ ᠲᠡᠳᠡ ᠪᠡᠯᠬᠡᠭᠦᠰᠦᠨ ᠳᠡᠭᠡᠨ ᠲᠠᠭᠠᠷ ᠤᠭᠯᠠᠵᠤ᠂ ᠲᠣᠯᠣᠭᠠᠢ ᠪᠠᠷ ᠢᠶᠠᠨ ᠣᠯᠣᠰᠣ ᠤᠶᠠᠭᠠᠳ ᠢᠰᠷᠧᠯ ᠤᠨ ᠬᠠᠭᠠᠨ ᠳᠤ ᠣᠴᠢᠵᠤ᠄ 《ᠲᠠᠨ ᠤ ᠵᠠᠷᠤᠴᠠ ᠪᠧᠨ ᠬᠠᠳᠠᠳ᠋᠄ 〈ᠮᠢᠨᠦ ᠠᠮᠢ ᠶᠢ ᠬᠡᠯᠲᠦᠷᠢᠭᠦᠯᠦᠭᠡᠴᠢ〉 ᠭᠡᠵᠦ ᠭᠤᠶᠤᠵᠤ ᠪᠠᠢᠨ᠎ᠠ》 ᠭᠡᠬᠦ ᠳᠦ᠂ ᠠᠬᠠᠪ ᠬᠠᠭᠠᠨ᠄ 《ᠲᠡᠷᠡ ᠠᠮᠢᠳᠤ ᠪᠠᠢᠭᠰᠠᠭᠠᠷ ᠶᠤᠮ ᠤᠤ︖ ᠲᠡᠷᠡ ᠪᠣᠯ ᠮᠢᠨᠦ ᠳᠡᠭᠦᠦ ᠰᠢᠦ》 ᠭᠡᠯᠡ᠃ 33 ᠲᠡᠳᠡ ᠡᠭᠦᠨ ᠢ ᠰᠠᠢᠨ ᠰᠢᠨᠵᠢ ᠭᠡᠵᠦ ᠦᠵᠡᠭᠡᠳ᠂ ᠦᠭᠡ ᠶᠢ ᠨᠢ ᠳᠠᠷᠤᠢᠬᠠᠨ ᠡᠯᠭᠦᠨ ᠠᠪᠴᠤ᠄ 《ᠪᠧᠨ ᠬᠠᠳᠠᠳ᠋ ᠲᠠᠨ ᠤ ᠳᠡᠭᠦᠦ ᠨᠢ ᠦᠨᠡᠨ》 ᠭᠡᠯᠴᠡᠬᠦ ᠳᠦᠨᠢ ᠬᠠᠭᠠᠨ᠄ 《ᠶᠠᠪᠤᠵᠤ᠂ ᠲᠡᠭᠦᠨ ᠢ ᠠᠪᠴᠢᠷᠠ》 ᠭᠡᠪᠡ᠃ ᠪᠧᠨ ᠬᠠᠳᠠᠳ᠋ ᠲᠡᠭᠦᠨ ᠤᠷᠤᠭᠤ ᠭᠠᠷᠴᠤ ᠢᠷᠡᠬᠦ ᠳᠦ᠂ ᠠᠬᠠᠪ ᠲᠡᠭᠦᠨ ᠢ ᠲᠡᠷᠭᠡᠨ ᠳᠡᠭᠡᠨ ᠰᠠᠭᠤᠯᠭᠠᠯ᠎ᠠ᠃ 34 ᠪᠧᠨ ᠬᠠᠳᠠᠳ᠋ ᠲᠡᠭᠦᠨ ᠳᠦ᠄ 《ᠮᠢᠨᠦ ᠡᠴᠢᠭᠡ ᠶᠢᠨ ᠲᠠᠨ ᠤ ᠡᠴᠢᠭᠡ ᠡᠴᠡ ᠠᠪᠤᠭᠰᠠᠨ ᠬᠣᠲᠠ ᠨᠤᠭᠤᠳ ᠢ ᠪᠢ ᠪᠤᠴᠠᠭᠠᠵᠤ ᠥᠭᠬᠦ ᠪᠣᠯᠣᠨ᠎ᠠ᠃ ᠮᠥᠨ ᠰᠠᠮᠠᠷᠢᠶ᠎ᠠ ᠳᠤ ᠮᠢᠨᠦ ᠡᠴᠢᠭᠡ ᠶᠢᠨ ᠪᠠᠢᠭᠤᠯᠤᠭᠰᠠᠨ ᠰᠢᠭ᠋ ᠬᠤᠳᠠᠯᠳᠤᠭᠠᠨ ᠤ ᠭᠤᠳᠤᠮᠵᠢ ᠶᠢ ᠳ᠋ᠠᠮᠠᠰᠺᠦ᠋ᠰ ᠲᠤ ᠲᠠ ᠪᠠᠢᠭᠤᠯᠵᠤ ᠪᠣᠯᠣᠨ᠎ᠠ》 ᠭᠡᠰᠡᠨ ᠳᠦ᠂ ᠠᠬᠠᠪ᠄ 《ᠪᠢ ᠡᠭᠦᠨ ᠢᠶᠡᠷ ᠴᠢᠨᠢ ᠭᠡᠷ᠎ᠡ ᠪᠠᠢᠭᠤᠯᠵᠤ ᠴᠢᠮᠠᠶᠢ ᠰᠤᠯᠠᠯᠠᠶ᠎ᠠ》 ᠭᠡᠳ ᠲᠡᠭᠦᠨ ᠲᠡᠢ ᠭᠡᠷ᠎ᠡ ᠪᠠᠢᠭᠤᠯᠵᠤ ᠲᠡᠭᠦᠨ ᠢ ᠰᠤᠯᠠᠯᠠᠯᠠ᠃
ᠡᠰᠢ ᠦᠵᠡᠭᠦᠯᠦᠭᠴᠢ ᠠᠬᠠᠪ ᠢ ᠵᠢᠮᠡᠯᠡᠪᠡ
35 ᠡᠰᠢ ᠦᠵᠡᠭᠦᠯᠦᠭᠴᠢᠳ ᠤᠨ ᠨᠢᠭᠡ ᠨᠢ ᠨᠥᠭᠥᠭᠡ ᠳᠡᠭᠡᠨ ᠶᠣᠬᠣᠸᠠ ᠶᠢᠨ ᠦᠭᠡ ᠪᠡᠷ᠄ 《ᠨᠠᠮᠠᠶᠢ ᠴᠣᠬᠢᠭᠠᠴᠢ》 ᠭᠡᠵᠦ ᠵᠠᠬᠢᠭᠰᠠᠨ ᠪᠣᠯᠪᠠᠴᠤ ᠨᠥᠭᠥᠭᠡ ᠨᠢ ᠲᠡᠭᠦᠨ ᠢ ᠴᠣᠬᠢᠬᠤ ᠦᠭᠡᠢ ᠪᠠᠢᠯ᠎ᠠ᠃ 36 ᠲᠡᠭᠡᠬᠦ ᠪᠡᠷ ᠨᠢ ᠥᠨᠥᠬᠢ ᠡᠰᠢ ᠦᠵᠡᠭᠦᠯᠦᠭᠴᠢ ᠲᠡᠭᠦᠨ ᠳᠦ᠄ 《ᠴᠢ ᠶᠣᠬᠣᠸᠠ ᠶᠢᠨ ᠦᠭᠡ ᠶᠢ ᠳᠠᠭᠠᠭᠰᠠᠨ ᠦᠭᠡᠢ ᠲᠤᠯᠠ ᠨᠠᠳᠠ ᠠᠴᠠ ᠰᠠᠯᠤᠨ ᠶᠠᠪᠤᠬᠤ ᠦᠶ᠎ᠡ ᠳᠦ ᠴᠢᠨᠢ ᠠᠷᠰᠯᠠᠨ ᠴᠢᠮᠠᠶᠢ ᠳᠠᠭᠠᠷᠢᠨ᠎ᠠ》 ᠭᠡᠪᠡ᠃ ᠨᠥᠭᠥᠭᠡ ᠡᠷ᠎ᠡ ᠲᠡᠭᠦᠨ ᠡᠴᠡ ᠰᠠᠯᠵᠤ ᠶᠠᠪᠤᠭᠰᠠᠨ ᠳᠤ᠂ ᠨᠢᠭᠡ ᠠᠷᠰᠯᠠᠨ ᠲᠡᠭᠦᠨ ᠢ ᠦᠵᠡᠭᠡᠳ᠂ ᠬᠥᠨᠥᠭᠡᠪᠡ᠃ 37 ᠥᠨᠥᠬᠢ ᠡᠰᠢ ᠦᠵᠡᠭᠦᠯᠦᠭᠴᠢ ᠥᠭᠡᠷ᠎ᠡ ᠨᠢᠭᠡ ᠬᠥᠮᠦᠨ ᠢ ᠣᠯᠣᠭᠠᠳ᠄ 《ᠨᠠᠮᠠᠶᠢ ᠴᠣᠬᠢᠭᠠᠴᠢ》 ᠭᠡᠰᠡᠨ ᠳᠦ᠂ ᠨᠥᠭᠥᠭᠡ ᠬᠥᠮᠦᠨ ᠲᠡᠭᠦᠨ ᠢ ᠴᠣᠬᠢᠵᠤ ᠰᠢᠷᠬᠠᠲᠤᠭᠤᠯᠪᠠ᠃ 38 ᠡᠰᠢ ᠦᠵᠡᠭᠦᠯᠦᠭᠴᠢ ᠲᠡᠨᠳᠡ ᠡᠴᠡ ᠶᠠᠪᠤᠵᠤ᠂ ᠨᠢᠳᠦ ᠪᠡᠨ ᠣᠷᠢᠶᠠᠯᠲᠠ ᠪᠠᠷ ᠣᠷᠢᠶᠠᠵᠤ ᠵᠢᠰᠦ ᠪᠤᠷᠤᠭᠤᠯᠠᠭᠠᠳ᠂ ᠵᠠᠮ ᠤᠨ ᠬᠠᠵᠠᠭᠤ ᠳᠤ ᠬᠠᠭᠠᠨ ᠢ ᠬᠦᠯᠢᠶᠡᠨ ᠵᠣᠭᠰᠣᠪᠠ᠃ 39 ᠬᠠᠭᠠᠨ ᠬᠠᠵᠠᠭᠤ ᠪᠠᠷ ᠨᠢ ᠥᠩᠭᠡᠷᠡᠬᠦ ᠦᠶ᠎ᠡ ᠳᠦ᠂ ᠲᠡᠷᠡ ᠪᠡᠷ ᠬᠠᠭᠠᠨ ᠢ ᠳᠠᠭᠤᠳᠠᠨ᠄ 《ᠲᠠᠨ ᠤ ᠵᠠᠷᠤᠴᠠ ᠪᠢ ᠳᠠᠢᠨ ᠤ ᠲᠠᠯᠠᠪᠤᠷ ᠳᠡᠭᠡᠷ᠎ᠡ ᠣᠴᠢᠭᠰᠠᠨ ᠪᠢᠯᠡ᠃ ᠨᠢᠭᠡ ᠬᠥᠮᠦᠨ ᠨᠠᠳᠠ ᠳᠤ ᠣᠯᠵᠠᠯᠠᠭᠳᠠᠭᠴᠢ ᠶᠢ ᠠᠪᠴᠢᠷᠠᠭᠠᠳ᠄ 〈ᠡᠨᠡ ᠬᠥᠮᠦᠨ ᠢ ᠮᠠᠨᠠᠵᠤ ᠪᠠᠢ᠃ ᠬᠡᠷᠪᠡ ᠴᠢ ᠠᠯᠳᠠᠪᠠᠯ ᠠᠮᠢ ᠶᠢ ᠨᠢ ᠠᠮᠢ ᠪᠠᠷ ᠢᠶᠠᠨ ᠲᠥᠯᠥᠬᠦ ᠪᠤᠶᠤ ᠨᠢᠭᠡ ᠮᠥᠩᠭᠥᠨ ᠲᠠᠯᠠᠨᠲ 30 ᠲᠥᠯᠥᠬᠦ ᠬᠡᠷᠡᠭᠲᠡᠢ〉 ᠭᠡᠰᠡᠨ ᠪᠢᠯᠡ᠃ 40 ᠬᠠᠷᠢᠨ ᠲᠠᠨ ᠤ ᠵᠠᠷᠤᠴᠠ ᠨᠠᠰᠢ ᠴᠠᠰᠢ ᠶᠠᠭᠠᠷᠠᠵᠤ ᠪᠠᠢᠬᠤ ᠳᠤ᠂ ᠥᠨᠥᠬᠢ ᠬᠥᠮᠦᠨ ᠠᠯᠠᠭ᠎ᠠ ᠪᠣᠯᠣᠭᠰᠠᠨ ᠶᠤᠮ》 ᠭᠡᠪᠡ᠃ ᠢᠰᠷᠧᠯ ᠤᠨ ᠬᠠᠭᠠᠨ ᠲᠡᠭᠦᠨ ᠳᠦ᠄ 《ᠴᠢ ᠥᠪᠡᠷ ᠢᠶᠡᠨ ᠲᠡᠭᠡᠵᠦ ᠰᠢᠢᠳᠦᠭᠰᠡᠨ ᠤᠴᠢᠷ ᠲᠡᠷᠡ ᠶᠣᠰᠣᠭᠠᠷ ᠰᠢᠳᠬᠡᠯ ᠬᠦᠯᠢᠶᠡᠬᠦ ᠪᠣᠯᠣᠨ᠎ᠠ》 ᠭᠡᠪᠡ᠃ 41 ᠡᠰᠢ ᠦᠵᠡᠭᠦᠯᠦᠭᠴᠢ ᠲᠡᠷᠡ ᠳᠣᠣᠷ᠎ᠠ ᠪᠠᠨ ᠨᠢᠳᠦᠨ ᠦ ᠪᠠᠨ ᠣᠷᠢᠶᠠᠯᠲᠠ ᠶᠢ ᠲᠠᠢᠯᠤᠨ ᠠᠪᠬᠤ ᠳᠤ᠂ ᠢᠰᠷᠧᠯ ᠤᠨ ᠬᠠᠭᠠᠨ ᠲᠡᠷᠡ ᠪᠣᠯ ᠡᠰᠢ ᠦᠵᠡᠭᠦᠯᠦᠭᠴᠢᠳ ᠤᠨ ᠨᠢᠭᠡ ᠪᠣᠯᠬᠤ ᠶᠢ ᠲᠠᠨᠢᠯ᠎ᠠ᠃ 42 ᠲᠡᠷᠡ ᠪᠡᠷ ᠬᠠᠭᠠᠨ ᠳᠤ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠢᠨᠦ ᠤᠰᠠᠳᠬᠠᠬᠤ ᠪᠠᠷ ᠰᠢᠢᠳᠦᠭᠰᠡᠨ ᠬᠥᠮᠦᠨ ᠢ ᠴᠢ ᠭᠠᠷ ᠠᠴᠠ ᠪᠠᠨ ᠰᠤᠯᠠᠯᠠᠵᠤ ᠶᠠᠪᠤᠭᠤᠯᠤᠭᠰᠠᠨ ᠲᠤᠯᠠ ᠠᠮᠢ ᠶᠢ ᠨᠢ ᠠᠮᠢ ᠪᠠᠷ ᠢᠶᠠᠨ᠂ ᠠᠷᠠᠳ ᠢ ᠨᠢ ᠠᠷᠠᠳ ᠢᠶᠠᠷ ᠢᠶᠠᠨ ᠲᠥᠯᠥᠬᠦ ᠪᠣᠯᠣᠨ᠎ᠠ〉》 ᠭᠡᠪᠡ᠃ 43 ᠲᠡᠭᠡᠬᠦ ᠳᠦ᠂ ᠢᠰᠷᠧᠯ ᠤᠨ ᠬᠠᠭᠠᠨ ᠤᠨᠲᠤᠭᠤᠴᠠᠨ ᠤᠴᠠᠭᠠᠷᠯᠠᠵᠤ᠂ ᠰᠠᠮᠠᠷᠢᠶ᠎ᠠ ᠳᠠᠬᠢ ᠣᠷᠳᠣᠨ ᠤᠷᠤᠭᠤ ᠪᠠᠨ ᠶᠠᠪᠤᠯ᠎ᠠ᠃