1 2 3 4 5 6 7 8 9 10 11 12 13 14 15 16 17 18 19 20 21 22


ᠬᠠᠭᠠᠳ ᠤᠨ ᠳᠡᠭᠡᠳᠦ ᠶᠢᠰᠦ
 ᠶᠣᠬᠣᠸᠠ ᠰᠣᠯᠣᠮᠣᠨ ᠳᠤ ᠳᠠᠬᠢᠨ ᠦᠵᠡᠭᠳᠡᠪᠡ

1 ᠰᠣᠯᠣᠮᠣᠨ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠢ ᠪᠠᠷᠢᠵᠤ ᠳᠠᠭᠤᠰᠬᠠᠭᠠᠳ ᠬᠦᠰᠡᠭᠰᠡᠨ ᠪᠦᠬᠦᠨ ᠢᠶᠡᠨ ᠪᠡᠶᠡᠯᠡᠭᠦᠯᠦᠭᠰᠡᠨ ᠦ ᠳᠠᠷᠠᠭ᠎ᠠ᠂ 2 ᠶᠣᠬᠣᠸᠠ ᠭᠢᠪᠧᠶᠣᠨ ᠳᠤ ᠦᠵᠡᠭᠳᠡᠭᠰᠡᠨ ᠰᠢᠭ ᠢᠶᠠᠨ ᠬᠣᠶᠠᠳᠠᠬᠢ ᠤᠳᠠᠭ᠎ᠠ ᠪᠠᠨ ᠰᠣᠯᠣᠮᠣᠨ ᠳᠤ ᠦᠵᠡᠭᠳᠡᠵᠦ᠂ 3 ᠲᠡᠭᠦᠨ ᠳᠦ ᠠᠢᠯᠠᠳᠤᠨ᠄ 《ᠮᠢᠨᠦ ᠡᠮᠦᠨ᠎ᠡ ᠡᠷᠭᠦᠭᠰᠡᠨ ᠴᠢᠨᠦ ᠳᠠᠭᠠᠳᠬᠠᠯ ᠪᠣᠯᠣᠨ ᠭᠤᠶᠤᠯᠲᠠ ᠶᠢ ᠪᠢ ᠰᠣᠨᠣᠰᠣᠯ᠎ᠠ᠃ ᠴᠢᠨᠦ ᠪᠠᠢᠭᠤᠯᠤᠭᠰᠠᠨ ᠡᠨᠡ ᠥᠷᠭᠥᠭᠡ ᠶᠢ ᠪᠢ ᠠᠷᠢᠭᠤᠰᠬᠠᠨ ᠲᠤᠰᠠᠭᠠᠷᠯᠠᠯ᠎ᠠ᠃ ᠮᠢᠨᠦ ᠮᠡᠯᠮᠡᠢ᠂ ᠮᠢᠨᠦ ᠵᠢᠷᠦᠬᠡ ᠡᠨᠡ ᠭᠠᠵᠠᠷ ᠲᠤ ᠪᠠᠢᠩ᠋ᠭᠤ ᠪᠠᠢᠬᠤ ᠪᠣᠯᠣᠨ᠎ᠠ᠃ 4 ᠬᠡᠷᠪᠡ ᠴᠢ ᠡᠴᠢᠭᠡ ᠳ᠋ᠠᠸᠢᠳ᠋ ᠰᠢᠭ᠋ ᠢᠶᠠᠨ ᠮᠢᠨᠦ ᠡᠮᠦᠨ᠎ᠡ ᠥ ᠦᠭᠡᠢ ᠰᠢᠳᠤᠷᠭᠤ ᠰᠡᠳᠬᠢᠯ ᠢᠶᠠᠷ ᠠᠯᠬᠤᠵᠤ᠂ ᠴᠢᠮ᠎ᠠ ᠳᠤ ᠲᠤᠰᠢᠶᠠᠭᠰᠠᠨ ᠪᠦᠬᠦᠨ ᠢ ᠮᠢᠨᠢ ᠪᠡᠶᠡᠯᠡᠭᠦᠯᠦᠨ ᠬᠠᠤᠯᠢ ᠵᠢᠭᠠᠪᠤᠷᠢ ᠨᠤᠭᠤᠳ ᠢ ᠮᠢᠨᠢ ᠰᠠᠬᠢᠪᠠᠯ᠂ 5 ᠪᠢ ᠴᠢᠨᠦ ᠡᠴᠢᠭᠡ ᠳ᠋ᠠᠸᠢᠳ᠋ ᠲᠤ 〈ᠢᠰᠷᠧᠯ ᠤᠨ ᠰᠡᠨᠲᠢ ᠳᠤ ᠵᠠᠯᠠᠷᠠᠬᠤ ᠬᠥᠮᠦᠨ ᠴᠢᠮ᠎ᠠ ᠠᠴᠠ ᠬᠣᠢᠰᠢ ᠲᠠᠰᠤᠷᠠᠬᠤ ᠦᠭᠡᠢ〉 ᠭᠡᠵᠦ ᠠᠮᠠᠯᠠᠭᠰᠠᠨ ᠶᠣᠰᠣᠭᠠᠷ ᠢᠶᠠᠨ ᠢᠰᠷᠧᠯ ᠤᠨ ᠳᠡᠭᠡᠷᠡᠬᠢ ᠬᠠᠭᠠᠨ ᠰᠢᠷᠡᠭᠡ ᠶᠢ ᠴᠢᠨᠢ ᠮᠥᠩᠬᠡᠳᠡ ᠪᠠᠲᠤᠵᠢᠭᠤᠯᠤᠨ᠎ᠠ᠃

6 ᠬᠠᠷᠢᠨ ᠴᠢ ᠪᠤᠶᠤ ᠴᠢᠨᠦ ᠬᠥᠪᠡᠭᠦᠳ ᠨᠠᠮᠠᠶᠢ ᠳᠠᠭᠠᠬᠤ ᠠᠴᠠ ᠦᠨᠡᠬᠡᠷ ᠡᠷᠭᠢᠵᠦ᠂ ᠴᠢᠨᠦ ᠡᠮᠦᠨ᠎ᠡ ᠲᠠᠯᠪᠢᠭᠰᠠᠨ ᠮᠢᠨᠦ ᠲᠣᠭᠲᠠᠭᠠᠯ᠂ ᠵᠢᠭᠠᠪᠤᠷᠢ ᠨᠤᠭᠤᠳ ᠢ ᠰᠠᠬᠢᠯ ᠦᠭᠡᠢ ᠶᠠᠪᠤᠵᠤ ᠥᠭᠡᠷ᠎ᠡ ᠪᠤᠷᠬᠠᠳ ᠲᠤ ᠮᠥᠷᠭᠥᠪᠡᠯ᠂ 7 ᠪᠢ ᠥᠭᠭᠥᠭᠰᠡᠨ ᠭᠠᠵᠠᠷ ᠠᠴᠠ ᠪᠠᠨ ᠢᠰᠷᠧᠯ ᠢ ᠲᠠᠰᠤᠯᠬᠤ ᠪᠥᠭᠡᠳ ᠥᠪᠡᠷ ᠦᠨ ᠢᠶᠠᠨ ᠨᠡᠷ᠎ᠡ ᠶᠢᠨ ᠲᠥᠯᠥᠭᠡ ᠠᠷᠢᠭᠤᠰᠬᠠᠨ ᠲᠤᠰᠠᠭᠠᠷᠯᠠᠭᠰᠠᠨ ᠥᠷᠭᠥᠭᠡ ᠶᠢ ᠡᠮᠦᠨ᠎ᠡ ᠡᠴᠡ ᠪᠡᠨ ᠵᠠᠢᠯᠠᠭᠤᠯᠤᠨ᠂ ᠢᠰᠷᠧᠯ ᠨᠢ ᠬᠠᠮᠤᠭ ᠦᠨᠳᠦᠰᠦᠲᠡᠨ ᠦ ᠳᠤᠮᠳᠠ ᠶᠣᠭᠲᠠ ᠵᠦᠢᠷᠯᠡᠯ᠂ ᠠᠮᠠᠨ ᠤ ᠵᠤᠭ᠎ᠠ ᠪᠣᠯᠣᠨ᠎ᠠ᠃ 8 ᠡᠨᠡ ᠥᠷᠭᠥᠭᠡ ᠴᠤ ᠨᠤᠷᠠᠩ᠋ᠬᠠᠢ ᠣᠪᠣᠭ᠎ᠠ ᠪᠣᠯᠬᠤ ᠤᠴᠢᠷ ᠠᠴᠠ ᠬᠠᠵᠠᠭᠤ ᠪᠠᠷ ᠨᠢ ᠥᠩᠭᠡᠷᠡᠬᠦ ᠬᠥᠮᠦᠨ ᠪᠣᠯᠭᠠᠨ ᠭᠠᠢᠬᠠᠨ ᠲᠠᠪᠠᠯᠠᠵᠤ᠄ 〈ᠶᠣᠬᠣᠸᠠ ᠶᠠᠭᠤᠨ ᠤ ᠤᠴᠢᠷ ᠠᠴᠠ ᠡᠨᠡ ᠨᠤᠲᠤᠭ᠂ ᠡᠨᠡ ᠥᠷᠭᠥᠭᠡᠨ ᠳᠦ ᠡᠢᠨ ᠬᠦ ᠦᠢᠯᠡᠳᠦᠭᠰᠡᠨ ᠪᠣᠯ ᠳᠠ︖〉 ᠭᠡᠵᠦ ᠬᠡᠯᠡᠬᠦ ᠳᠦ᠂ 9 ᠬᠥᠮᠦᠰ ᠬᠠᠷᠢᠭᠤᠯᠤᠨ᠄ 〈ᠡᠴᠢᠭᠡ ᠡᠪᠦᠭᠡᠳ ᠢ ᠨᠢ ᠶᠧᠵᠢᠫᠲ ᠡᠴᠡ ᠠᠪᠴᠢᠷᠠᠭᠰᠠᠨ ᠶᠣᠬᠣᠸᠠ ᠪᠤᠷᠬᠠᠨ ᠢᠶᠠᠨ ᠣᠷᠬᠢᠵᠤ ᠥᠭᠡᠷ᠎ᠡ ᠪᠤᠷᠬᠠᠳ ᠠᠴᠠ ᠵᠢᠭᠤᠷᠠᠨ᠂ ᠲᠡᠳᠡᠨ ᠳᠦ ᠮᠥᠷᠭᠥᠵᠦ ᠦᠢᠯᠡᠴᠢᠯᠡᠭᠰᠡᠨ ᠦ ᠤᠴᠢᠷ ᠶᠤᠮ᠃ ᠡᠢᠮᠦ ᠡᠴᠡ ᠶᠣᠬᠣᠸᠠ ᠡᠨᠡ ᠪᠦᠬᠦ ᠭᠠᠢ ᠵᠣᠪᠠᠯᠠᠩ ᠢ ᠲᠡᠳᠡᠨ ᠳᠡᠭᠡᠷ᠎ᠡ ᠪᠠᠭᠤᠯᠭᠠᠭᠰᠠᠨ ᠶᠤᠮ〉 ᠭᠡᠬᠦ ᠪᠣᠯᠣᠨ᠎ᠠ》 ᠭᠡᠯ᠎ᠡ᠃
 ᠰᠣᠯᠣᠮᠣᠨ ᠤ ᠪᠤᠰᠤᠳ ᠠᠵᠢᠯ ᠤᠳ

10 ᠰᠣᠯᠣᠮᠣᠨ ᠬᠣᠶᠠᠷ ᠪᠠᠷᠢᠯᠭ᠎ᠠ᠂ ᠲᠤᠬᠠᠢᠯᠠᠪᠠᠯ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠢ ᠬᠣᠷᠢᠨ ᠵᠢᠯ ᠤᠨ ᠬᠤᠭᠤᠴᠠᠭᠠᠨ ᠳᠤ ᠪᠠᠷᠢᠵᠤ ᠳᠠᠭᠤᠰᠬᠠᠭᠠᠳ 11 ᠭᠠᠯᠢᠯᠠᠶ᠎ᠠ ᠨᠤᠲᠤᠭ ᠤᠨ ᠬᠣᠷᠢᠨ ᠲᠣᠰᠬᠣᠨ ᠢ ᠾᠢᠷᠠᠮ ᠳᠤ ᠥᠭᠪᠡ᠃ ᠤᠤᠯ ᠨᠢ ᠲᠢᠷ ᠤᠨ ᠬᠠᠭᠠᠨ ᠾᠢᠷᠠᠮ ᠰᠣᠯᠣᠮᠣᠨ ᠳᠤ ᠬᠦᠰᠡᠭᠰᠡᠨ ᠶᠣᠰᠣᠭᠠᠷ ᠨᠢ ᠬᠤᠱᠢ ᠮᠣᠳᠣ᠂ ᠨᠠᠷᠠᠰᠤᠨ ᠮᠣᠳᠣ ᠪᠣᠯᠣᠨ ᠠᠯᠲᠠ ᠵᠡᠷᠭᠡ ᠶᠢ ᠥᠭᠭᠥᠭᠰᠡᠨ ᠶᠤᠮ᠃ 12 ᠾᠢᠷᠠᠮ ᠲᠢᠷ ᠡᠴᠡ ᠢᠷᠡᠭᠡᠳ ᠰᠣᠯᠣᠮᠣᠨ ᠤ ᠥᠭᠭᠥᠭᠰᠡᠨ ᠲᠣᠰᠬᠣᠨ ᠨᠤᠭᠤᠳ ᠢ ᠦᠵᠡᠭᠰᠡᠨ ᠪᠠ ᠲᠡᠳᠡᠭᠡᠷ ᠨᠢ ᠲᠡᠭᠦᠨ ᠦ ᠨᠢᠳᠦᠨ ᠳᠦ ᠲᠠᠭᠠᠯᠠᠭᠳᠠᠭᠰᠠᠨ ᠦᠭᠡᠢ᠃ 13 ᠲᠡᠷᠡ᠄ 《ᠮᠢᠨᠦ ᠳᠡᠭᠦᠦ᠂ ᠴᠢᠨᠦ ᠨᠠᠳᠠ ᠳᠤ ᠥᠭᠭᠥᠭᠰᠡᠨ ᠡᠨᠡ ᠲᠣᠰᠬᠣᠨ ᠨᠤᠭᠤᠳ ᠡᠢᠮᠦ ᠯᠠ ᠤᠤ ᠳᠠ︖》 ᠭᠡᠳ ᠺᠠᠪᠦ᠋ᠯ 12  ᠤᠨ ᠨᠤᠲᠤᠭ ᠭᠡᠵᠦ ᠨᠡᠷᠡᠯᠡᠭᠰᠡᠨ ᠨᠢ ᠥᠨᠥ ᠬᠦᠷᠲᠡᠯ᠎ᠡ ᠪᠤᠢ᠃ 14 ᠤᠤᠯ ᠨᠢ ᠾᠢᠷᠠᠮ ᠰᠣᠯᠣᠮᠣᠨ ᠬᠠᠭᠠᠨ ᠳᠤ ᠵᠠᠭᠤ ᠬᠣᠷᠢᠨ ᠲᠠᠯᠠᠨᠲ 13 ᠠᠯᠲᠠ ᠢᠯᠡᠭᠡᠭᠰᠡᠨ ᠪᠠᠢᠵᠠᠢ᠃

15 ᠰᠣᠯᠣᠮᠣᠨ ᠬᠠᠭᠠᠨ ᠤ ᠠᠯᠪᠠᠳᠠᠯᠭ᠎ᠠ ᠶᠢᠨ ᠠᠵᠢᠯ ᠳᠤ ᠬᠥᠮᠦᠰ ᠢ ᠳᠠᠢᠴᠢᠯᠠᠭᠰᠠᠨ ᠤ ᠤᠴᠢᠷ ᠨᠢ ᠡᠨᠡ᠄ ᠲᠡᠷᠡ ᠶᠣᠬᠣᠸᠠ ᠶᠢᠨ ᠥᠷᠭᠥᠭᠡ᠂ ᠥᠪᠡᠷ ᠦᠨ ᠢᠶᠠᠨ ᠣᠷᠳᠣᠨ ᠠᠴᠠ ᠭᠠᠳᠠᠨ᠎ᠠ᠂ ᠮᠢᠯᠣ᠋᠂ ᠶᠧᠷᠦ᠋ᠰᠠᠯᠧᠮ ᠤᠨ ᠬᠡᠷᠡᠮ᠂ ᠬᠠᠽᠣᠷ᠂ ᠮᠧᠭᠢᠳᠣ᠋᠂ ᠭᠧᠽᠧᠷ ᠵᠡᠷᠭᠡ ᠶᠢ ᠪᠠᠢᠭᠤᠯᠬᠤ ᠭᠡᠵᠡᠢ᠃ 16 ᠤᠤᠯ ᠨᠢ ᠶᠧᠵᠢᠫᠲ ᠤᠨ ᠬᠠᠭᠠᠨ ᠹᠠᠷᠠᠣ᠋ ᠭᠧᠽᠧᠷ ᠢ ᠳᠣᠪᠲᠣᠯᠵᠤ ᠡᠵᠡᠯᠡᠭᠡᠳ ᠭᠠᠯᠳᠠᠨ ᠰᠢᠲᠠᠭᠠᠵᠤ᠂ ᠲᠡᠨᠳᠡ ᠰᠠᠭᠤᠵᠤ ᠪᠠᠢᠭᠰᠠᠨ ᠺᠠᠨᠠᠨᠴᠤᠳ ᠢ ᠰᠥᠨᠥᠭᠡᠨ᠂ ᠲᠡᠷᠡ ᠬᠣᠲᠠ ᠶᠢ ᠰᠣᠯᠣᠮᠣᠨ ᠤ ᠡᠬᠡᠨᠡᠷ ᠪᠣᠯᠣᠭᠰᠠᠨ ᠥᠬᠢᠨ ᠳᠡᠭᠡᠨ ᠬᠤᠷᠢᠮ ᠤᠨ ᠢᠨᠵᠢ ᠪᠣᠯᠭᠠᠨ ᠥᠭᠭᠥᠭᠰᠡᠨ ᠠᠵᠢ᠃ 17 ᠡᠢᠮᠦ ᠡᠴᠡ ᠰᠣᠯᠣᠮᠣᠨ ᠭᠧᠽᠧᠷ ᠢ ᠰᠡᠷᠭᠦᠭᠡᠵᠦ ᠳᠣᠣᠷᠠᠳᠤ ᠪᠧᠲ ᠾᠣᠷᠣᠨ᠂ 18 ᠪᠠᠯᠠᠲ ᠪᠣᠯᠣᠨ ᠶᠦᠳᠠ ᠨᠤᠲᠤᠭ ᠤᠨ ᠴᠥᠯ ᠳᠠᠬᠢ ᠲᠠᠮᠠᠷ᠂ 19 ᠮᠥᠨ ᠥᠪᠡᠷ ᠦᠨ ᠢᠶᠠᠨ ᠰᠠᠩ ᠬᠥᠮᠥᠷᠭᠡ ᠶᠢᠨ ᠬᠣᠲᠠᠳ᠂ ᠲᠡᠷᠭᠡ ᠪᠠ ᠮᠣᠷᠢᠲᠤ ᠴᠡᠷᠢᠭ ᠤᠨ ᠬᠣᠲᠠᠳ ᠢ ᠪᠣᠰᠬᠠᠪᠠ᠃ ᠡᠢᠨ ᠬᠦ ᠰᠣᠯᠣᠮᠣᠨ ᠶᠧᠷᠦ᠋ᠰᠠᠯᠧᠮ᠂ ᠯᠧᠪᠠᠨᠣᠨ᠂ ᠪᠦᠬᠦ ᠬᠠᠷᠢᠶ᠎ᠠ ᠨᠤᠲᠤᠭ ᠲᠠᠭᠠᠨ ᠪᠠᠢᠭᠤᠯᠤᠶ᠎ᠠ ᠭᠡᠰᠡᠨ ᠪᠦᠬᠦᠨ ᠢᠶᠡᠨ ᠪᠠᠢᠭᠤᠯᠤᠭᠰᠠᠨ ᠪᠠᠢᠨ᠎ᠠ᠃ 20 ᠢᠰᠷᠧᠯ ᠪᠤᠰᠤ ᠦᠨᠳᠦᠰᠦᠲᠡᠨ ᠨᠦᠭᠦᠳ᠂ ᠲᠤᠬᠠᠢᠯᠠᠪᠠᠯ ᠠᠮᠣᠷᠢᠴᠤᠳ᠂ ᠾᠢᠲ᠋ᠴᠦᠳ᠂ ᠫᠧᠷᠢᠽᠴᠦᠳ᠂ ᠾᠢᠸᠢᠴᠦᠳ᠂ ᠶᠧᠪᠦ᠋ᠰᠴᠦᠳ ᠡᠴᠡ ᠦᠯᠡᠳᠡᠭᠰᠡᠳ ᠪᠦᠭᠦᠳᠡ᠂ 21 ᠲᠡᠳᠡᠨ ᠡᠴᠡ ᠬᠣᠢᠰᠢ ᠲᠡᠷᠡ ᠭᠠᠵᠠᠷ ᠲᠤ ᠦᠯᠡᠳᠡᠭᠰᠡᠨ ᠲᠡᠳᠡᠨ ᠦ ᠦᠷ᠎ᠡ ᠤᠳᠤᠮ᠂ ᠲᠤᠬᠠᠢᠯᠠᠪᠠᠯ ᠢᠰᠷᠧᠯᠴᠦᠳ ᠦᠨ ᠪᠦᠷᠢᠮᠦᠰᠦᠨ ᠤᠰᠠᠳᠬᠠᠵᠤ ᠴᠢᠳᠠᠯ ᠦᠭᠡᠢ ᠦᠯᠡᠳᠡᠭᠡᠭᠰᠡᠨ ᠬᠥᠮᠦᠰ ᠡᠴᠡ ᠯᠠ ᠰᠣᠯᠣᠮᠣᠨ ᠠᠯᠪᠠᠳᠠᠯᠭ᠎ᠠ ᠶᠢᠨ ᠠᠵᠢᠯᠴᠢᠳ ᠢ ᠲᠠᠲᠠᠭᠰᠠᠨ ᠢᠶᠠᠷ ᠲᠡᠳᠡ ᠥᠨᠥ ᠬᠦᠷᠲᠡᠯ᠎ᠡ ᠪᠠᠢᠭᠰᠠᠭᠠᠷ᠃ 22 ᠭᠡᠪᠡᠴᠦ ᠰᠣᠯᠣᠮᠣᠨ ᠢᠰᠷᠧᠯᠴᠦᠳ ᠡᠴᠡ ᠬᠡᠨ ᠢ ᠴᠤ ᠪᠣᠭᠣᠯᠴᠢᠯᠠᠭᠰᠠᠨ ᠦᠭᠡᠢ᠃ ᠢᠰᠷᠧᠯᠴᠦᠳ ᠨᠢ ᠪᠠᠢᠯᠳᠤᠭᠴᠢ᠂ ᠲᠦᠰᠢᠮᠡᠯ᠂ ᠳᠠᠭᠠᠭᠠᠮᠠᠯ᠂ ᠳᠠᠷᠤᠭ᠎ᠠ᠂ ᠪᠠᠢᠯᠳᠤᠭᠠᠨ ᠤ ᠲᠡᠷᠭᠡ ᠮᠣᠷᠢᠳ ᠢ ᠬᠠᠷᠢᠭᠤᠴᠠᠭᠴᠢ ᠪᠣᠯᠳᠠᠭ ᠪᠥᠭᠡᠳ 23 ᠰᠣᠯᠣᠮᠣᠨ ᠤ ᠠᠵᠢᠯ ᠢ ᠬᠠᠷᠢᠭᠤᠴᠠᠭᠰᠠᠨ ᠳᠠᠷᠤᠭ᠎ᠠ ᠨᠠᠷ᠂ ᠠᠵᠢᠯ ᠬᠢᠳᠡᠭ ᠠᠷᠠᠳ ᠣᠯᠠᠨ ᠢ ᠬᠢᠨᠠᠭᠴᠢᠳ ᠨᠢ ᠲᠠᠪᠤᠨ ᠵᠠᠭᠤ ᠲᠠᠪᠢᠨ ᠬᠥᠮᠦᠨ ᠪᠠᠢᠪᠠ᠃

24 ᠹᠠᠷᠠᠣ᠋ ᠶᠢᠨ ᠥᠬᠢᠨ ᠳ᠋ᠠᠸᠢᠳ᠋ ᠤᠨ ᠬᠣᠲᠠ ᠠᠴᠠ ᠭᠠᠷᠴᠤ ᠰᠣᠯᠣᠮᠣᠨ ᠤ ᠪᠠᠷᠢᠵᠤ ᠥᠭᠭᠥᠭᠰᠡᠨ ᠣᠷᠳᠣᠨ ᠳᠠᠭᠠᠨ ᠨᠡᠭᠦᠵᠦ ᠢᠷᠡᠭᠰᠡᠨ ᠦ ᠳᠠᠷᠠᠭ᠎ᠠ᠂ ᠰᠣᠯᠣᠮᠣᠨ ᠮᠢᠯᠣ᠋ ᠶᠢ ᠪᠠᠷᠢᠵᠠᠢ᠃

25 ᠰᠣᠯᠣᠮᠣᠨ ᠶᠣᠬᠣᠸᠠ ᠳᠤ ᠵᠣᠷᠢᠭᠤᠯᠵᠤ ᠪᠣᠰᠬᠠᠭᠰᠠᠨ ᠲᠠᠬᠢᠯ ᠤᠨ ᠰᠢᠷᠡᠭᠡᠨ ᠳᠡᠭᠡᠷ᠎ᠡ ᠵᠢᠯ ᠳᠤ ᠭᠤᠷᠪᠠ ᠤᠳᠠᠭ᠎ᠠ ᠰᠢᠲᠠᠭᠠᠯᠭᠠᠲᠤ ᠲᠠᠬᠢᠯ᠂ ᠡᠪ ᠦᠨ ᠲᠠᠬᠢᠯ ᠡᠷᠭᠦᠵᠦ᠂ ᠪᠠᠰᠠ ᠶᠣᠬᠣᠸᠠ ᠶᠢᠨ ᠡᠮᠦᠨ᠎ᠡ ᠤᠲᠤᠯᠭ᠎ᠠ ᠤᠭᠤᠭᠢᠭᠤᠯᠳᠠᠭ ᠪᠠᠢᠯ᠎ᠠ᠃ ᠢᠩᠭᠢᠭᠡᠳ ᠲᠡᠷᠡ ᠪᠡᠷ ᠥᠷᠭᠥᠭᠡ ᠶᠢ ᠪᠠᠢᠭᠤᠯᠵᠤ ᠳᠠᠭᠤᠰᠬᠠᠭᠰᠠᠨ ᠪᠠᠢᠨ᠎ᠠ᠃

26 ᠰᠣᠯᠣᠮᠣᠨ ᠬᠠᠭᠠᠨ ᠪᠠᠰᠠ ᠡᠳᠣᠮ ᠨᠤᠲᠤᠭ ᠲᠤ᠂ ᠤᠯᠠᠭᠠᠨ ᠲᠠᠩᠭᠢᠰ ᠤᠨ ᠬᠥᠪᠡᠭᠡᠨ ᠳᠠᠬᠢ ᠡᠯᠠᠲ ᠤᠨ ᠣᠢᠷᠠᠯᠴᠠᠭ᠎ᠠ ᠪᠠᠢᠳᠠᠭ ᠡᠽᠢᠶᠣᠨ ᠭᠧᠪᠧᠷ ᠲᠤ ᠬᠥᠯᠭᠡ ᠣᠩ᠋ᠭᠣᠴᠠ ᠨᠤᠭᠤᠳ ᠬᠢᠵᠡᠢ᠃ 27 ᠾᠢᠷᠠᠮ ᠬᠠᠷᠢᠶ᠎ᠠ ᠬᠥᠮᠦᠰ ᠦᠨ ᠢᠶᠠᠨ ᠳᠤᠮᠳᠠ ᠠᠴᠠ ᠲᠤᠷᠰᠢᠯᠭ᠎ᠠ ᠲᠠᠢ ᠳᠠᠯᠠᠢᠴᠢᠳ ᠢ ᠶᠠᠪᠤᠭᠤᠯᠵᠤ ᠰᠣᠯᠣᠮᠣᠨ ᠤ ᠬᠥᠮᠦᠰ ᠲᠦ ᠲᠤᠰᠠᠯᠠᠭᠤᠯᠪᠠ᠃ 28 ᠲᠡᠳᠡ ᠣᠹᠢᠷ ᠲᠤ ᠣᠴᠢᠭᠠᠳ ᠲᠡᠨᠳᠡ ᠡᠴᠡ ᠰᠣᠯᠣᠮᠣᠨ ᠬᠠᠭᠠᠨ ᠳᠤ ᠳᠥᠷᠪᠡᠨ ᠵᠠᠭᠤ ᠬᠣᠷᠢᠨ ᠲᠠᠯᠠᠨᠲ 14 ᠠᠯᠲᠠ ᠠᠪᠴᠢᠷᠠᠵᠤ ᠥᠭᠭᠥᠭᠰᠡᠨ ᠶᠤᠮ᠃