ᠬᠠᠭᠠᠳ ᠤᠨ ᠳᠡᠭᠡᠳᠦ ᠠᠷᠪᠠᠨ ᠨᠢᠭᠡ
ᠰᠣᠯᠣᠮᠣᠨ ᠶᠣᠬᠣᠸᠠ ᠠᠴᠠ ᠡᠷᠭᠢᠪᠡ
1 ᠰᠣᠯᠣᠮᠣᠨ ᠬᠠᠭᠠᠨ ᠹᠠᠷᠠᠣ᠋ ᠶᠢᠨ ᠥᠬᠢᠨ ᠡᠴᠡ ᠭᠠᠳᠠᠨ᠎ᠠ ᠮᠣᠶᠠᠪ᠂ ᠠᠮᠣᠨ᠂ ᠡᠳᠣᠮ᠂ ᠰᠢᠢᠳᠣᠨ᠂ ᠾᠢᠲ ᠵᠡᠷᠭᠡ ᠣᠯᠠᠨ ᠬᠠᠷᠢ ᠣᠷᠣᠨ ᠤ ᠡᠮᠡᠭᠲᠡᠢᠴᠦᠳ ᠢ ᠬᠠᠢᠷᠠᠯᠠᠳᠠᠭ ᠪᠠᠢᠯ᠎ᠠ᠃ 2 ᠡᠳᠡᠭᠡᠷ ᠦᠨᠳᠦᠰᠦᠲᠡᠨ ᠦ ᠲᠠᠯ᠎ᠠ ᠪᠠᠷ ᠶᠣᠬᠣᠸᠠ ᠢᠰᠷᠧᠯᠴᠦᠳ ᠲᠦ ᠠᠢᠯᠠᠳᠤᠨ᠄ 《ᠲᠠ ᠨᠠᠷ ᠲᠡᠳᠡᠨ ᠲᠡᠢ᠂ ᠲᠡᠳᠡ ᠴᠤ ᠲᠠ ᠨᠠᠷ ᠲᠠᠢ ᠤᠷᠤᠭᠯᠠᠵᠤ ᠪᠣᠯᠬᠤ ᠦᠭᠡᠢ᠃ ᠲᠡᠳᠡ ᠲᠠ ᠨᠠᠷ ᠤᠨ ᠰᠡᠳᠬᠢᠯ ᠢ ᠯᠠᠪᠲᠠᠢ ᠥᠪᠡᠷᠰᠡᠳ ᠦᠨ ᠢᠶᠠᠨ ᠪᠤᠷᠬᠠᠳ ᠤᠷᠤᠭᠤ ᠡᠷᠭᠢᠭᠦᠯᠬᠦ ᠪᠣᠯᠣᠨ᠎ᠠ》 ᠭᠡᠰᠡᠨ ᠪᠣᠯᠪᠠᠴᠤ ᠰᠣᠯᠣᠮᠣᠨ ᠲᠡᠳᠡᠨ ᠳᠦ ᠡᠭᠡᠯᠢᠰᠢᠨ ᠲᠡᠳᠡᠨ ᠢ ᠬᠠᠢᠷᠠᠯᠠᠵᠤ ᠪᠠᠢᠯ᠎ᠠ᠃ 3 ᠲᠡᠷᠡ ᠪᠡᠷ ᠳᠣᠯᠣᠭᠠᠨ ᠵᠠᠭᠤᠨ ᠰᠤᠷᠪᠤᠯᠵᠢᠲᠤ ᠭᠠᠷᠤᠯ ᠲᠠᠢ ᠡᠬᠡᠨᠡᠷ ᠲᠡᠢ᠂ ᠪᠠᠰᠠ ᠭᠤᠷᠪᠠᠨ ᠵᠠᠭᠤᠨ ᠲᠠᠲᠠᠪᠤᠷᠢ ᠡᠬᠡᠨᠡᠷ ᠲᠡᠢ ᠪᠠᠢᠭᠰᠠᠨ ᠪᠥᠭᠡᠳ ᠡᠳᠡᠭᠡᠷ ᠡᠬᠡᠨᠡᠷ ᠨᠢ ᠲᠡᠭᠦᠨ ᠦ ᠰᠡᠳᠬᠢᠯ ᠢ ᠡᠷᠭᠢᠭᠦᠯᠵᠡᠢ᠃ 4 ᠰᠣᠯᠣᠮᠣᠨ ᠡᠪᠦᠭᠡᠷᠡᠬᠦ ᠳᠦ᠂ ᠡᠬᠡᠨᠡᠷ ᠤᠳ ᠨᠢ ᠲᠡᠭᠦᠨ ᠦ ᠰᠡᠳᠬᠢᠯ ᠢ ᠥᠭᠡᠷ᠎ᠡ ᠪᠤᠷᠬᠠᠳ ᠤᠷᠤᠭᠤ ᠡᠷᠭᠢᠭᠦᠯᠦᠭᠰᠡᠨ ᠢᠶᠡᠷ ᠲᠡᠭᠦᠨ ᠦ ᠰᠡᠳᠬᠢᠯ ᠪᠤᠷᠬᠠᠨ ᠤ ᠡᠮᠦᠨ᠎ᠡ ᠦᠨᠡᠨᠴᠢ ᠪᠠᠢᠭᠰᠠᠨ ᠡᠴᠢᠭᠡ ᠳ᠋ᠠᠸᠢᠳ᠋ ᠤᠨ ᠢᠶᠠᠨ ᠰᠡᠳᠬᠢᠯ ᠲᠠᠢ ᠠᠳᠠᠯᠢ ᠪᠢᠰᠢ ᠪᠠᠢᠪᠠ᠃ 5 ᠰᠣᠯᠣᠮᠣᠨ ᠰᠢᠢᠳᠣᠨᠴᠤᠳ ᠤᠨ ᠥᠬᠢᠨ ᠲᠩᠷᠢ ᠠᠱᠲ᠋ᠣᠷᠧᠲ᠂ ᠮᠥᠨ ᠠᠮᠣᠨᠴᠤᠳ ᠤᠨ ᠵᠢᠭᠰᠢᠭᠦᠷᠢᠲᠦ ᠰᠢᠲᠦᠭᠡᠨ ᠮᠣᠯᠧᠺ ᠢ ᠳᠠᠭᠠᠭᠰᠠᠨ ᠢᠶᠠᠷ 6 ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠵᠦᠢᠯ ᠦᠢᠯᠡᠳᠴᠡᠢ᠃ ᠲᠡᠷᠡ ᠶᠣᠬᠣᠸᠠ ᠶᠢ ᠡᠴᠢᠭᠡ ᠳ᠋ᠠᠸᠢᠳ᠋ ᠤᠨ ᠢᠶᠠᠨ ᠭᠦᠢᠴᠡᠳ ᠳᠠᠭᠠᠭᠰᠠᠨ ᠰᠢᠭ᠋ ᠳᠠᠭᠠᠭᠰᠠᠨ ᠪᠢᠰᠢ᠃ 7 ᠲᠡᠷᠡ ᠦᠶ᠎ᠡ ᠳᠦ ᠰᠣᠯᠣᠮᠣᠨ ᠮᠣᠶᠠᠪ ᠤᠨ ᠵᠢᠭᠰᠢᠭᠦᠷᠢᠲᠦ ᠰᠢᠲᠦᠭᠡᠨ ᠺᠧᠮᠣᠰ ᠪᠣᠯᠣᠨ ᠠᠮᠣᠨᠴᠤᠳ ᠤᠨ ᠵᠢᠭᠰᠢᠭᠦᠷᠢᠲᠦ ᠰᠢᠲᠦᠭᠡᠨ ᠮᠣᠯᠧᠺ ᠲᠤ ᠵᠣᠷᠢᠭᠤᠯᠤᠨ ᠶᠧᠷᠦ᠋ᠰᠠᠯᠧᠮ ᠤᠨ ᠵᠡᠭᠦᠨ ᠵᠦᠭ ᠦᠨ ᠠᠭᠤᠯᠠᠨ ᠳᠡᠭᠡᠷ᠎ᠡ ᠮᠥᠷᠭᠥᠯ ᠦᠨ ᠮᠠᠨᠳᠠᠯ ᠪᠣᠰᠬᠠᠵᠤ᠂ 8 ᠮᠥᠨ ᠬᠠᠷᠢ ᠣᠷᠣᠨ ᠤ ᠡᠬᠡᠨᠡᠷ ᠪᠣᠯᠭᠠᠨ ᠤ ᠪᠠᠨ ᠲᠥᠯᠥᠭᠡ ᠲᠡᠢᠨ ᠬᠦ ᠦᠢᠯᠡᠳᠦᠭᠰᠡᠨ ᠳᠦ᠂ ᠲᠡᠳᠡ ᠨᠠᠷ ᠨᠢ ᠥᠪᠡᠷᠰᠡᠳ ᠦᠨ ᠢᠶᠠᠨ ᠪᠤᠷᠬᠠᠳ ᠲᠤ ᠤᠲᠤᠯᠭ᠎ᠠ ᠤᠭᠤᠭᠢᠭᠤᠯᠤᠨ ᠲᠠᠬᠢᠯ ᠡᠷᠭᠦᠵᠦ ᠪᠠᠢᠯ᠎ᠠ᠃
9 ᠰᠣᠯᠣᠮᠣᠨ ᠤ ᠰᠡᠳᠬᠢᠯ ᠢᠰᠷᠧᠯ ᠤᠨ ᠪᠤᠷᠬᠠᠨ ᠶᠣᠬᠣᠸᠠ ᠠᠴᠠ ᠰᠠᠯᠵᠤ ᠡᠷᠭᠢᠭᠰᠡᠨ ᠲᠤᠯᠠ ᠶᠣᠬᠣᠸᠠ ᠰᠣᠯᠣᠮᠣᠨ ᠳᠤ ᠬᠢᠯᠢᠩᠨᠡᠪᠡ᠃ ᠤᠤᠯ ᠨᠢ ᠶᠣᠬᠣᠸᠠ ᠲᠡᠭᠦᠨ ᠳᠦ ᠬᠣᠶᠠᠷ ᠴᠤ ᠤᠳᠠᠭ᠎ᠠ ᠦᠵᠡᠭᠳᠡᠨ᠂ 10 ᠥᠭᠡᠷ᠎ᠡ ᠪᠤᠷᠬᠠᠳ ᠢ ᠪᠦᠦ ᠳᠠᠭ᠎ᠠ ᠭᠡᠵᠦ ᠰᠠᠨᠠᠭᠤᠯᠤᠭᠰᠠᠨ ᠪᠣᠯᠪᠠᠴᠤ ᠰᠣᠯᠣᠮᠣᠨ ᠶᠣᠬᠣᠸᠠ ᠶᠢᠨ ᠲᠤᠰᠢᠶᠠᠯ ᠢ ᠳᠠᠭᠠᠭᠰᠠᠨ ᠦᠭᠡᠢ᠃ 11 ᠶᠣᠬᠣᠸᠠ ᠰᠣᠯᠣᠮᠣᠨ ᠳᠤ ᠠᠢᠯᠠᠳᠤᠨ᠄ 《ᠴᠢ ᠡᠢᠮᠦ ᠣᠪᠣᠷ ᠲᠠᠢ ᠪᠠᠢᠵᠤ᠂ ᠮᠢᠨᠦ ᠭᠡᠷ᠎ᠡ ᠶᠢ ᠴᠤ᠂ ᠮᠢᠨᠦ ᠴᠢᠮ᠎ᠠ ᠳᠤ ᠲᠤᠰᠢᠶᠠᠭᠰᠠᠨ ᠵᠢᠷᠤᠮ ᠢ ᠴᠤ ᠰᠠᠬᠢᠭ᠎ᠠ ᠦᠭᠡᠢ ᠤᠴᠢᠷ ᠠᠴᠠ ᠪᠢ ᠴᠢᠮ᠎ᠠ ᠠᠴᠠ ᠡᠨᠡ ᠬᠠᠭᠠᠨᠴᠢᠯᠠᠯ ᠢ ᠵᠠᠪᠠᠯ ᠲᠠᠰᠤᠳᠠᠨ ᠠᠪᠴᠤ᠂ ᠵᠠᠷᠤᠴᠠ ᠳᠤ ᠴᠢᠨᠢ ᠥᠭᠬᠦ ᠪᠣᠯᠣᠨ᠎ᠠ᠃ 12 ᠬᠠᠷᠢᠨ ᠴᠢᠨᠦ ᠡᠴᠢᠭᠡ ᠳ᠋ᠠᠸᠢᠳ᠋ ᠤᠨ ᠤᠴᠢᠷ ᠢᠶᠠᠷ ᠪᠢ ᠴᠢᠨᠦ ᠠᠮᠢᠳᠤ ᠪᠠᠢᠭ᠎ᠠ ᠡᠳᠦᠷ ᠤᠳ ᠲᠤ ᠲᠡᠢᠨ ᠬᠦ ᠦᠢᠯᠡᠳᠬᠦ ᠦᠭᠡᠢ᠂ ᠬᠠᠷᠢᠨ ᠡᠨᠡ ᠤᠯᠤᠰ ᠢ ᠴᠢᠨᠦ ᠬᠥᠪᠡᠭᠦᠨ ᠦ ᠭᠠᠷ ᠠᠴᠠ ᠲᠠᠰᠤᠳᠠᠨ ᠠᠪᠬᠤ ᠪᠣᠯᠣᠨ᠎ᠠ᠃ 13 ᠭᠡᠪᠡᠴᠦ ᠪᠢ ᠡᠨᠡ ᠬᠠᠭᠠᠨᠴᠢᠯᠠᠯ ᠢ ᠪᠦᠬᠦᠯᠢ ᠳᠦᠨᠢ ᠲᠠᠰᠤᠳᠠᠨ ᠠᠪᠬᠤ ᠪᠢᠰᠢ᠂ ᠬᠠᠷᠢᠨ ᠥᠪᠡᠷ ᠦᠨ ᠢᠶᠠᠨ ᠵᠠᠷᠤᠴᠠ ᠳ᠋ᠠᠸᠢᠳ᠋ ᠪᠣᠯᠣᠨ ᠥᠪᠡᠷ ᠦᠨ ᠢᠶᠠᠨ ᠰᠣᠩ᠋ᠭᠣᠭᠰᠠᠨ ᠶᠧᠷᠦ᠋ᠰᠠᠯᠧᠮ ᠤᠨ ᠲᠥᠯᠥᠭᠡ ᠨᠢᠭᠡ ᠣᠪᠣᠭ ᠢ ᠴᠢᠨᠦ ᠬᠥᠪᠡᠭᠦᠨ ᠳᠦ ᠦᠯᠡᠳᠡᠭᠡᠨ᠎ᠡ》 ᠭᠡᠯᠡ᠃
ᠰᠣᠯᠣᠮᠣᠨ ᠤ ᠳᠠᠢᠰᠤᠨ ᠨᠤᠭᠤᠳ
14 ᠶᠣᠬᠣᠸᠠ ᠡᠳᠣᠮ ᠬᠥᠮᠦᠨ ᠬᠠᠳᠠᠳ᠋ ᠢ ᠪᠣᠰᠬᠠᠵᠤ ᠰᠣᠯᠣᠮᠣᠨ ᠤ ᠥᠰᠲᠡᠨ ᠪᠣᠯᠭᠠᠭᠰᠠᠨ ᠪᠠᠢᠨ᠎ᠠ᠃ ᠲᠡᠷᠡ ᠡᠳᠣᠮ ᠬᠠᠭᠠᠨ ᠤ ᠦᠷ᠎ᠡ ᠤᠳᠤᠮ ᠪᠠᠢᠪᠠ᠃ 15 ᠤᠷᠢᠳᠤ ᠨᠢ ᠳ᠋ᠠᠸᠢᠳ᠋ ᠡᠳᠣᠮ ᠢ ᠡᠵᠡᠯᠡᠭᠰᠡᠨ ᠦ ᠳᠠᠷᠠᠭ᠎ᠠ᠂ ᠴᠡᠷᠢᠭ ᠤᠨ ᠵᠠᠩᠵᠤᠨ ᠶᠣᠶᠠᠪ ᠳᠠᠢᠨ ᠳᠤ ᠠᠮᠢ ᠡᠷᠡᠰᠳᠡᠭᠰᠡᠳ ᠢᠶᠡᠨ ᠣᠷᠣᠰᠢᠭᠤᠯᠬᠤ ᠪᠠᠷ ᠲᠡᠨᠳᠡ ᠣᠴᠢᠬᠤ ᠳᠠᠭᠠᠨ ᠡᠳᠣᠮ ᠤᠨ ᠪᠦᠬᠦ ᠡᠷᠡᠴᠦᠳ ᠢ ᠰᠥᠨᠥᠭᠡᠭᠰᠡᠨ ᠪᠠᠢᠵᠠᠢ᠃ 16 (ᠶᠣᠶᠠᠪ ᠪᠣᠯᠣᠨ ᠪᠦᠬᠦ ᠢᠰᠷᠧᠯ ᠲᠡᠨᠳᠡ ᠵᠢᠷᠭᠤᠭᠠᠨ ᠰᠠᠷ᠎ᠠ ᠪᠠᠢᠵᠤ᠂ ᠡᠳᠣᠮ ᠤᠨ ᠪᠦᠬᠦ ᠡᠷᠡᠴᠦᠳ ᠢ ᠤᠰᠠᠳᠬᠠᠪᠠ᠃) 17 ᠬᠠᠷᠢᠨ ᠬᠠᠳᠠᠳ᠋ ᠡᠴᠢᠭᠡ ᠳᠦᠨᠢ ᠵᠠᠷᠤᠴᠠᠯᠠᠭᠳᠠᠳᠠᠭ ᠪᠠᠢᠭᠰᠠᠨ ᠬᠡᠰᠡᠭ ᠡᠳᠣᠮᠴᠤᠳ ᠤᠨ ᠬᠠᠮᠲᠤ ᠶᠧᠵᠢᠫᠲ ᠤᠷᠤᠭᠤ ᠵᠢᠭᠤᠲᠠᠨ ᠭᠠᠷᠤᠭᠰᠠᠨ ᠪᠠᠢᠨ᠎ᠠ᠃ ᠲᠡᠷᠡ ᠦᠶ᠎ᠡ ᠳᠦ ᠬᠠᠳᠠᠳ᠋ ᠪᠠᠯᠴᠢᠷ ᠬᠥᠪᠡᠭᠦᠨ ᠪᠠᠢᠪᠠ᠃ 18 ᠲᠡᠳᠡ ᠮᠢᠳᠢᠶᠠᠨ ᠠᠴᠠ ᠬᠥᠳᠡᠯᠦᠨ ᠭᠠᠷᠴᠤ ᠫᠠᠷᠠᠨ ᠳᠤ ᠬᠦᠷᠦᠭᠡᠳ᠂ ᠲᠡᠨᠳᠡ ᠡᠴᠡ ᠬᠡᠳᠦᠨ ᠡᠷ᠎ᠡ ᠳᠠᠭᠠᠭᠤᠯᠤᠨ ᠶᠧᠵᠢᠫᠲ ᠲᠤ ᠣᠴᠢᠵᠤ᠂ ᠶᠧᠵᠢᠫᠲ ᠤᠨ ᠬᠠᠭᠠᠨ ᠹᠠᠷᠠᠣ᠋ ᠳᠤ ᠪᠠᠷᠠᠭᠠᠯᠬᠠᠭᠰᠠᠨ ᠳᠤ᠂ ᠹᠠᠷᠠᠣ᠋ ᠲᠡᠭᠦᠨ ᠳᠦ ᠭᠡᠷ ᠣᠷᠣᠨ ᠥᠭᠴᠦ᠂ ᠲᠡᠭᠦᠨ ᠢ ᠬᠣᠭᠣᠯᠠ ᠬᠦᠨᠡᠰᠦ ᠪᠡᠷ ᠬᠠᠩ᠋ᠭᠠᠭᠰᠠᠨ ᠢᠶᠠᠷ ᠦᠯᠦ ᠪᠠᠷᠠᠮ ᠭᠠᠵᠠᠷ ᠴᠤ ᠥᠭᠴᠡᠢ᠃ 19 ᠬᠠᠳᠠᠳ᠋ ᠹᠠᠷᠠᠣ᠋ ᠶᠢᠨ ᠲᠠᠭᠠᠯᠠᠯ ᠳᠤ ᠮᠠᠰᠢ ᠶᠡᠬᠡ ᠨᠡᠢᠴᠡᠭᠰᠡᠨ ᠢᠶᠡᠷ ᠹᠠᠷᠠᠣ᠋ ᠲᠡᠭᠦᠨ ᠳᠦ ᠡᠬᠡᠨᠡᠷ ᠲᠠᠫᠧᠨᠧᠰ ᠬᠠᠲᠤᠨ ᠤ ᠪᠠᠨ ᠥᠬᠢᠨ ᠳᠡᠭᠦᠦ ᠶᠢ ᠡᠬᠡᠨᠡᠷ ᠪᠣᠯᠭᠠᠨ ᠥᠭᠴᠡᠢ᠃ 20 ᠲᠠᠫᠧᠨᠧᠰ ᠤᠨ ᠥᠬᠢᠨ ᠳᠡᠭᠦᠦ ᠬᠦᠦ ᠭᠧᠨᠦ᠋ᠪᠠᠲ ᠢ ᠨᠢ ᠲᠥᠷᠥᠭᠦᠯᠦᠭᠰᠡᠨ ᠳᠦ᠂ ᠲᠠᠫᠧᠨᠧᠰ ᠲᠡᠭᠦᠨ ᠢ ᠹᠠᠷᠠᠣ᠋ ᠶᠢᠨ ᠣᠷᠳᠣᠨ ᠳᠤ ᠥᠰᠭᠡᠭᠰᠡᠨ ᠪᠠᠢᠵᠠᠢ᠃ ᠭᠧᠨᠦ᠋ᠪᠠᠲ ᠹᠠᠷᠠᠣ᠋ ᠶᠢᠨ ᠣᠷᠳᠣᠨ ᠳᠤ ᠹᠠᠷᠠᠣ᠋ ᠶᠢᠨ ᠬᠥᠪᠡᠭᠦᠳ ᠲᠡᠢ ᠬᠠᠮᠲᠤ ᠥᠰᠥᠯᠡ᠃ 21 ᠬᠠᠳᠠᠳ᠋ ᠶᠧᠵᠢᠫᠲ ᠲᠤ ᠪᠠᠢᠬᠤ ᠳᠠᠭᠠᠨ ᠳ᠋ᠠᠸᠢᠳ᠋ ᠤᠨ ᠡᠴᠢᠭᠡ ᠡᠪᠦᠭᠡᠳ ᠲᠡᠢ ᠪᠡᠨ ᠨᠣᠢᠷᠰᠣᠵᠤ᠂ ᠴᠡᠷᠢᠭ ᠤᠨ ᠵᠠᠩᠵᠤᠨ ᠶᠣᠶᠠᠪ ᠤᠨ ᠨᠠᠰᠤ ᠪᠠᠷᠠᠭᠰᠠᠨ ᠢ ᠰᠣᠨᠣᠰᠣᠭᠠᠳ ᠹᠠᠷᠠᠣ᠋ ᠡᠴᠡ᠄ 《ᠨᠠᠮᠠᠶᠢ ᠶᠠᠪᠤᠭᠤᠯᠤᠭᠠᠴᠢ᠂ ᠪᠢ ᠲᠥᠷᠥᠭᠰᠡᠨ ᠨᠤᠲᠤᠭ ᠤᠷᠤᠭᠤ ᠪᠠᠨ ᠶᠠᠪᠤᠶ᠎ᠠ》 ᠭᠡᠵᠦ ᠭᠤᠶᠤᠪᠠ᠃ 22 ᠹᠠᠷᠠᠣ᠋ ᠲᠡᠭᠦᠨ ᠳᠦ᠄ 《ᠨᠠᠳᠠ ᠲᠠᠢ ᠬᠠᠮᠲᠤ ᠪᠠᠢᠬᠤ ᠳᠤ ᠴᠢᠮ᠎ᠠ ᠳᠤ ᠶᠠᠭᠤ ᠳᠤᠲᠠᠭᠠᠳ ᠴᠢ ᠨᠤᠲᠤᠭ ᠤᠷᠤᠭᠤ ᠪᠠᠨ ᠪᠤᠴᠠᠬᠤ ᠭᠡᠬᠦ ᠨᠢ ᠪᠤᠢ︖》 ᠭᠡᠬᠦ ᠳᠦ᠂ ᠬᠠᠳᠠᠳ᠋᠄ 《ᠦᠭᠡᠢ᠂ ᠬᠠᠷᠢᠨ ᠲᠠ ᠨᠠᠮᠠᠶᠢ ᠵᠠᠪᠠᠯ ᠶᠠᠪᠤᠭᠤᠯᠤᠭᠠᠴᠢ》 ᠭᠡᠯᠡ᠃ 23 ᠪᠤᠷᠬᠠᠨ ᠪᠠᠰᠠ ᠡᠯᠢᠶᠠᠳᠠ ᠶᠢᠨ ᠬᠦᠦ ᠷᠧᠽᠣᠨ ᠢ ᠪᠣᠰᠬᠠᠵᠤ ᠰᠣᠯᠣᠮᠣᠨ ᠤ ᠥᠰᠲᠡᠨ ᠪᠣᠯᠭᠠᠭᠰᠠᠨ ᠪᠠᠢᠯ᠎ᠠ᠃ ᠤᠷᠢᠳᠤ ᠨᠢ ᠲᠡᠷᠡ ᠥᠪᠡᠷ ᠦᠨ ᠢᠶᠠᠨ ᠡᠵᠡᠨ ᠽᠣᠪᠠ ᠶᠢᠨ ᠬᠠᠭᠠᠨ ᠬᠠᠳᠠᠳᠧᠽᠧᠷ ᠡᠴᠡ ᠵᠢᠭᠤᠲᠠᠭᠰᠠᠨ ᠪᠠᠢᠪᠠ᠃ 24 ᠳ᠋ᠠᠸᠢᠳ᠋ ᠽᠣᠪᠠᠴᠤᠳ ᠢ ᠰᠥᠨᠥᠭᠡᠬᠦ ᠳᠦ᠂ ᠷᠧᠽᠣᠨ ᠬᠥᠮᠦᠰ ᠢ ᠴᠤᠭᠯᠠᠭᠤᠯᠵᠤ᠂ ᠲᠡᠷᠡ ᠪᠦᠯᠦᠭ ᠦᠨ ᠲᠣᠯᠣᠭᠠᠢᠯᠠᠭᠴᠢ ᠪᠣᠯᠪᠠ᠃ ᠲᠡᠳᠡ ᠳ᠋ᠠᠮᠠᠰᠺᠦ᠋ᠰ ᠲᠤ ᠣᠴᠢᠨ ᠰᠠᠭᠤᠷᠢᠰᠢᠵᠤ᠂ ᠲᠡᠭᠦᠨ ᠢ ᠬᠠᠭᠠᠨ ᠪᠣᠯᠭᠠᠵᠠᠢ᠃ 25 ᠷᠧᠽᠣᠨ ᠰᠣᠯᠣᠮᠣᠨ ᠤ ᠪᠦᠬᠦ ᠡᠳᠦᠷ ᠤᠳ ᠢᠶᠠᠷ ᠢᠰᠷᠧᠯ ᠢ ᠳᠠᠢᠰᠤᠩᠨᠠᠵᠤ᠂ ᠬᠠᠳᠠᠳ᠋ ᠲᠠᠢ ᠠᠳᠠᠯᠢ ᠬᠣᠬᠢᠷᠠᠯ ᠤᠴᠠᠷᠠᠭᠤᠯᠳᠠᠭ ᠪᠠᠢᠪᠠ᠃ ᠲᠡᠷᠡ ᠢᠰᠷᠧᠯ ᠳᠤ ᠥᠰᠢᠶᠡᠷᠭᠡᠭᠰᠡᠭᠡᠷ ᠠᠷᠠᠮ ᠢ ᠨᠣᠶᠠᠷᠬᠠᠵᠤ ᠪᠠᠢᠯ᠎ᠠ᠃
ᠶᠧᠷᠣᠪᠣᠶᠠᠮ ᠤᠷᠪᠠᠪᠠ
26 ᠰᠣᠯᠣᠮᠣᠨ ᠤ ᠲᠦᠰᠢᠮᠡᠯ ᠪᠠᠢᠭᠰᠠᠨ᠂ ᠨᠧᠪᠠᠲ ᠤᠨ ᠬᠦᠦ ᠶᠧᠷᠣᠪᠣᠶᠠᠮ ᠪᠠᠰᠠ ᠬᠠᠭᠠᠨ ᠤ ᠡᠰᠡᠷᠭᠦ ᠨᠢᠳᠤᠷᠭ᠎ᠠ ᠵᠠᠩᠭᠢᠳᠪᠠ᠃ ᠲᠡᠷᠡ ᠽᠧᠷᠧᠳᠠ ᠭᠠᠷᠤᠯ ᠲᠠᠢ ᠡᠹᠷᠠᠢᠮ ᠬᠥᠮᠦᠨ ᠪᠥᠭᠡᠳ ᠲᠡᠭᠦᠨ ᠦ ᠡᠵᠢ ᠪᠣᠯ ᠪᠡᠯᠪᠡᠰᠦᠨ ᠡᠮᠡᠭᠲᠡᠢ ᠽᠧᠷᠣᠶᠠ ᠪᠠᠢᠪᠠ᠃ 27 ᠲᠡᠷᠡ ᠬᠠᠭᠠᠨ ᠤ ᠡᠰᠡᠷᠭᠦ ᠨᠢᠳᠤᠷᠭ᠎ᠠ ᠵᠠᠩᠭᠢᠳᠤᠭᠰᠠᠨ ᠤ ᠤᠴᠢᠷ ᠨᠢ ᠡᠨᠡ ᠪᠠᠢᠵᠠᠢ᠄ ᠰᠣᠯᠣᠮᠣᠨ ᠮᠢᠯᠣ᠋ ᠶᠢ ᠪᠠᠷᠢᠵᠤ᠂ ᠡᠴᠢᠭᠡ ᠳ᠋ᠠᠸᠢᠳ᠋ ᠤᠨ ᠢᠶᠠᠨ ᠬᠣᠲᠠ ᠶᠢᠨ ᠬᠡᠷᠡᠮ ᠦᠨ ᠴᠥᠮᠥᠷᠡᠭᠰᠡᠨ ᠬᠡᠰᠡᠭ ᠢ ᠪᠢᠲᠡᠭᠦᠯᠡᠭᠦᠯᠵᠦ ᠪᠠᠢᠬᠤ ᠦᠶ᠎ᠡ ᠳᠦ᠂ 28 ᠶᠧᠷᠣᠪᠣᠶᠠᠮ ᠭᠡᠭᠴᠢ ᠡᠨᠡ ᠬᠥᠮᠦᠨ ᠶᠡᠬᠡ ᠴᠢᠳᠠᠪᠤᠷᠢ ᠲᠠᠢ ᠪᠠᠢᠬᠤ ᠪᠠᠨ ᠬᠠᠷᠠᠭᠤᠯᠵᠠᠢ᠃ ᠰᠣᠯᠣᠮᠣᠨ ᠡᠨᠡ ᠵᠠᠯᠠᠭᠤ ᠶᠢᠨ ᠠᠵᠢᠯᠯᠠᠵᠤ ᠪᠤᠢ ᠪᠠᠢᠳᠠᠯ ᠢ ᠬᠠᠷᠠᠭᠠᠳ ᠲᠡᠭᠦᠨ ᠢᠶᠡᠷ ᠶᠣᠰᠧᠹ ᠤᠨ ᠭᠡᠷ ᠦᠨ ᠬᠢᠨ ᠤ ᠪᠦᠬᠦ ᠠᠵᠢᠯᠴᠢᠳ ᠢ ᠬᠠᠷᠢᠭᠤᠴᠠᠭᠤᠯᠵᠠᠢ᠃ 29 ᠲᠡᠷᠡ ᠦᠶ᠎ᠡ ᠳᠦ ᠶᠧᠷᠣᠪᠣᠶᠠᠮ ᠶᠧᠷᠦ᠋ᠰᠠᠯᠧᠮ ᠡᠴᠡ ᠭᠠᠷᠴᠤ ᠶᠠᠪᠤᠬᠤ ᠳᠠᠭᠠᠨ ᠡᠰᠢ ᠦᠵᠡᠭᠦᠯᠦᠭᠴᠢ ᠱᠢᠯᠣ᠋ ᠬᠥᠮᠦᠨ ᠠᠾᠢᠶᠠ ᠲᠠᠢ ᠵᠠᠮ ᠳᠡᠭᠡᠷ᠎ᠡ ᠲᠠᠭᠠᠷᠠᠯᠳᠤᠪᠠ᠃ ᠠᠾᠢᠶᠠ ᠰᠢᠨ᠎ᠡ ᠳᠡᠪᠡᠯ ᠡᠮᠦᠰᠦᠭᠰᠡᠨ ᠪᠥᠭᠡᠳ ᠲᠡᠷᠡ ᠬᠣᠶᠠᠭᠤᠯᠠᠬᠠᠨ ᠢᠶᠠᠨ ᠬᠡᠭᠡᠷ᠎ᠡ ᠲᠠᠯ᠎ᠠ ᠳᠤ ᠪᠠᠢᠪᠠ᠃ 30 ᠠᠾᠢᠶᠠ ᠥᠪᠡᠷ ᠦᠨ ᠢᠶᠠᠨ ᠰᠢᠨ᠎ᠡ ᠳᠡᠪᠡᠯ ᠢᠶᠡᠨ ᠠᠷᠪᠠᠨ ᠬᠣᠶᠠᠷ ᠬᠡᠰᠡᠭ ᠪᠣᠯᠭᠠᠨ ᠤᠷᠠᠵᠤ᠂ 31 ᠶᠧᠷᠣᠪᠣᠶᠠᠮ ᠳᠤ᠄ 《ᠠᠷᠪᠠᠨ ᠬᠡᠰᠡᠭ ᠢ ᠨᠢ ᠴᠢ ᠠᠪ᠃ ᠤᠴᠢᠷ ᠨᠢ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠰᠣᠯᠣᠮᠣᠨ ᠤ ᠭᠠᠷ ᠠᠴᠠ ᠬᠠᠭᠠᠨᠴᠢᠯᠠᠯ ᠢ ᠨᠢ ᠲᠠᠰᠤᠳᠠᠨ ᠠᠪᠴᠤ᠂ ᠠᠷᠪᠠᠨ ᠣᠪᠣᠭ ᠢ ᠨᠢ ᠴᠢᠮ᠎ᠠ ᠳᠤ ᠥᠭᠬᠦ ᠭᠡᠵᠦ ᠪᠠᠢᠨ᠎ᠠ︕ 32 ᠬᠠᠷᠢᠨ ᠪᠢ ᠨᠢᠭᠡ ᠯᠠ ᠣᠪᠣᠭ ᠢ ᠵᠠᠷᠤᠴᠠ ᠳ᠋ᠠᠸᠢᠳ᠋ ᠤᠨ ᠢᠶᠠᠨ ᠲᠥᠯᠥᠭᠡ᠂ ᠮᠥᠨ ᠢᠰᠷᠧᠯ ᠤᠨ ᠪᠦᠬᠦ ᠣᠪᠣᠭ ᠠᠴᠠ ᠰᠢᠯᠢᠵᠦ ᠠᠪᠤᠭᠰᠠᠨ ᠬᠣᠲᠠ ᠶᠧᠷᠦ᠋ᠰᠠᠯᠧᠮ ᠤᠨ ᠢᠶᠠᠨ ᠲᠥᠯᠥᠭᠡ ᠰᠣᠯᠣᠮᠣᠨ ᠳᠤ ᠦᠯᠡᠳᠡᠭᠡᠨ᠎ᠡ᠃ 33 ᠮᠢᠨᠦ ᠢᠩᠭᠢᠵᠦ ᠬᠢᠬᠦ ᠨᠢ ᠲᠡᠳᠡ ᠨᠠᠮᠠᠶᠢ ᠣᠷᠬᠢᠵᠤ᠂ ᠰᠢᠢᠳᠣᠨᠴᠤᠳ ᠤᠨ ᠥᠬᠢᠨ ᠲᠩᠷᠢ ᠠᠱᠲ᠋ᠣᠷᠧᠲ᠂ ᠮᠣᠶᠠᠪ ᠤᠨ ᠪᠤᠷᠬᠠᠨ ᠺᠧᠮᠣᠰ᠂ ᠠᠮᠣᠨᠴᠤᠳ ᠤᠨ ᠪᠤᠷᠬᠠᠨ ᠮᠣᠯᠧᠺ ᠲᠤ ᠪᠥᠬᠥᠢᠭᠰᠡᠨ ᠦ ᠤᠴᠢᠷ ᠢᠶᠠᠷ ᠶᠤᠮ᠃ ᠲᠡᠳᠡ ᠮᠢᠨᠦ ᠵᠠᠮ ᠢᠶᠠᠷ ᠶᠠᠪᠤᠭᠰᠠᠨ ᠦᠭᠡᠢ᠂ ᠮᠢᠨᠦ ᠮᠡᠯᠮᠡᠢ ᠶᠢᠨ ᠡᠮᠦᠨ᠎ᠡ ᠵᠥᠪ ᠢ ᠦᠢᠯᠡᠳᠦᠭᠰᠡᠨ ᠦᠭᠡᠢ᠂ ᠪᠠᠰᠠ ᠮᠢᠨᠦ ᠲᠣᠭᠲᠠᠭᠠᠯ ᠵᠢᠷᠤᠮ ᠢ ᠰᠠᠬᠢᠭᠰᠠᠨ ᠡᠴᠢᠭᠡ ᠳ᠋ᠠᠸᠢᠳ᠋ ᠰᠢᠭ᠋ ᠢᠶᠠᠨ ᠪᠠᠢᠭᠰᠠᠨ ᠦᠭᠡᠢ᠃ 34 ᠭᠡᠬᠦ ᠳᠡᠭᠡᠨ ᠰᠣᠯᠣᠮᠣᠨ ᠤ ᠥᠪᠡᠷ ᠦᠨ ᠬᠢᠨᠢ ᠭᠠᠷ ᠠᠴᠠ ᠪᠦᠬᠦ ᠬᠠᠭᠠᠨᠴᠢᠯᠠᠯ ᠢ ᠠᠪᠬᠤ ᠪᠢᠰᠢ᠃ ᠪᠢ ᠳ᠋ᠠᠸᠢᠳ᠋ ᠢ ᠰᠣᠩ᠋ᠭᠣᠵᠤ ᠠᠪᠤᠭᠰᠠᠨ ᠪᠥᠭᠡᠳ ᠲᠡᠷᠡ ᠮᠢᠨᠦ ᠲᠤᠰᠢᠶᠠᠯ ᠲᠣᠭᠲᠠᠭᠠᠯ ᠤᠳ ᠢ ᠰᠠᠬᠢᠭᠰᠠᠨ ᠤᠴᠢᠷ ᠠᠴᠠ ᠵᠠᠷᠤᠴᠠ ᠳ᠋ᠠᠸᠢᠳ᠋ ᠤᠨ ᠢᠶᠠᠨ ᠲᠥᠯᠥᠭᠡ ᠰᠣᠯᠣᠮᠣᠨ ᠤ ᠨᠠᠰᠤᠨ ᠲᠤᠷᠰᠢ ᠳᠠᠭᠠᠨ ᠵᠠᠬᠢᠷᠤᠭᠴᠢ ᠪᠠᠢᠬᠤ ᠶᠢ ᠨᠢ ᠵᠥᠪᠰᠢᠶᠡᠷᠡᠭᠰᠡᠨ ᠶᠤᠮ᠃ 35 ᠬᠠᠷᠢᠨ ᠪᠢ ᠬᠠᠭᠠᠨᠴᠢᠯᠠᠯ ᠢ ᠬᠦᠦ ᠶᠢᠨ ᠬᠢᠨᠢ ᠭᠠᠷ ᠠᠴᠠ ᠠᠪᠴᠤ᠂ ᠠᠷᠪᠠᠨ ᠣᠪᠣᠭ ᠢ ᠨᠢ ᠴᠢᠮ᠎ᠠ ᠳᠤ ᠥᠭᠴᠦ᠂ 36 ᠨᠢᠭᠡ ᠣᠪᠣᠭ ᠢ ᠨᠢ ᠲᠡᠭᠦᠨ ᠦ ᠬᠥᠪᠡᠭᠦᠨ ᠳᠦ ᠦᠯᠡᠳᠡᠭᠡᠨ᠎ᠡ᠃ ᠲᠡᠢᠨ ᠬᠦ ᠪᠢ ᠨᠡᠷ᠎ᠡ ᠪᠡᠨ ᠲᠠᠯᠪᠢᠬᠤ ᠪᠠᠷ ᠰᠣᠩ᠋ᠭᠣᠵᠤ ᠠᠪᠤᠭᠰᠠᠨ ᠶᠧᠷᠦ᠋ᠰᠠᠯᠧᠮ ᠳᠤ ᠵᠠᠷᠤᠴᠠ ᠳ᠋ᠠᠸᠢᠳ᠋ ᠤᠨ ᠢᠶᠠᠨ ᠳ᠋ᠧᠩ ᠢ ᠥᠪᠡᠷ ᠦᠨ ᠡᠮᠦᠨ᠎ᠡ ᠦᠷᠭᠦᠯᠵᠢ ᠠᠰᠠᠭᠠᠯᠲᠠᠲᠠᠢ ᠪᠠᠢᠯᠭᠠᠨ᠎ᠠ᠃ 37 ᠪᠢ ᠴᠢᠮᠠᠶᠢ ᠲᠣᠮᠢᠯᠠᠵᠤ᠂ ᠴᠢ ᠢᠰᠷᠧᠯ ᠤᠨ ᠳᠡᠭᠡᠷ᠎ᠡ ᠬᠠᠭᠠᠨ ᠪᠣᠯᠣᠭᠠᠳ ᠬᠦᠰᠡᠭᠰᠡᠨ ᠪᠦᠬᠦᠨ ᠢᠶᠡᠨ ᠵᠠᠬᠢᠷᠬᠤ ᠪᠣᠯᠣᠨ᠎ᠠ᠃ 38 ᠬᠡᠷᠪᠡ ᠴᠢ ᠮᠢᠨᠦ ᠵᠠᠷᠤᠴᠠ ᠳ᠋ᠠᠸᠢᠳ᠋ ᠰᠢᠭ᠋᠂ ᠮᠢᠨᠦ ᠴᠢᠮ᠎ᠠ ᠳᠤ ᠲᠤᠰᠢᠶᠠᠬᠤ ᠪᠦᠬᠦᠨ ᠢ ᠳᠠᠭᠠᠨ ᠮᠢᠨᠦ ᠵᠠᠮ ᠢᠶᠠᠷ ᠶᠠᠪᠤᠵᠤ᠂ ᠮᠢᠨᠦ ᠮᠡᠯᠮᠡᠢ ᠶᠢᠨ ᠡᠮᠦᠨ᠎ᠡ ᠵᠥᠪ ᠢ ᠦᠢᠯᠡᠳᠦᠨ ᠮᠢᠨᠦ ᠲᠤᠰᠢᠶᠠᠯ᠂ ᠵᠢᠭᠠᠪᠤᠷᠢ ᠨᠤᠭᠤᠳ ᠢ ᠰᠠᠬᠢᠪᠠᠯ ᠪᠢ ᠴᠢᠮ᠎ᠠ ᠲᠠᠢ ᠬᠠᠮᠲᠤ ᠪᠠᠢᠬᠤ ᠪᠣᠯᠣᠨ᠎ᠠ᠂ ᠮᠥᠨ ᠳ᠋ᠠᠸᠢᠳ᠋ ᠲᠤ ᠪᠠᠷᠢᠵᠤ ᠥᠭᠭᠥᠭᠰᠡᠨ ᠰᠢᠭ ᠪᠠᠲᠤ ᠭᠡᠷ ᠢ ᠴᠢᠮ᠎ᠠ ᠳᠤ ᠴᠤ ᠪᠠᠷᠢᠵᠤ ᠥᠭᠬᠦ ᠪᠥᠭᠡᠳ ᠢᠰᠷᠧᠯ ᠢ ᠴᠢᠮ᠎ᠠ ᠳᠤ ᠲᠤᠰᠢᠶᠠᠨ᠎ᠠ᠃ 39 ᠲᠡᠢᠨ ᠬᠦ ᠪᠢ ᠳ᠋ᠠᠸᠢᠳ᠋ ᠤᠨ ᠦᠷ᠎ᠡ ᠬᠡᠦᠬᠡᠳ ᠤᠳ ᠢ ᠲᠤᠢᠯᠳᠠᠭᠤᠯᠬᠤ ᠪᠣᠯᠪᠠᠴᠤ ᠦᠷᠭᠦᠯᠵᠢᠳᠡ ᠲᠡᠭᠡᠬᠦ ᠪᠢᠰᠢ〉》 ᠭᠡᠯᠡ᠃ 40 ᠰᠣᠯᠣᠮᠣᠨ ᠶᠧᠷᠣᠪᠣᠶᠠᠮ ᠢ ᠠᠯᠠᠬᠤ ᠭᠡᠵᠦ ᠡᠷᠢᠭᠰᠡᠨ ᠪᠣᠯᠪᠠᠴᠤ ᠶᠧᠷᠣᠪᠣᠶᠠᠮ ᠪᠣᠰᠴᠤ᠂ ᠶᠧᠵᠢᠫᠲ ᠤᠨ ᠬᠠᠭᠠᠨ ᠱᠢᠱᠠᠺ ᠤᠷᠤᠭᠤ ᠵᠢᠭᠤᠲᠠᠨ ᠣᠴᠢᠵᠤ᠂ ᠰᠣᠯᠣᠮᠣᠨ ᠢ ᠥᠭᠡᠳᠡ ᠪᠣᠯᠲᠠᠯ᠎ᠠ ᠲᠡᠨᠳᠡ ᠪᠠᠢᠪᠠ᠃
ᠰᠣᠯᠣᠮᠣᠨ ᠥᠭᠡᠳᠡ ᠪᠣᠯᠪᠠ
41 ᠰᠣᠯᠣᠮᠣᠨ ᠤ ᠪᠤᠰᠤᠳ ᠶᠠᠪᠤᠳᠠᠯ᠂ ᠬᠢᠭᠰᠡᠨ ᠪᠦᠬᠦ ᠠᠵᠢᠯ ᠬᠢᠭᠡᠳ ᠲᠡᠭᠦᠨ ᠦ ᠮᠡᠷᠭᠡᠨ ᠤᠬᠠᠭᠠᠨ ᠰᠣᠯᠣᠮᠣᠨ ᠤ ᠨᠠᠮᠲᠠᠷ ᠲᠤ ᠪᠢᠴᠢᠭᠳᠡᠭᠰᠡᠨ ᠪᠢᠰᠢ ᠤᠤ︖ 42 ᠰᠣᠯᠣᠮᠣᠨ ᠶᠧᠷᠦ᠋ᠰᠠᠯᠧᠮ ᠳᠤ ᠪᠦᠬᠦ ᠢᠰᠷᠧᠯ ᠢ ᠵᠠᠬᠢᠷᠤᠭᠰᠠᠨ ᠬᠤᠭᠤᠴᠠᠭ᠎ᠠ ᠨᠢ ᠳᠥᠴᠢᠨ ᠵᠢᠯ ᠪᠠᠢᠯ᠎ᠠ᠃ 43 ᠰᠣᠯᠣᠮᠣᠨ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠡᠴᠢᠭᠡ ᠳ᠋ᠠᠸᠢᠳ᠋ ᠤᠨ ᠢᠶᠠᠨ ᠬᠣᠲᠠ ᠳᠤ ᠣᠷᠣᠰᠢᠭᠤᠯᠤᠭᠳᠠᠵᠠᠢ᠃ ᠬᠦᠦ ᠷᠧᠬᠣᠪᠣᠶᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠣᠭᠰᠠᠨ ᠪᠠᠢᠨ᠎ᠠ᠃